ᠲᠡᠮᠡᠭᠡ ᠰᠤᠷᠭᠠᠬᠤ᠂ ᠲᠡᠮᠡᠭᠡ ᠤᠷᠤᠯᠳᠤᠬᠤ᠂ ᠲᠡᠮᠡᠭᠡ ᠤᠨᠤᠵᠤ ᠲᠡᠮᠡᠭᠡ ᠪᠠᠷ ᠠᠴᠢᠬᠤ ᠵᠡᠷᠭᠡ ᠨᠢ ᠪᠦᠷ ᠤᠯᠠᠨ ᠪᠠᠭᠠᠵᠢ ᠬᠡᠷᠡᠭᠰᠡᠨ᠎ᠡ᠃ ᠲᠡᠮᠡᠭᠡᠨ | ᠬᠡᠷᠡᠭᠰᠡᠯ ᠤᠳ ᠤᠨ ᠳᠤᠮᠳᠠ ᠬᠠᠮᠤᠭ ᠤᠨ ᠤᠯᠠᠨ ᠬᠡᠷᠡᠭᠯᠡᠳᠡᠭ ᠨᠢ ᠪᠤᠶᠢᠯᠠ ᠪᠠᠶᠢᠵᠤ᠂ ᠲᠠᠷᠠ ᠨᠢ ᠲᠡᠮᠡᠭᠡᠨ ᠤ ᠬᠠᠮᠠᠷ ᠢ ᠬᠠᠳᠬᠤᠵᠤ᠂ ᠨᠠᠰᠤᠨ ᠲᠤᠷᠰᠢᠲᠠ ᠨᠢ ᠬᠠᠮᠲᠤ | ᠪᠠᠶᠢᠳᠠᠭ᠃ ᠲᠡᠶᠢᠮᠦ ᠨᠢᠭᠡ ᠵᠢᠵᠢᠭᠬᠡᠨ ᠮᠣᠳᠣ ᠦᠵᠡᠬᠦ ᠳᠤ ᠶᠠᠯᠢᠮ ᠦᠭᠡᠢ ᠴᠤ ᠦᠨᠡᠨᠳᠡᠭᠡᠨ ᠵᠣᠬᠢᠶᠠᠬᠤ ᠳᠤ ᠮᠠᠰᠢ ᠲᠦᠪᠡᠭ ᠪᠤᠳᠤᠯᠢᠶᠠᠨᠲᠠᠢ᠃ ᠪᠤᠶᠢᠯᠠ ᠬᠢᠬᠦ | ᠮᠠᠲ᠋ᠧᠷᠢᠶᠠᠯ ᠰᠣᠩᠭᠤᠬᠤ ᠳᠠᠭᠠᠨ ᠤᠯᠠᠭᠠᠨ ᠤᠳᠠ᠂ ᠰᠢᠷ᠎ᠠ ᠬᠠᠶᠢᠯᠠᠰᠤ ᠭᠡᠬᠦ ᠮᠡᠲᠦ ᠶᠢᠨ ᠡᠮᠲᠦ ᠴᠢᠨᠠᠷᠲᠠᠢ ᠮᠣᠳᠣᠨ ᠮᠠᠲ᠋ᠧᠷᠢᠶᠠᠯ ᠢ ᠰᠣᠩᠭᠤᠵᠤ᠂ ᠲᠡᠮᠡᠭᠡᠨ ᠪ᠊ ᠬᠠᠮᠠᠷ | ᠦᠷᠪᠢᠰᠬᠦ ᠠᠴᠠ ᠰᠡᠷᠭᠡᠶᠢᠯᠡᠬᠦ ᠶᠢᠨ ᠬᠠᠮᠲᠤ ᠪᠠᠰᠠ ᠪᠠᠬᠢᠯᠢᠭ᠌ ᠤᠶᠠᠨ ᠴᠢᠨᠠᠷ ᠲᠠᠢ ᠪᠠᠶᠢᠬᠤ ᠶᠢ ᠪᠠᠲᠤᠯᠠᠳᠠᠭ᠃ ᠪᠤᠶᠢᠯᠠ ᠪᠠᠨ ᠵᠣᠷᠭᠤᠵᠤ ᠵᠠᠰᠠᠭᠠᠳ᠂ ᠨᠢᠭᠡ ᠲᠠᠯ᠎ᠠ ᠶᠢ ᠨᠢ | ᠱᠣᠷᠣᠯᠠᠨ᠂ ᠨᠦᠭᠦᠭᠡ ᠲᠠᠯ᠎ᠠ ᠶᠢ ᠨᠢ ᠱᠣᠷᠣᠯᠠᠬᠤ ᠦᠭᠡᠢ᠂ ᠲᠡᠭᠡᠭᠡᠳ ᠲᠣᠭᠲᠠᠭᠠᠬᠤ ᠭᠠᠷᠭ᠎ᠠ ᠪᠠ ᠳᠡᠭᠡᠰᠦ ᠤᠶᠠᠬᠤ ᠨᠦᠬᠡ ᠲᠠᠢ ᠵᠣᠬᠢᠶᠠᠳᠠᠭ ᠨᠢ ᠤᠷᠠᠨ ᠲᠠᠷᠬᠠᠨ | ᠪ᠊ ᠤᠷ᠎ᠠ ᠡᠷᠳᠡᠮ ᠪᠠ ᠲᠡᠰᠪᠦᠷᠢ ᠲᠡᠪᠴᠢᠶᠡᠷᠢ ᠶᠢ ᠮᠠᠰᠢ ᠶᠡᠭᠡ ᠰᠢᠯᠭᠠᠳᠠᠭ᠃ ᠪᠤᠶᠢᠯᠠ ᠵᠣᠷᠭᠤᠬᠤ ᠨᠢ ᠠᠯᠠᠱᠠ ᠨᠤᠲᠤᠭ ᠤᠨ ᠲᠡᠮᠡᠭᠡᠨ ᠨᠠᠭᠠᠳᠤᠮ ᠤᠨ ᠤᠷᠤᠯᠳᠤᠭᠠᠨ | ᠪ᠊ ᠨᠢᠭᠡᠨ ᠲᠦᠷᠦᠯ ᠵᠦᠢᠯ ᠪᠣᠯᠣᠨ᠎ᠠ᠃ | ᠲᠡᠮᠡᠭᠡᠨ ᠲᠣᠬᠤᠮ ᠢ ᠤᠨᠤᠯᠭ᠎ᠠ ᠶᠢᠨ ᠲᠣᠬᠤᠮ ᠪᠠ ᠠᠴᠢᠶᠠᠨ ᠤ ᠲᠣᠬᠤᠮ ᠭᠡᠵᠦ ᠬᠤᠶᠠᠷ ᠬᠤᠪᠢᠶᠠᠳᠠᠭ᠃ ᠤᠨᠤᠯᠭ᠎ᠠ ᠶᠢᠨ ᠲᠣᠬᠤᠮ ᠳᠤ ᠲᠡᠶᠢᠮᠦ ᠤᠯᠠᠨ | ᠶᠣᠰᠣ ᠵᠢᠷᠤᠮ ᠭᠡᠵᠦ ᠠᠯᠠᠭ᠎ᠠ᠂ ᠲᠦᠷᠦᠭᠡ ᠴᠤ ᠪᠠᠶᠢᠬᠤ ᠦᠭᠡᠢ᠂ ᠳᠣᠣᠷ᠎ᠠ ᠨᠢ ᠢᠰᠡᠭᠡᠢ ᠳᠡᠪᠢᠰᠴᠦ᠂ ᠳᠡᠭᠡᠷ᠎ᠡ ᠨᠢ ᠳᠥᠷᠪᠡᠯᠵᠢᠨ ᠲᠠᠨᠽᠢ ᠳᠠᠪᠬᠤᠷᠯᠠᠭᠠᠳ ᠯᠠ | ᠪᠣᠯᠭᠠᠴᠢᠬᠠᠳᠠᠭ᠃ ᠠᠴᠢᠶᠠᠨ ᠪ᠊ ᠲᠣᠬᠤᠮ ᠨᠡᠩ ᠴᠤ ᠲᠦᠭᠦᠮ ᠪᠠᠶᠢᠵᠤ᠂ ᠪᠠᠬᠢᠯᠢᠭ᠌ ᠲᠣᠬᠢᠷᠠᠮᠵᠢᠲᠠᠢ ᠪᠣᠯ ᠪᠣᠯᠴᠢᠬᠠᠨ᠎ᠠ᠃ ᠪᠦᠭᠦ ᠲᠠᠲᠠᠯᠭ᠎ᠠ ᠳᠡᠭᠡᠰᠦ ᠶᠢ ᠴᠥᠮ | ᠲᠡᠮᠡᠭᠡᠨ ᠪ᠊ ᠵᠣᠭᠳᠣᠷ ᠢᠶᠠᠷ ᠬᠢᠳᠡᠭ᠃ ᠲᠡᠮᠡᠭᠡ ᠬᠠᠶᠢᠴᠢᠯᠠᠬᠤ ᠳᠠᠭᠠᠨ ᠨᠢᠭᠡᠯᠡ ᠳᠡᠭᠡᠷ᠎ᠡ ᠬᠠᠶᠢᠴᠢᠯᠠᠵᠤ ᠪᠠᠷᠠᠭᠠᠳᠠᠭ ᠦᠭᠡᠢ᠂ ᠲᠡᠮᠡᠭᠡᠴᠢᠳ ᠴᠠᠭ ᠠᠭᠤᠷ ᠤᠨ ᠪᠠᠶᠢᠳᠠᠯ ᠢ | ᠦᠨᠳᠦᠰᠦᠯᠡᠵᠦ᠂ ᠤᠷᠢᠳᠠᠪᠠᠷ ᠨᠣᠣᠰᠣ ᠶᠢ ᠨᠢ ᠬᠠᠶᠢᠴᠢᠯᠠᠵᠤ᠂ ᠨᠡᠯᠢᠶᠡᠳ ᠡᠳᠦᠷ ᠤᠨ ᠲᠠᠷᠠᠭ᠎ᠠ ᠨᠣᠣᠯᠣᠭᠤᠷ ᠢ ᠨᠢ ᠬᠠᠶᠢᠴᠢᠯᠠᠳᠠᠭ᠃ ᠳᠡᠭᠡᠰᠦ ᠲᠠᠮᠤᠬᠤ ᠪᠣᠯ | ᠬᠠᠮᠤᠭ ᠤᠨ ᠦᠨᠳᠦᠰᠦᠨ ᠠᠵᠢᠯ ᠪᠠᠶᠢᠵᠤ᠂ ᠪᠦᠳᠦᠭᠦᠨ ᠨᠠᠷᠢᠨ᠂ ᠤᠷᠳᠤ ᠣᠬᠤᠷ ᠶᠠᠩᠵᠤ ᠶᠢᠨ ᠳᠡᠭᠡᠰᠦ ᠲᠠᠮᠤᠳᠠᠭ᠃ ᠲᠡᠭᠡᠭᠡᠳ ᠲᠠᠮᠤᠭᠰᠠᠨ ᠳᠡᠭᠡᠰᠦ ᠪᠠᠷ ᠢᠶᠠᠨ | ᠡᠯᠳᠡᠪ ᠶᠠᠩᠵᠤ ᠶᠢᠨ ᠤᠭᠤᠲᠠ᠂ ᠪᠣᠭᠴᠣ ᠬᠢᠵᠦ᠂ ᠲᠣᠭᠤᠭ᠎ᠠ ᠰᠢᠨᠠᠭ᠎ᠠ ᠯᠣᠩᠬᠤ ᠰᠠᠪᠠ᠂ ᠴᠠᠢ ᠳᠠᠪᠤᠰᠤ ᠵᠡᠷᠭᠡ ᠶᠢ ᠠᠴᠢᠶᠠᠯᠠᠳᠠᠭ᠃ ᠤᠯᠠᠭᠠᠨ ᠤᠲᠠᠰᠤ ᠪᠠᠷ ᠴᠡᠴᠡᠭ | ᠪᠤᠶᠤ ᠥᠯᠵᠡᠢ ᠵᠠᠨᠬᠭᠢᠶᠠ ᠵᠠᠩᠭᠢᠳᠴᠤ᠂ ᠲᠡᠮᠡᠭᠡᠨ ᠪ᠊ ᠲᠣᠯᠣᠭᠠᠢ ᠳᠤ ᠤᠶᠠᠬᠤ ᠨᠢ ᠲᠡᠮᠡᠭᠡ ᠪᠠᠨ ᠱᠠᠩᠨᠠᠭᠰᠠᠨ ᠲᠠᠢ ᠲᠡᠩᠴᠡᠨ᠎ᠡ᠃ | ︽ᠲᠤᠮᠳᠠᠳᠤ ᠤᠯᠤᠰ ᠤᠨ ᠲᠡᠮᠡᠭᠡᠨ ᠪ᠊ ᠨᠤᠲᠤᠭ︾ ᠪᠣᠯᠤᠭᠰᠠᠨ ᠠᠯᠠᠱᠠ ᠳᠤ᠂ ᠲᠡᠮᠡᠭᠡᠨ ᠪ᠊ ᠨᠠᠭᠠᠳᠤᠮ ᠳᠡᠭᠡᠷ᠎ᠡ ᠦᠷᠭᠦᠯᠵᠢ ᠰᠠᠶᠢᠬᠠᠨ ᠲᠡᠮᠡᠭᠡ | ᠰᠢᠯᠭᠠᠷᠠᠭᠤᠯᠬᠤ ᠲᠦᠷᠦᠯ ᠵᠦᠢᠯ ᠪᠠᠶᠢᠳᠠᠭ᠃ ᠲᠤᠬᠠᠢ ᠶᠢᠨ ᠭᠠᠵᠠᠷ ᠣᠷᠣᠨ ᠠᠴᠠ ᠲᠡᠮᠡᠭᠡᠨ ᠪ᠊ ᠦᠰᠦ ᠨᠣᠣᠰᠣᠨ ᠪ᠊ ᠥᠩᠭᠡ᠂ ᠭᠠᠷᠤᠯᠲᠠ᠂ ᠪᠡᠶ᠎ᠡ ᠪᠢᠯᠳᠠᠷ ᠤᠨ ᠶᠡᠭᠡ | ᠪᠠᠭ᠎ᠠ᠂ ᠪᠡᠶ᠎ᠡ ᠶᠢᠨ ᠬᠦᠨᠳᠦ ᠵᠡᠷᠭᠡ ᠲᠠᠯ᠎ᠠ ᠪᠠᠷ ᠰᠢᠨᠵᠢᠯᠡᠬᠦ ᠤᠬᠠᠭᠠᠨᠴᠢ ᠰᠢᠷᠢᠰ ᠪᠠᠷᠢᠮᠵᠢᠶ᠎ᠠ ᠲᠣᠭᠲᠠᠭᠠᠵᠤ᠂ ᠲᠡᠮᠡᠭᠡᠴᠢᠳ ᠢ ᠰᠠᠶᠢᠨ ᠡᠭᠦᠯᠳᠡᠷ ᠤᠨ ᠲᠡᠮᠡᠭᠡ | ᠪᠣᠶᠢᠵᠢᠭᠤᠯᠬᠤ ᠶᠢ ᠵᠣᠷᠢᠭᠵᠢᠭᠤᠯᠵᠤ ᠪᠠᠶᠢᠳᠠᠭ᠃ ᠵᠢᠯ ᠴᠠᠭᠠᠨ ᠰᠠᠷ᠎ᠠ ᠪᠣᠯᠪᠠᠯ ᠠᠯᠠᠱᠠ ᠶᠢᠨ ᠲᠡᠮᠡᠭᠡᠴᠢᠨ ᠠᠶᠢᠯ ᠪᠣᠯᠭᠠᠨ ᠲᠡᠮᠡᠭᠡᠨ ᠬᠤᠷᠤᠭ᠎ᠠ ᠪᠠᠨ ᠭᠢᠯ᠎ᠠ ᠴᠢᠯᠠ | ᠴᠡᠪᠡᠷᠯᠡᠵᠦ᠂ ᠬᠤᠣᠰ ᠤᠶᠠᠩᠭ᠎ᠠ ᠨᠠᠭᠠᠭᠠᠳ᠂ ᠬᠠᠶᠢᠷᠠᠯᠠᠵᠤ ᠲᠣᠭᠤᠳᠠᠭ᠂ ᠭᠠᠪᠢᠶ᠎ᠠ ᠵᠢᠳᠬᠦᠯ ᠲᠠᠢ ᠲᠡᠮᠡᠭᠡᠳ ᠢᠶᠠᠨ ᠰᠠᠶᠢᠲᠤᠷ ᠵᠠᠰᠠᠵᠤ ᠴᠢᠮᠡᠭᠡᠳ ᠵᠣᠯᠭᠠᠬᠤ ᠪᠠᠷ | ᠢᠷᠡᠭᠰᠡᠨ ᠰᠢᠨ᠎ᠡ ᠶᠢᠨ ᠵᠣᠴᠢᠳ ᠲᠠᠭᠠᠨ ᠰᠣᠨᠢᠷᠬᠠᠭᠤᠯᠳᠠᠭ᠃ | ᠠᠯᠠᠱᠠ ᠶᠢᠨ ᠵᠡᠬᠡᠭᠰᠡᠨ ᠲᠡᠮᠡᠭᠡᠴᠢᠨ ᠠᠶᠢᠯ ᠪᠣᠯᠭᠠᠨ ᠳᠤ ᠲᠡᠮᠡᠭᠡᠨ ᠰᠦᠷᠦᠭ᠂ ᠪᠡᠯᠴᠢᠭᠡᠷ ᠵᠢᠴᠢ ᠨᠢᠭᠡ ᠢᠵᠢ ᠲᠡᠮᠡᠭᠡ ᠠᠷᠠᠴᠢᠯᠠᠬᠤ ᠤᠬᠠᠭᠠᠨ ᠪᠠᠶᠢᠳᠠᠭ᠃ | ᠬᠡᠳᠦᠨ ᠵᠠᠭᠤᠨ ᠵᠢᠯ ᠤᠨ ᠲᠤᠷᠰᠢᠬᠢ ᠲᠡᠮᠡᠭᠡ ᠠᠷᠠᠴᠢᠯᠠᠬᠤ ᠲᠤᠷᠰᠢᠯᠭ᠎ᠠ ᠰᠤᠷᠭᠠᠮᠵᠢ᠂ ᠠᠮᠠ ᠪᠠᠷ ᠤᠯᠠᠮᠵᠢᠯᠠᠵᠤ ᠪᠡᠶᠡᠴᠢᠯᠡᠨ ᠵᠢᠭᠠᠭᠰᠠᠨ ᠶᠣᠰᠣ ᠳᠦᠷᠢᠮ᠂ ᠤᠯᠠᠨ | ᠤᠩᠰᠢᠯᠭ᠎ᠠ᠂ ᠵᠦᠢᠷ ᠰᠡᠴᠡᠨ ᠦᠭᠡ᠂ ᠦᠯᠢᠭᠡᠷ ᠲᠤᠮᠤᠭ᠂ ᠳᠠᠭᠤᠤ ᠠᠶᠠᠯᠭᠤ ᠵᠡᠷᠭᠡ ᠨᠢ ᠪᠦᠷ ᠰᠣᠶᠣᠯ ᠤᠨ ᠠᠭᠤᠰᠤᠯᠴᠠᠯ᠂ ᠦᠨᠳᠦᠰᠦᠲᠡᠨ ᠪ᠊ ᠠᠭᠤᠰᠤᠯᠴᠠᠯ ᠤᠨ | ᠭᠡᠷᠡᠴᠢ ᠮᠥᠨ᠃ | ᠲᠡᠮᠡᠭᠡᠴᠢᠨ ᠪᠣᠯᠭᠠᠨ ᠤ ᠰᠡᠳᠬᠢᠯ ᠳᠤ ᠨᠢᠭᠡᠨ ᠰᠢᠳᠢᠲᠦ ᠦᠯᠢᠭᠡᠷ ᠪᠠᠶᠢᠵᠤ᠂ ᠲᠡᠮᠡᠭᠡ ᠪᠣᠯ ᠰᠢᠳᠢᠲᠦ ᠠᠮᠢᠳᠠᠨ᠂ ᠭᠠᠩ ᠬᠠᠭᠤᠷᠠᠢ ᠲᠠᠴᠢᠷ ᠴᠦᠯ᠂ ᠪᠦᠢᠳᠡ | ᠪᠥᠭᠯᠡᠭᠦᠦ ᠭᠤᠪᠢ ᠨᠤᠲᠤᠭ ᠲᠤ ᠠᠮᠢᠳᠤᠷᠠᠵᠤ ᠪᠤᠢ ᠬᠥᠮᠥᠰ ᠢ ᠠᠪᠤᠷᠠᠭᠰᠠᠨ᠂ ᠬᠡᠷᠪᠡ ᠲᠡᠮᠡᠭᠡ ᠪᠠᠨ ᠰᠠᠶᠢᠲᠤᠷ ᠠᠷᠠᠴᠢᠯᠠᠵᠤ ᠬᠠᠮᠠᠭᠠᠯᠠᠬᠤ ᠦᠭᠡᠢ ᠪᠣᠯ ᠪᠤᠷᠬᠠᠨ | ᠲᠡᠭᠷᠢ ᠠᠴᠠ ᠲᠡᠮᠡᠭᠡ ᠪᠠᠨ ᠪᠤᠴᠠᠭᠠᠵᠤ ᠠᠪᠠᠴᠢᠨ᠎ᠠ ᠭᠡᠵᠦ ᠴᠤ ᠭᠡᠯᠴᠡᠳᠡᠭ ᠰᠠᠨ᠃ ᠠᠯᠠᠱᠠ ᠶᠢᠨ ᠲᠡᠮᠡᠭᠡᠴᠢᠨ ᠪᠣᠯᠣᠨ ᠬᠤᠣᠰ ᠪᠥᠬᠦᠲᠦ ᠲᠡᠮᠡᠭᠡ ᠪᠣᠯ ᠬᠠᠨ ᠲᠡᠭᠷᠢ | ᠠᠯᠠᠱᠠ ᠶᠢᠨ ᠬᠠᠮᠤᠭ ᠤᠨ ᠰᠠᠶᠢᠬᠠᠨ ᠰᠣᠶᠣᠯ ᠢᠷᠭᠡᠨᠰᠢᠯ ᠤᠨ ᠦᠵᠡᠮᠵᠢ ᠪᠠ ᠰᠣᠶᠣᠯ ᠤᠨ ᠢᠯᠡᠳᠬᠡᠯ ᠮᠥᠨ᠃ | | | |