ᠴᠠᠭ ᠠᠭᠤᠷ ᠤᠨ ᠤᠷᠢᠳᠴᠢᠯᠠᠭᠰᠠᠨ ᠮᠡᠳᠡᠭᠡᠨ ᠳᠤ ᠬᠡᠳᠦᠬᠡᠨ ᠮᠢᠯᠢᠮᠧᠳ᠋ᠷ ᠴᠠᠰᠤ ᠤᠷᠤᠭᠰᠠᠨ ᠪᠠᠶᠢᠲᠠᠯ᠎ᠠ ᠶᠠᠭᠤᠨ ᠤ ᠤᠴᠢᠷ ᠠᠴᠠ ︽ᠶᠡᠭᠡ ᠴᠠᠰᠤ︾ ᠭᠡᠵᠤ ᠬᠡᠯᠡᠳᠡᠭ | ᠪᠤᠢ︖ ᠭᠡᠵᠦ ᠤᠯᠠᠨ ᠢᠶᠠᠷ ᠢᠶᠠᠨ ᠠᠰᠠᠭᠤᠵᠤ ᠪᠠᠶᠢᠳᠠᠭ᠃ | ᠴᠠᠰᠤᠨ ᠤ ᠬᠡᠮᠵᠢᠶ᠎ᠡ ᠪᠣᠯ ᠴᠠᠭ ᠠᠭᠤᠷ ᠤᠨ ᠠᠵᠢᠭᠯᠠᠯᠲᠠ ᠶᠢᠨ ᠠᠵᠢᠯᠲᠠᠨ ᠪᠠᠷᠢᠮᠵᠢᠶᠠᠲᠤ ᠰᠠᠪᠠ ᠪᠠᠷ 12 ᠴᠠᠭ ᠪᠤᠶᠤ 24 ᠴᠠᠭ ᠤᠨ ᠳᠣᠲᠣᠷ᠎ᠠ ᠴᠤᠭᠯᠠᠭᠰᠠᠨ | ᠴᠠᠰᠤ ᠶᠢ ᠤᠰᠤ ᠪᠣᠯᠭᠠᠭᠰᠠᠨ ᠤ ᠳᠠᠷᠠᠭ᠎ᠠ ᠬᠡᠮᠵᠢᠵᠦ ᠣᠯᠤᠭᠰᠠᠨ ᠲᠤᠭ᠎ᠠ ᠬᠡᠮᠵᠢᠭᠳᠡᠯ ᠪᠣᠯᠤᠨ᠎ᠠ᠂ ᠶᠡᠷᠦ ᠳᠡᠭᠡᠨ ᠮᠢᠯᠢᠮᠧᠲᠷ ᠢᠶᠠᠷ ᠨᠢᠭᠡᠴᠢ ᠪᠣᠯᠭᠠᠨ᠎ᠠ︔ ᠭᠡᠳᠡᠯ᠎ᠡ | ᠬᠤᠷᠠᠭᠰᠠᠨ ᠴᠠᠰᠤᠨ ᠤ ᠭᠦᠨ ᠤ ᠬᠡᠮᠵᠢᠶ᠎ᠡ ᠨᠢ ᠮᠠᠨ ᠤ ᠣᠯᠵᠤ ᠦᠵᠡᠳᠡᠭ ᠴᠠᠰᠤᠨ ᠤ ᠵᠤᠵᠠᠭᠠᠨ ᠤ ᠬᠡᠮᠵᠢᠶ᠎ᠡ ᠪᠠᠶᠢᠵᠤ᠂ ᠬᠤᠷᠠᠭᠰᠠᠨ ᠴᠠᠰᠤᠨ ᠤ ᠭᠠᠳᠠᠷᠭᠤ ᠠᠴᠠ | ᠭᠠᠵᠠᠷ ᠤᠨ ᠨᠢᠭᠤᠷ ᠬᠦᠷᠲᠡᠯᠡᠬᠢ ᠡᠭᠴᠡ ᠵᠠᠶ ᠪᠠᠶᠢᠵᠤ᠂ ᠰᠠᠨᠲ᠋ᠢᠮᠧᠳ᠋ᠷ ᠢᠶᠠᠷ ᠨᠢᠭᠡᠴᠢ ᠪᠣᠯᠭᠠᠳᠠᠭ᠃ | ᠨᠢᠭᠡ ᠮᠢᠯᠢᠮᠧᠲᠷ ᠴᠠᠰᠤ ᠣᠷᠣᠪᠠᠯ ᠬᠡᠳᠦᠶ ᠴᠠᠰᠤ ᠬᠤᠷᠠᠳᠠᠭ ᠨᠢ ᠭᠠᠵᠠᠷ ᠤᠨ ᠭᠠᠳᠠᠷᠭᠤ ᠶᠢᠨ ᠳᠤᠯᠠᠭᠠᠨ ᠤ ᠬᠡᠮᠵᠢᠶ᠎ᠡ ᠪᠠ ᠴᠠᠰᠤᠨ ᠳᠣᠲᠣᠷᠠᠬᠢ ᠤᠰᠤᠨ ᠤ | ᠠᠭᠤᠯᠤᠭᠳᠠᠴᠠ ᠵᠡᠷᠭᠡ ᠡᠯᠧᠮᠧᠨ᠋ᠲ ᠲᠠᠢ ᠬᠤᠯᠪᠤᠭᠳᠠᠯ ᠲᠠᠢ ᠶᠤᠮ᠃ ᠬᠡᠷᠪᠡ ᠭᠠᠵᠠᠷ ᠤᠨ ᠭᠠᠳᠠᠷᠭᠤ ᠶᠢᠨ ᠳᠤᠯᠠᠭᠠᠨ ᠤ ᠬᠡᠮᠵᠢᠶ᠎ᠡ ᠨᠢ ᠨᠡᠯᠢᠶᠡᠳ ᠥᠨᠳᠥᠷ ᠪᠣᠯ᠂ ᠴᠠᠰᠤ | ᠭᠠᠵᠠᠷ ᠤᠨ ᠨᠢᠭᠤᠷ ᠲᠤ ᠪᠠᠭᠤᠮᠠᠭᠴᠠ ᠳᠠᠷᠤᠶ ᠬᠠᠶᠢᠯᠤᠭᠠᠳ ᠴᠠᠰᠤ ᠬᠤᠷᠠᠵᠤ ᠳᠡᠶᠢᠯᠬᠦ ᠦᠭᠡᠢ︔ ᠬᠡᠷᠪᠡ ᠴᠠᠰᠤᠨ ᠳᠤᠳᠤᠷᠠᠬᠢ ᠤᠰᠤᠨ ᠤ ᠠᠭᠤᠯᠤᠭᠳᠠᠴᠠ ᠶᠡᠭᠡ | ᠪᠣᠯ ᠴᠠᠰᠤ ᠬᠤᠷᠠᠬᠤ ᠨᠢ ᠬᠠᠷᠢᠴᠠᠩᠭᠤᠶ ᠪᠠᠷ ᠨᠢᠮᠭᠡᠨ ᠪᠠᠶᠢᠳᠠᠭ︔ ᠬᠡᠷᠪᠡ ᠴᠠᠰᠤᠨ ᠳᠤᠳᠤᠷᠠᠬᠢ ᠤᠰᠤᠨ ᠤ ᠠᠭᠤᠯᠤᠭᠳᠠᠴᠠ ᠪᠠᠭ᠎ᠠ ᠪᠤᠯ ᠴᠠᠰᠤ ᠬᠤᠷᠠᠬᠤ ᠨᠢ | ᠬᠠᠷᠢᠴᠠᠩᠭᠤᠶ ᠪᠠᠷ ᠭᠦᠨ ᠰᠢᠭ ᠪᠠᠶᠢᠳᠠᠭ᠃ | ᠡᠩ ᠤᠨ ᠪᠠᠶᠢᠳᠠᠯ ᠳᠤ᠂ 1 ᠮᠢᠯᠢᠮᠧᠲᠷ ᠴᠠᠰᠤ ᠨᠢ ᠤᠮᠠᠷᠠᠲᠤ ᠣᠷᠣᠨ ᠳᠤ ᠪᠠᠷᠤᠭ 0.8 ~ 1 ᠰᠠᠨᠲ᠋ᠢᠮᠧᠳ᠋ᠷ ᠤᠨ ᠴᠠᠰᠤ ᠪᠣᠯᠤᠨ ᠬᠤᠷᠠᠵᠤ᠂ ᠡᠮᠦᠨᠡᠲᠦ | ᠣᠷᠣᠨ ᠳᠤ 0.6 ~ 0.8 ᠰᠠᠨᠲ᠋ᠢᠮᠧᠳ᠋ᠷ ᠤᠨ ᠴᠠᠰᠤ ᠪᠤᠯᠤᠨ ᠬᠤᠷᠠᠳᠠᠭ᠃ ᠤᠴᠢᠷ ᠨᠢ ᠡᠩ ᠤᠨ ᠪᠠᠶᠢᠳᠠᠯ ᠳᠤ᠂ ᠤᠮᠠᠷᠠᠲᠤ ᠣᠷᠣᠨ ᠤ ᠴᠠᠰᠤ ᠨᠢ ᠨᠡᠯᠢᠶᠡᠳ | ᠰᠦᠪᠡᠷᠭᠡᠭ᠂ ᠡᠮᠦᠨᠡᠲᠦ ᠣᠷᠣᠨ ᠤ ᠴᠠᠰᠤ ᠨᠢ ᠨᠡᠯᠢᠶᠡᠳ ᠨᠢᠭᠲᠠ ᠲᠤᠯᠠ ᠵᠢᠭᠠᠬᠠᠨ ᠵᠥᠷᠢᠶ᠎ᠡ ᠲᠠᠢ ᠪᠠᠶᠢᠳᠠᠭ᠃ ᠬᠢᠩᠭᠠᠨ ᠠᠶᠢᠮᠠᠭ ᠤᠨ ᠴᠠᠭ ᠠᠭᠤᠷ ᠤᠨ ᠲᠣᠪᠴᠢᠶ᠎ᠠ | | |