ᠬᠡᠷᠡᠭᠯᠡᠵᠦ ᠪᠠᠷᠠᠭᠰᠠᠨ ᠦᠭᠡᠢ ᠲᠠᠷᠢᠶᠠᠨ ᠡᠮ ᠤᠨ ᠦᠯᠡᠳᠡᠭᠳᠡᠯ ᠰᠢᠩᠭᠡᠨ ᠨᠢ ᠲᠠᠷᠢᠶᠠᠨ ᠡᠮ ᠢ ᠰᠦᠷᠴᠢᠬᠦ ᠶᠠᠪᠤᠴᠠ ᠳᠤ ᠪᠣᠢ ᠪᠤᠯᠤᠭᠰᠠᠨ ᠲᠠᠷᠢᠶᠠᠨ ᠡᠮ ᠤᠨ | ᠦᠯᠡᠳᠡᠭᠳᠡᠯ ᠪᠤᠳᠠᠰ ᠲᠤ ᠲᠣᠭᠠᠴᠠᠭᠳᠠᠨ᠎ᠠ᠃ ᠲᠠᠷᠢᠶᠠᠨ ᠡᠮ ᠤᠨ ᠦᠯᠡᠳᠡᠭᠳᠡᠯ ᠰᠢᠩᠭᠡᠨ ᠢ ᠲᠠᠷᠢᠶᠠᠨ ᠡᠮ ᠤᠨ ᠬᠠᠤᠯᠢ ᠴᠠᠭᠠᠵᠠ ᠪᠠ ᠬᠠᠮᠢᠶᠠᠷᠤᠯᠲᠠ ᠶᠢᠨ ᠳᠦᠷᠢᠮ ᠢ | ᠵᠢᠷᠤᠮᠯᠠᠭᠰᠠᠨ ᠤᠷᠢᠳᠠᠯ ᠳᠤᠤᠷ᠎ᠠ᠂ ᠦᠷ᠎ᠡ ᠠᠰᠢᠭᠲᠠᠢ ᠠᠷᠭ᠎ᠠ ᠪᠠᠷ ᠠᠶᠤᠯ ᠦᠭᠡᠢ ᠰᠢᠢᠳᠪᠦᠷᠢᠯᠡᠵᠦ᠂ ᠶᠡᠷᠦ ᠳᠡᠭᠡᠨ ᠭᠦᠨ ᠪᠤᠯᠠᠬᠤ ᠪᠤᠶᠤ ᠰᠢᠲᠠᠭᠠᠬᠤ ᠠᠷᠭ᠎ᠠ ᠶᠢ | ᠬᠡᠷᠡᠭᠯᠡᠳᠡᠭ᠃ ᠭᠦᠨ ᠪᠤᠯᠠᠬᠤ ᠨᠢ ᠪᠠᠶᠢᠩᠭᠤ ᠬᠡᠷᠡᠭᠯᠡᠳᠡᠭ ᠠᠷᠭ᠎ᠠ ᠶᠤᠮ᠃ ᠭᠡᠪᠡᠴᠦ ᠣᠷᠤᠨ ᠰᠠᠭᠤᠴᠠ ᠪᠠ ᠤᠰᠤᠨ ᠤ ᠰᠤᠷᠪᠤᠯᠵᠢ ᠠᠴᠠ ᠵᠠᠶᠢᠳᠠᠭᠤ ᠪᠠᠶᠢᠯᠭᠠᠨ᠎ᠠ᠃ | ᠶᠡᠭᠡ ᠬᠤᠣᠷᠲᠠᠢ ᠲᠠᠷᠢᠶᠠᠨ ᠡᠮ ᠢ ᠶᠡᠷᠦ ᠳᠡᠭᠡᠨ ᠬᠢᠮᠢ ᠶᠢᠨ ᠠᠷᠭ᠎ᠠ ᠪᠠᠷ ᠲᠣᠭᠤᠯᠤᠭᠤᠯᠵᠤ ᠳᠠᠷᠠᠭ᠎ᠠ ᠨᠢ ᠨᠡᠪᠴᠢᠬᠦ ᠦᠭᠡᠢ ᠭᠠᠵᠠᠷ ᠪᠤᠯᠠᠳᠠᠭ᠃ ᠪᠣᠢ ᠪᠦᠬᠦᠢ | ᠰᠢᠲᠠᠭᠠᠨ ᠳᠡᠭᠳᠡᠭᠡᠬᠦ ᠲᠠᠷᠢᠶᠠᠨ ᠡᠮ ᠢ ᠴᠦᠮ ᠲᠤᠰᠬᠠᠢ ᠵᠤᠤᠬ᠎ᠠ ᠪᠠᠷ ᠰᠢᠢᠳᠪᠦᠷᠢᠯᠡᠬᠦ ᠬᠡᠷᠡᠭᠲᠡᠢ᠃ ᠬᠠᠮᠢᠶ᠎ᠠ ᠪᠦᠬᠦᠢ ᠤᠷᠭᠠᠨᠢᠭ ᠲᠠᠷᠢᠶᠠᠨ ᠡᠮ ︵有机农药 | ︶ ᠨᠢ ᠤᠷᠭᠤᠮᠠᠯ ᠤᠨ ᠴᠢᠨᠠᠷᠲᠠᠢ ᠪᠣᠯᠤᠭᠰᠠᠨ ᠴᠦ ᠲᠡᠷᠡ ᠨᠡᠶᠢᠯᠡᠯᠭᠡ ᠨᠢᠭᠡᠳᠪᠦᠷᠢ ᠶᠢᠨ ᠲᠠᠷᠢᠶᠠᠨ ᠡᠮ ᠪᠣᠯᠤᠭᠰᠠᠨ ᠴᠦ ᠲᠡᠷᠡ ᠴᠦᠮ ᠰᠢᠲᠠᠭᠠᠬᠤ ᠠᠴᠠ ᠪᠣᠯᠵᠤ | ᠬᠦᠴᠦᠨ ᠦᠭᠡᠢ ᠪᠣᠯᠳᠠᠭ᠃ ᠬᠠᠷᠢᠨ ᠬᠦᠨᠳᠦ ᠲᠡᠮᠦᠷᠯᠢᠭ ᠤᠨ ᠬᠢᠮᠢ ᠶᠢᠨ ᠪᠦᠲᠦᠴᠡ ᠨᠢ ᠶᠠᠮᠠᠷ ᠪᠣᠯᠤᠭᠰᠠᠨ ᠴᠦ ᠰᠢᠲᠠᠭᠠᠭᠰᠠᠨ ᠬᠤᠶᠢᠨ᠎ᠠ ᠮᠦᠨ ᠯᠡ ᠬᠤᠣᠷᠲᠠᠢ | ᠪᠠᠶᠢᠳᠠᠭ ᠲᠤᠯᠠ ᠡᠶᠢᠮᠦᠷᠬᠦ ᠲᠠᠷᠢᠶᠠᠨ ᠡᠮ ᠢ ᠰᠢᠲᠠᠭᠠᠵᠤ ᠪᠣᠯᠬᠤ ᠦᠭᠡᠢ᠃ ᠲᠠᠷᠢᠶᠠᠨ ᠡᠮ ᠢ ᠡᠷᠬᠡᠪᠰᠢ ᠲᠦᠢᠯᠪᠦᠷᠢᠲᠠᠢ ᠰᠢᠲᠠᠭᠠᠬᠤ ᠶᠢᠨ ᠬᠠᠮᠲᠦ ᠬᠤᠣᠷᠲᠦ | ᠪᠤᠳᠠᠰ ᠤᠨ ᠤᠲᠤᠭ᠎ᠠ ᠨᠢ ᠰᠠᠷᠨᠢᠭᠠᠳ ᠠᠭᠠᠷ ᠢ ᠪᠣᠬᠢᠷᠳᠤᠭᠤᠯᠬᠤ ᠠᠴᠠ ᠬᠢᠴᠢᠶᠡᠨ᠎ᠡ᠃ ᠲᠠᠷᠢᠶᠠᠨ ᠡᠮ ᠣᠷᠤᠭᠤᠯᠬᠤ ᠳᠠᠭᠠᠨ ᠤᠳᠠᠭ᠎ᠠ ᠪᠦᠷᠢ ᠡᠮ ᠬᠡᠷᠡᠭᠯᠡᠬᠦ | ᠬᠡᠮᠵᠢᠶ᠎ᠡ ᠪᠠᠨ ᠣᠨᠤᠪᠴᠢᠲᠠᠢ ᠲᠦᠯᠦᠪᠯᠡᠵᠦ᠂ ᠨᠠᠶᠢᠷᠠᠭᠤᠯᠤᠭᠰᠠᠨ ᠡᠮ ᠤᠨ ᠰᠢᠩᠭᠡᠨ ᠢᠶᠠᠨ ᠴᠢᠳᠠᠬᠤ ᠶᠢᠨ ᠳᠤᠲᠤᠷ᠎ᠠ ᠰᠦᠷᠴᠢᠨ ᠳᠠᠭᠤᠰᠬᠠᠵᠤ᠂ ᠦᠯᠡᠳᠡᠭᠰᠡᠨ | ᠡᠮ ᠤᠨ ᠰᠢᠩᠭᠡᠨ ᠢ ᠬᠤᠳᠳᠤᠭ᠂ ᠤᠷᠤᠰᠬᠠᠯ ᠤᠰᠤ ᠪᠠ ᠨᠠᠭᠤᠷ ᠴᠦᠬᠦᠷᠦᠮ ᠵᠡᠷᠭᠡ ᠭᠠᠵᠠᠷ ᠲᠤ ᠴᠢᠳᠬᠤᠵᠤ ᠣᠷᠬᠢᠭᠠᠳ ᠣᠷᠴᠢᠨ ᠲᠤᠭᠤᠷᠢᠨ ᠢ ᠪᠤᠬᠢᠷᠳᠤᠭᠤᠯᠵᠤ | ᠪᠣᠯᠬᠤ ᠦᠭᠡᠢ᠃ | ︵ᠢᠷᠡᠯᠲᠡ᠄ ᠭᠡᠭᠡᠨᠬᠠᠰ ᠤᠨ ᠨᠠᠶᠢᠷᠠᠭᠤᠯᠤᠭᠰᠠᠨ ︽ᠲᠠᠷᠢᠶᠠᠨ ᠡᠮ ᠬᠡᠷᠡᠭᠯᠡᠬᠦ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ | |