ᠬᠦᠨᠳᠦ ᠬᠡᠳᠦ ᠹᠣᠰᠹᠣᠷ ᠬᠦᠴᠢᠯ ᠤᠨ ᠺᠠᠯᠼ ᠢ ᠬᠡᠷᠬᠢᠨ ᠰᠢᠨᠵᠢᠯᠡᠬᠦ ᠤᠬᠠᠭᠠᠨᠴᠢ ᠪᠠᠷ ᠤᠷᠤᠭᠤᠯᠬᠤ ᠪᠤᠢ
ᠨᠡᠶᠢᠲᠡᠯᠡᠭᠰᠡᠨ ᠴᠠᠭ᠄
2024/12/16
    ᠬᠦᠨᠳᠦ ᠬᠡᠳᠦ ᠹᠣᠰᠹᠣᠷ ᠬᠦᠴᠢᠯ ᠤᠨ ᠺᠠᠯᠼ ︵重过磷酸钙︶ ᠢ ᠪᠠᠰᠠ ᠬᠦᠨᠳᠦ ᠺᠠᠯᠼ ᠭᠡᠳᠡᠭ᠃ P2O5 ᠤᠨ ᠠᠭᠤᠯᠤᠭᠳᠠᠴᠠ ᠨᠢ  42%~50%᠃ ᠴᠡᠪᠡᠷ ᠬᠦᠨᠳᠦ ᠬᠡᠳᠦ ᠹᠣᠰᠹᠣᠷ ᠬᠦᠴᠢᠯ ᠤᠨ ᠺᠠᠯᠼ ᠨᠢ ᠴᠠᠶᠢᠪᠤᠷ ᠦᠩᠭᠡᠲᠡᠢ ᠮᠦᠬᠦᠯᠢᠭ ᠪᠣᠶᠣ ᠨᠤᠨᠳᠠᠭ ᠪᠠᠶᠢᠵᠤ᠂ ᠬᠦᠴᠢᠯᠯᠢᠭ  ᠦᠨᠦᠷ ᠲᠠᠢ ᠹᠢᠽᠢᠺ ᠬᠢᠮᠢ ᠶᠢᠨ ᠰᠢᠨᠵᠢ ᠴᠢᠨᠠᠷ ᠨᠢ ᠡᠩ ᠤᠨ ᠺᠠᠯᠼ ᠲᠠᠢ ᠠᠳᠠᠯᠢᠪᠲᠤᠷ᠃ ᠨᠤᠨᠳᠠᠭ ᠨᠢ ᠬᠢᠯᠪᠠᠷᠬᠠᠨ ᠴᠢᠭᠢᠭᠲᠦᠨ ᠬᠡᠰᠡᠭᠷᠡᠵᠦ᠂ ᠢᠯᠵᠢᠷᠡᠭᠦᠯᠬᠦ  ᠴᠢᠨᠠᠷ ᠲᠠᠢ ᠪᠠᠶᠢᠳᠠᠭ᠃ ᠮᠦᠬᠦᠯᠢᠭ ᠪᠣᠯᠭᠠᠪᠠᠯ ᠠᠮᠠᠷᠬᠠᠨ ᠴᠢᠭᠢᠭᠲᠦᠵᠦ ᠬᠡᠰᠡᠭᠷᠡᠬᠦ ᠦᠭᠡᠢ᠃     ᠬᠦᠨᠳᠦ ᠬᠡᠳᠦ ᠹᠤᠰᠹᠤᠷ ᠬᠦᠴᠢᠯ ᠤᠨ ᠺᠠᠯᠼ ᠨᠢ ᠤᠰᠤᠨ ᠳᠤ ᠠᠭᠤᠰᠤᠮᠠᠬᠠᠢ ᠬᠦᠴᠢᠯᠯᠢᠭ ᠲᠦᠷᠭᠡᠨ ᠦᠢᠯᠡᠳᠦᠯᠲᠦ ᠹᠤᠰᠹᠤᠷ ᠪᠤᠷᠳᠤᠭᠤᠷ ᠪᠣᠯᠣᠨ᠎ᠠ᠃ ᠬᠦᠨᠳᠦ  ᠬᠡᠳᠦ ᠹᠣᠰᠹᠣᠷ ᠬᠦᠴᠢᠯ ᠤᠨ ᠺᠠᠯᠼ ᠡᠯ᠎ᠡ ᠵᠦᠢᠯ ᠤᠨ ᠲᠠᠷᠢᠮᠠᠯ ᠪᠠ ᠡᠯ᠎ᠡ ᠲᠦᠷᠦᠯ ᠤᠨ ᠬᠦᠷᠦᠰᠦᠨ ᠳᠤ ᠴᠦᠮ ᠲᠤᠬᠢᠷᠠᠨ᠎ᠠ᠃ ᠬᠡᠷᠡᠭᠯᠡᠬᠦ ᠠᠷᠭ᠎ᠠ ᠨᠢ ᠬᠡᠳᠦ ᠹᠣᠰᠹᠣᠷ  ᠬᠦᠴᠢᠯ ᠤᠨ ᠺᠠᠯᠼ ᠲᠠᠢ ᠠᠳᠠᠯᠢ᠃ ᠬᠦᠨᠳᠦ ᠺᠠᠯᠼ ᠤᠨ ᠹᠣᠰᠹᠣᠷ ᠠᠭᠤᠯᠤᠭᠳᠠᠴᠠ ᠨᠢ ᠨᠡᠯᠢᠶᠡᠳ ᠦᠨᠳᠦᠷ ᠪᠠᠶᠢᠳᠠᠭ ᠪᠣᠯᠬᠤᠷ ᠲᠡᠭᠦᠨ ᠤ ᠬᠡᠷᠡᠭᠯᠡᠬᠦ ᠬᠡᠮᠵᠢᠶ᠎ᠡ ᠶᠢ  ᠬᠡᠳᠦ ᠹᠣᠰᠹᠣᠷ ᠬᠦᠴᠢᠯ ᠤᠨ ᠺᠠᠯᠼ ᠠᠴᠠ ᠪᠠᠭ᠎ᠠ ᠪᠠᠶᠢᠯᠭᠠᠨ᠎ᠠ᠃ ᠤᠴᠢᠷ ᠨᠢ ᠬᠦᠨᠳᠦ ᠬᠡᠳᠦ ᠹᠣᠰᠹᠣᠷ ᠬᠦᠴᠢᠯ ᠤᠨ ᠺᠠᠯᠼ ᠲᠤ ᠬᠦᠬᠦᠷ ᠤᠨ ᠪᠦᠷᠢᠯᠳᠦᠭᠦᠨ ᠲᠠᠢ  ᠵᠤᠭᠠᠩ ᠠᠭᠤᠯᠤᠭᠳᠠᠬᠤ ᠦᠭᠡᠢ ᠲᠤᠯᠠ ᠬᠦᠬᠦᠷ ᠬᠡᠷᠡᠭᠰᠡᠬᠦ ᠲᠠᠷᠢᠮᠠᠯ᠂ ᠵᠢᠱᠢᠶᠡᠯᠡᠪᠡᠯ ᠲᠦᠮᠦᠰᠦ᠂ ᠪᠤᠷᠴᠠᠭ ᠤᠨ ᠵᠦᠢᠯ ᠵᠡᠷᠭᠡ ᠳᠤ ᠬᠡᠷᠡᠭᠯᠡᠪᠡᠯ ᠦᠷ᠎ᠡ ᠳ᠋ᠦᠩ ᠨᠢ  ᠬᠡᠳᠦ ᠹᠣᠰᠹᠣᠷ ᠬᠦᠴᠢᠯ ᠤᠨ ᠺᠠᠯᠼ ᠢ ᠬᠦᠷᠬᠦ ᠦᠭᠡᠢ᠃ ᠠᠩᠬᠠᠷᠬᠤ ᠴᠢᠬᠤᠯᠠᠲᠠᠢ ᠵᠦᠢᠯ ᠭᠡᠪᠡᠯ ᠬᠦᠨᠳᠦ ᠬᠡᠳᠦ ᠹᠣᠰᠹᠣᠷ ᠬᠦᠴᠢᠯ ᠤᠨ ᠺᠠᠯᠼ ᠢ ᠴᠢᠬᠢ ᠶᠢᠨ  ᠦᠨᠳᠦᠰᠦ ᠶᠢ ᠲᠦᠷᠦᠬᠦ ᠳᠤ ᠬᠡᠷᠡᠭᠯᠡᠵᠦ ᠪᠣᠯᠬᠤ ᠦᠬᠡᠢ᠂ ᠪᠠᠰᠠ ᠦᠷ᠎ᠡ ᠵᠠᠮᠤᠷᠬᠤ ᠳᠤ ᠬᠡᠷᠡᠭᠯᠡᠵᠦ ᠪᠣᠯᠬᠤ ᠦᠭᠡᠢ᠂ ᠬᠦᠴᠢᠯᠯᠢᠭ ᠬᠦᠷᠦᠰᠦ ᠳᠤ ᠠᠪᠴᠤ ᠬᠡᠯᠡᠪᠡᠯ  ᠬᠡᠷᠡᠭᠯᠡᠬᠦ ᠠᠴᠠ ᠡᠮᠦᠨᠡᠬᠢ ᠬᠡᠳᠦᠨ ᠬᠤᠨᠤᠭ ᠲᠤ ᠬᠠᠮᠤᠭ ᠰᠠᠶᠢᠨ ᠨᠢ ᠨᠡᠶᠢᠳᠡᠮ ᠨᠢᠭᠡ ᠤᠳᠠᠭ᠎ᠠ ᠴᠤᠬᠤᠢ ᠤᠷᠤᠭᠤᠯᠤᠨ᠎ᠠ᠃ ᠬᠦᠨᠳᠦ ᠬᠡᠳᠦ ᠹᠤᠰᠹᠤᠷ ᠬᠦᠴᠢᠯ ᠤᠨ  ᠺᠠᠯᠼ ᠢ ᠬᠡᠷᠡᠭᠯᠡᠬᠦ ᠳᠤ ᠠᠩᠬᠠᠷᠬᠤ ᠴᠢᠬᠤᠯᠠᠲᠠᠢ ᠠᠰᠠᠭᠤᠳᠠᠯ ᠨᠢ ᠬᠡᠳᠦ ᠹᠣᠰᠹᠣᠷ ᠬᠦᠴᠢᠯ ᠤᠨ ᠺᠠᠯᠼ ᠲᠠᠢ ᠠᠳᠠᠯᠢ ᠪᠠᠶᠢᠳᠠᠭ᠃     ︵ᠢᠷᠡᠯᠲᠡ᠄ ᠳᠠᠯᠠᠢ ᠶᠢᠨ ᠨᠠᠶᠢᠷᠠᠭᠤᠯᠤᠭᠰᠠᠨ ︽ᠰᠢᠨᠵᠢᠯᠡᠬᠦ ᠤᠬᠠᠭᠠᠨᠴᠢ ᠪᠠᠷ ᠪᠤᠷᠳᠤᠭᠤᠷ ᠤᠷᠤᠭᠤᠯᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ  ᠰᠤᠩᠭᠤᠨ ᠰᠡᠶᠢᠷᠡᠭᠦᠯᠪᠡ᠃︶  
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ