ᠬᠠᠯᠠᠭᠤᠨ ᠤᠰᠤᠨ ᠤ ᠰᠠᠪᠠ ᠶᠢᠨ ᠬᠠᠭ ᠢ ᠠᠷᠢᠯᠭᠠᠬᠤ ᠳᠤ ᠼᠦ ᠬᠢᠵᠦ ᠬᠡᠳᠦᠨ ᠤᠳᠠᠭ᠎ᠠ ᠵᠠᠶᠢᠯᠤᠭᠰᠠᠨ ᠤ ᠲᠠᠷᠠᠭ᠎ᠠ ᠬᠠᠭᠠᠰ ᠴᠠᠭ ᠲᠠᠯᠪᠢᠵᠤ ᠪᠠᠶᠢᠭᠠᠳ ᠲᠠᠭᠢᠨ | ᠴᠡᠪᠡᠷ ᠤᠰᠤ ᠪᠠᠷ ᠵᠠᠶᠢᠯᠪᠠᠯ ᠬᠠᠭ ᠨᠢ ᠠᠷᠢᠯᠤᠨ᠎ᠠ᠃ ᠱᠠᠬᠠᠢ ᠶᠢᠨ ᠠᠪᠳᠠᠷ᠎ᠠ ᠳᠣᠲᠣᠷ᠎ᠠ ᠮᠣᠳᠣᠨ ᠨᠡᠭᠦᠷᠡᠰᠦ ᠶᠢ ᠬᠢᠵᠦ ᠬᠠᠳᠠᠭᠠᠯᠠᠪᠠᠯ ᠦᠮᠡᠬᠡᠢ ᠦᠨᠦᠷ ᠢ ᠠᠷᠢᠯᠭᠠᠵᠤ | ᠴᠢᠭᠢᠭᠳᠡᠭᠦ ᠠᠴᠠ ᠰᠡᠷᠭᠡᠶᠢᠯᠡᠨ᠎ᠡ᠃ ᠵᠦᠷᠵᠢ ᠶᠢᠨ ᠬᠠᠯᠢᠰᠤ ᠶᠢ ᠤᠬᠢᠶᠠᠵᠤ ᠴᠡᠪᠡᠷᠯᠡᠭᠡᠳ ᠬᠥᠯᠳᠡᠭᠡᠭᠦᠷ ᠲᠤ ᠲᠠᠷᠬᠠᠭᠠᠵᠤ ᠲᠠᠯᠪᠢᠪᠠᠯ᠂ ᠭᠤᠷᠪᠠᠨ ᠬᠤᠨᠤᠭ ᠤᠨ ᠲᠠᠷᠠᠭ᠎ᠠ | ᠬᠥᠯᠳᠡᠭᠡᠭᠦᠷ ᠤᠨ ᠠᠯᠢᠪᠠ ᠮᠠᠭᠤᠬᠠᠢ ᠦᠨᠦᠷ ᠠᠷᠢᠯᠵᠤ᠂ ᠠᠩᠬᠢᠯᠤᠮ᠎ᠠ ᠰᠠᠶᠢᠬᠠᠨ ᠦᠨᠦᠷ ᠭᠠᠷᠳᠠᠭ᠃ ᠨᠣᠶᠢᠷ ᠬᠤᠯᠵᠢᠳᠠᠭ ᠬᠥᠮᠥᠨ ᠤᠨᠲᠠᠬᠤ ᠠᠴᠠ ᠡᠮᠦᠨ᠎ᠡ ᠨᠢᠭᠡ | ᠴᠣᠮᠣ ᠪᠤᠴᠠᠯᠭᠠᠵᠤ ᠬᠥᠷᠥᠭᠡᠭᠰᠡᠨ ᠤᠰᠤᠨ ᠳᠤ ᠨᠢᠭᠡ ᠬᠠᠯᠪᠠᠭ᠎ᠠ ᠼᠦ ᠬᠢᠵᠦ ᠤᠤᠭᠤᠪᠠᠯ ᠨᠣᠶᠢᠷ ᠢ ᠰᠠᠶᠢᠵᠢᠷᠠᠭᠤᠯᠤᠨ᠎ᠠ᠃ ᠬᠠᠳᠠᠭᠠᠬᠰᠠᠨ ᠵᠦᠷᠵᠢ ᠶᠢᠨ ᠬᠠᠯᠢᠰᠤ ᠶᠢ | ᠰᠢᠲᠠᠭᠠᠪᠠᠯ ᠭᠡᠷ ᠤᠨ ᠳᠣᠲᠣᠷᠠᠬᠢ ᠦᠮᠡᠬᠡᠢ ᠦᠨᠦᠷ ᠢ ᠠᠷᠢᠯᠭᠠᠬᠤ ᠪᠠ ᠪᠠᠲᠠᠭᠠᠨ᠎ᠠ ᠶᠢ ᠴᠤ ᠦᠯᠳᠡᠵᠤ ᠬᠥᠭᠡᠭᠡᠨ᠎ᠡ᠃ ᠭᠢᠳᠤᠭ᠎ᠠ ᠪᠢᠯᠡᠭᠦᠳᠡᠬᠦ ᠳᠡᠭᠡᠨ ᠭᠢᠳᠤᠭ᠎ᠠ ᠪᠠᠨ | ᠳᠠᠪᠤᠰᠤ ᠲᠠᠢ ᠤᠰᠤᠨ ᠳᠤ ᠳᠡᠪᠲᠦᠭᠡᠵᠦ ᠪᠠᠶᠢᠭᠠᠳ ᠪᠢᠯᠡᠭᠦᠳᠡᠪᠡᠯ ᠭᠢᠯᠪᠠᠷᠬᠠᠨ ᠬᠤᠷᠴᠠ ᠪᠤᠯᠬᠤ ᠪᠥᠭᠡᠳ ᠲᠡᠰᠪᠦᠷᠢᠲᠡᠢ ᠪᠠᠶᠢᠳᠠᠭ᠃ ᠬᠤᠭᠤᠯᠠᠨ ᠭᠡᠷ ᠤᠨ ᠱᠠᠯᠠᠨ ᠤ | ᠲᠤᠰᠤᠨ ᠭᠬᠢᠷ ᠢ ᠼᠦ ᠬᠢᠭᠰᠡᠨ ᠵᠦᠯᠭᠦᠭᠦᠷ ᠢᠶᠠᠷ ᠵᠦᠯᠭᠦᠪᠡᠯ ᠭᠢᠯᠪᠡᠷᠬᠠᠨ ᠵᠦᠯᠭᠦᠭᠳᠡᠳᠡᠭ᠃ ᠠᠷᠠᠰᠤᠨ ᠱᠠᠬᠠᠢ ᠶᠢᠨ ᠲᠣᠰᠣ ᠶᠢ ᠬᠡᠷᠡᠭᠯᠡᠬᠦ ᠦᠭᠡᠢ ᠤᠳᠠᠪᠠᠯ | ᠬᠠᠲᠠᠭᠤᠷᠠᠳᠠᠭ᠂ ᠬᠡᠳᠦᠨ ᠲᠤᠰᠤᠯ ᠦᠨᠢᠶᠡᠨ ᠰᠦ ᠳᠤᠰᠤᠭᠠᠪᠠᠯ ᠱᠠᠬᠠᠢ ᠶᠢᠨ ᠲᠣᠰᠣ ᠴᠢᠨᠢ ᠵᠥᠭᠡᠯᠡᠷᠡᠵᠦ ᠰᠢᠨ᠎ᠡ ᠲᠣᠰᠣ ᠲᠠᠢ ᠠᠳᠠᠯᠢ ᠪᠤᠯᠳᠠᠭ᠃ ᠳᠠᠪᠤᠰᠤᠯᠠᠭᠰᠠᠨ | ᠨᠣᠭᠤᠭ᠎ᠠ ᠪᠤᠶᠤ ᠵᠢᠭᠠᠰᠤ ᠬᠢᠭᠰᠡᠨ ᠰᠠᠪᠠ ᠶᠢ ᠼᠦ ᠲᠠᠢ ᠬᠠᠯᠠᠭᠤᠨ ᠤᠰᠤ ᠪᠠᠷ ᠤᠬᠢᠶᠠᠪᠠᠯ ᠦᠨᠦᠷ ᠨᠢ ᠠᠷᠢᠯᠳᠠᠭ᠃ᠵᠢᠭᠠᠰᠤᠨ ᠤ ᠬᠠᠶᠢᠷᠰᠤ ᠶᠢ ᠬᠤᠰᠤᠵᠤ | ᠠᠷᠢᠯᠭᠠᠬᠤ ᠳᠠᠭᠠᠨ ᠵᠢᠭᠠᠰᠤ ᠪᠠᠨ ᠼᠦ ᠲᠠᠢ ᠤᠰᠤᠨ ᠳᠤ ᠪᠠᠭ᠋ᠠᠨ ᠳᠡᠪᠲᠦᠭᠡᠭᠡᠳ ᠬᠤᠰᠤᠪᠠᠯ ᠬᠠᠶᠢᠷᠰᠤ ᠨᠢ ᠭᠢᠯᠪᠠᠷ ᠠᠷᠢᠯᠤᠨ᠎ᠠ᠃ ᠵᠢᠭᠠᠰᠤᠨ ᠤ ᠬᠠᠶᠢᠷᠰᠤ ᠶᠢ | ᠬᠤᠰᠤᠵᠤ ᠠᠷᠢᠯᠭᠠᠬᠤ ᠳᠠᠭᠠᠨ ᠵᠢᠭᠠᠰᠤ ᠪᠠᠨ ᠼᠦ ᠲᠠᠢ ᠤᠰᠤᠨ ᠳᠤ ᠪᠠᠭ᠋ᠠᠨ ᠳᠡᠪᠲᠦᠭᠡᠭᠡᠳ ᠬᠤᠰᠤᠪᠠᠯ ᠬᠠᠶᠢᠷᠰᠤ ᠨᠢ ᠭᠢᠯᠪᠠᠷ ᠠᠷᠢᠯᠤᠨ᠎ᠠ᠃ | | |