ᠠᠮᠠ ᠮᠤᠷᠤᠶᠢᠬᠤ ᠶᠢᠨ ᠰᠢᠯᠲᠠᠭᠠᠨ
ᠨᠡᠶᠢᠲᠡᠯᠡᠭᠰᠡᠨ ᠴᠠᠭ᠄
2024/12/25
    ᠵᠠᠷᠢᠮ ᠬᠥᠮᠥᠨ ᠥᠷᠯᠥᠭᠡ ᠪᠣᠰᠣᠮᠠᠭᠴᠠ ᠭᠡᠨᠡᠳᠲᠡ ᠠᠮᠠ ᠨᠢ ᠮᠤᠷᠤᠶᠢᠵᠤ᠂ ᠨᠢᠳᠦ ᠨᠢ ᠵᠢᠷᠲᠠᠶᠢᠨ᠂ ᠰᠢᠯᠦᠰᠦ ᠭᠤᠭᠤᠵᠢᠭᠠᠳ ᠬᠠᠷᠠᠭ᠎ᠠ ᠪᠠᠯᠠᠷᠠᠳᠠᠭ᠃ ᠡᠭᠦᠨ ᠢᠶᠠᠨ ᠤᠷᠢᠳᠤ ᠰᠥᠨᠢ ᠬᠤᠯᠠᠭᠠᠢ ᠵᠢᠪᠠᠷ ᠲᠤ ᠴᠣᠬᠢᠭᠳᠠᠴᠢᠬᠠᠯ᠎ᠠ ᠭᠡᠳᠡᠭ᠃ ᠬᠡᠷᠡᠭ ᠳᠡᠭᠡᠷ᠎ᠡ ᠪᠠᠨ ᠲᠡᠶᠢᠮᠦ ᠤᠴᠢᠷ ᠪᠢᠰᠢ᠃ ᠡᠮᠨᠡᠯᠭᠡ ᠶᠢᠨ ᠤᠬᠠᠭᠠᠨ ᠳᠤ ᠡᠭᠦᠨ ᠢ ᠨᠢᠭᠤᠷ ᠤᠨ ᠮᠡᠳᠡᠷᠡᠯ ᠤᠨ ᠮᠢᠨᠴᠦᠭᠦᠷᠡᠯ ᠭᠡᠵᠦ᠂ ᠪᠠᠰᠠ ᠨᠢᠭᠤᠷ ᠤᠨ ᠰᠠ ᠭᠡᠳᠡᠭ᠃ ᠨᠢᠭᠤᠷ ᠤᠨ ᠪᠤᠯᠴᠢᠩ ᠢ ᠨᠢᠭᠤᠷ ᠤᠨ ᠮᠡᠳᠡᠷᠡᠯ ᠵᠠᠬᠢᠷᠳᠠᠭ᠃ ᠨᠢᠭᠤᠷ ᠤᠨ ᠮᠡᠳᠡᠷᠡᠯ  ᠨᠢ ᠨᠢᠭᠤᠷ ᠤᠨ ᠵᠡᠭᠦᠨ ᠪᠠᠷᠠᠭᠤᠨ ᠬᠤᠶᠠᠷ ᠲᠠᠯ᠎ᠠ ᠳᠤ ᠲᠡᠭᠰᠢ ᠭᠡᠮ ᠲᠠᠢ ᠨᠢᠭᠤᠷᠯᠠᠵᠤ᠂ ᠬᠡᠷᠪᠡ ᠮᠡᠳᠡᠷᠡᠯ ᠤᠨ ᠰᠠᠭᠠᠲᠠᠯᠲᠠ ᠡᠭᠦᠰᠬᠦ ᠦᠭᠡᠢ ᠪᠣᠯ ᠨᠢᠭᠤᠷ ᠤᠨ ᠬᠤᠶᠠᠷ ᠲᠠᠯ᠎ᠠ ᠠᠪ ᠠᠳᠠᠯᠢᠬᠠᠨ ᠪᠠᠶᠢᠳᠠᠭ᠃ ᠬᠡᠷᠪᠡ ᠨᠢᠭᠡ ᠲᠠᠯ᠎ᠠ ᠶᠢᠨ ᠮᠡᠳᠡᠷᠡᠯ ᠨᠢ ᠭᠡᠮᠲᠦᠪᠡᠯ ᠲᠤᠰ ᠲᠠᠯ᠎ᠠ ᠶᠢᠨ ᠨᠢᠭᠤᠷ ᠤᠨ ᠪᠤᠯᠴᠢᠩ ᠲᠠᠮᠪᠠᠷᠠᠵᠤ᠂ ᠠᠮᠠ ᠨᠢ ᠡᠷᠡᠭᠦᠯ ᠲᠠᠯ᠎ᠠ ᠲᠡᠰᠢ ᠮᠤᠷᠤᠶᠢᠵᠤ᠂ ᠡᠷᠡᠦ ᠶᠢᠨ ᠬᠡᠰᠡᠭ ᠤᠨ ᠦᠷᠴᠢᠯᠡᠭᠡᠰᠦ ᠨᠢ ᠠᠷᠢᠯᠤᠨ᠂ ᠨᠢᠳᠦᠨ ᠠᠨᠢᠰᠬ᠎ᠠ ᠨᠢ ᠬᠠᠭᠠᠭᠳᠠᠬᠤ ᠪᠠᠨ ᠪᠣᠯᠢᠳᠠᠭ᠃ ᠡᠨᠡ ᠨᠢ ᠵᠢᠩᠭᠢᠨᠡᠭᠰᠡᠨ ᠪᠤᠶᠤ ᠨᠢᠭᠤᠷ ᠤᠨ ᠮᠡᠳᠡᠷᠡᠯ ᠳᠤ ᠡᠪᠡᠳᠴᠢᠨ ᠤ ᠬᠤᠣᠷ ᠬᠠᠯᠳᠠᠪᠤᠷᠢᠯᠠᠭᠰᠠᠨ ᠠᠴᠠ ᠡᠭᠦᠰᠳᠡᠭ᠃ ᠬᠡᠷᠪᠡ ᠲᠤᠰ ᠡᠪᠡᠳᠴᠢᠨ ᠲᠤᠰᠪᠠᠯ ᠲᠠ ᠠᠶᠤᠵᠤ ᠰᠣᠴᠢᠬᠤ ᠬᠡᠷᠡᠭ ᠦᠭᠡᠢ᠂ ᠡᠷᠲᠡᠬᠡᠨ ᠡᠮᠨᠡᠯᠭᠡ ᠳᠤ ᠬᠦᠷᠴᠦ ᠦᠵᠡᠭᠦᠯᠪᠡᠯ ᠵᠣᠬᠢᠨ᠎ᠠ᠃      
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ