ᠸᠢᠴᠠᠲ ᠤᠨ ᠳ᠋ᠤᠭᠠᠷ ᠢᠶᠠᠨ 50 ᠲᠦᠮᠡᠨ ᠲᠥᠭᠦᠷᠢᠭ ᠢᠶᠠᠷ ᠬᠤᠳᠠᠯᠳᠤᠭᠠᠳ ᠁
ᠨᠡᠶᠢᠲᠡᠯᠡᠭᠰᠡᠨ ᠴᠠᠭ᠄
2024/12/5
      ᠣᠶᠢᠷ᠎ᠠ ᠳᠤ᠂ ᠵᠢᠶᠠᠩᠰᠤ ᠮᠤᠵᠢ ᠶᠢᠨ ᠠᠷᠠᠳ ᠤᠨ ᠥᠨᠳᠥᠷ ᠵᠡᠷᠭᠡ ᠶᠢᠨ ᠰᠢᠭᠦᠬᠦ ᠬᠤᠷᠢᠶ᠎ᠠ ᠶᠢᠨ ᠨᠡᠶᠢᠲᠡᠯᠡᠭᠰᠡᠨ ᠵᠢᠶᠠᠩ ᠶᠢᠨ ᠤ ᠰᠢᠭᠦᠬᠦ ᠬᠤᠷᠢᠶ᠎ᠠ ᠶᠢᠨ  ᠸᠢᠴᠠᠲ ᠢᠶᠠᠨ ᠠᠷᠠᠯᠵᠢᠶᠠᠯᠠᠭᠰᠠᠨ ᠲᠤᠬᠠᠢ ᠨᠡᠶᠢᠲᠡᠯᠢᠭ ᠬᠡᠷᠡᠭ ᠤᠨ ᠵᠢᠱᠢᠶ᠎ᠡ ᠨᠢ ᠬᠥᠮᠥᠰ ᠤᠨ ᠠᠩᠬᠠᠷᠤᠯ ᠢ ᠲᠠᠲᠠᠪᠠ᠃      2019 ᠣᠨ ᠤ 9 ᠳ᠋ᠦ᠋ᠭᠡᠷ ᠰᠠᠷ᠎ᠠ ᠳᠤ᠂ ᠡᠮᠴᠢᠯᠡᠭᠡᠨ ᠤ ᠭᠤᠸᠠᠯᠢᠭᠵᠢᠯ ᠤᠨ ᠰᠦᠯᠵᠢᠶᠡᠨ ᠤ ᠤᠳᠤ ᠴᠧᠩ ᠣᠪᠣᠭᠲᠤ 50 ᠲᠦᠮᠡᠨ ᠲᠥᠭᠦᠷᠢᠭ ᠤᠨ  ᠦᠨ᠎ᠡ ᠪᠠᠷ 9 ᠸᠢᠴᠠᠲ ᠢᠶᠠᠨ ᠵᠣᠣ ᠣᠪᠣᠭᠲᠤ ᠳᠤ ᠰᠢᠯᠵᠢᠭᠦᠯᠦᠨ ᠥᠭᠴᠦ ᠬᠡᠷᠡᠭᠯᠡᠭᠦᠯᠬᠦ ᠪᠠᠷ ᠲᠣᠬᠢᠷᠠᠭᠰᠠᠨ ᠪᠣᠯᠪᠠᠴᠤ ᠵᠣᠣ ᠣᠪᠣᠭᠲᠤ ᠵᠥᠪᠬᠡᠨ 30 ᠲᠦᠮᠡᠨ  ᠲᠥᠭᠦᠷᠢᠭ ᠲᠥᠯᠥᠭᠰᠡᠨ ᠪᠠᠶᠢᠨ᠎ᠠ᠃ ᠵᠤᠤ ᠣᠪᠣᠭᠲᠤ ᠦᠯᠡᠳᠡᠭᠰᠡᠨ 20 ᠲᠦᠮᠡᠨ ᠲᠥᠭᠦᠷᠢᠭ ᠢ ᠲᠥᠯᠥᠭᠰᠡᠨ ᠦᠭᠡᠢ ᠤᠴᠢᠷ ᠠᠴᠠ ᠴᠧᠩ ᠣᠪᠣᠭᠲᠤ ᠰᠢᠭᠦᠬᠦ  ᠬᠤᠷᠢᠶᠠᠨ ᠳᠤ ᠵᠠᠭᠠᠯᠳᠤᠵᠤ᠂ ᠵᠤᠤ ᠣᠪᠣᠭᠲᠤ ᠪᠠᠷ ᠦᠯᠡᠳᠡᠭᠰᠡᠨ ᠵᠣᠭᠤᠰ ᠢ ᠲᠥᠯᠥᠭᠦᠯᠬᠦ ᠶᠢᠨ ᠬᠠᠮᠲᠤ ᠲᠣᠬᠢᠷᠠᠯᠴᠠᠭ᠎ᠠ ᠶᠢ ᠵᠥᠷᠢᠴᠡᠭᠰᠡᠨ ᠬᠠᠷᠢᠭᠤᠴᠠᠯᠭ᠎ᠠ  ᠡᠭᠦᠷᠭᠡᠯᠡᠭᠦᠯᠬᠦ ᠪᠠᠷ ᠱᠠᠭᠠᠷᠳᠠᠵᠠᠢ᠃          ᠵᠢᠶᠠᠩ ᠶᠢᠨ ᠤ ᠰᠢᠭᠦᠬᠦ ᠬᠤᠷᠢᠶ᠎ᠠ ᠰᠢᠭᠦᠬᠦ ᠪᠠᠷ ᠳᠠᠮᠵᠢᠭᠠᠳ᠂ ᠵᠠᠭᠠᠯᠳᠤᠭᠴᠢ ᠵᠠᠭᠠᠯᠳᠤᠭᠳᠠᠭᠴᠢ ᠶᠢᠨ ᠬᠤᠭᠤᠷᠣᠨᠳᠣᠬᠢ ᠸᠢᠴᠠᠲ ᠤᠨ ᠲᠠᠩᠰᠠᠨ ᠨᠣᠮᠧᠷ ᠤᠨ  ᠠᠷᠠᠯᠵᠢᠶ᠎ᠠ ᠶᠢ ᠬᠦᠴᠦᠨ ᠦᠭᠡᠢ ᠭᠡᠵᠦ ᠦᠵᠡᠭᠡᠳ᠂ ᠵᠠᠭᠠᠯᠳᠤᠭᠴᠢ ᠶᠢᠨ ᠪᠥᠬᠦ ᠵᠠᠷᠭᠤ ᠶᠢᠨ ᠭᠤᠶᠤᠴᠢᠯᠠᠯ ᠢ ᠪᠤᠴᠠᠭᠠᠬᠤ ᠪᠠᠷ ᠲᠡᠰᠦᠯᠪᠡ᠃ ᠰᠢᠭᠦᠬᠦ ᠬᠤᠷᠢᠶ᠎ᠠ  ᠲᠠᠶᠢᠯᠪᠤᠷᠢᠯᠠᠬᠤ ᠳᠠᠭᠠᠨ᠂ ᠴᠧᠩ ᠣᠪᠣᠭᠲᠤ ᠪᠣᠯᠣᠨ ᠵᠣᠣ ᠣᠪᠣᠭᠲᠤ ᠴᠥᠮ ᠡᠮᠴᠢᠯᠡᠭᠡᠨ ᠤ ᠭᠤᠸᠠᠯᠢᠭᠵᠢᠯ ᠤᠨ ᠠᠵᠢᠯ ᠲᠥᠷᠥᠯ ᠡᠷᠭᠢᠯᠡᠵᠦ ᠪᠠᠶᠢᠨ᠎ᠠ᠂ ᠲᠠᠳᠠ 9  ᠸᠢᠴᠠᠲ ᠤᠨ ᠲᠠᠩᠰᠠᠨ ᠨᠣᠮᠧᠷ ᠢ ᠰᠢᠯᠵᠢᠭᠦᠯᠦᠭᠰᠡᠨ ᠨᠢ ᠦᠨᠡᠨ ᠳᠡᠭᠡᠨ ᠲᠡᠭᠦᠨ ᠤ ᠳᠣᠲᠣᠷᠠᠬᠢ ᠬᠡᠷᠡᠭᠯᠡᠭᠴᠢ ᠶᠢᠨ ᠡᠬᠢ ᠪᠠᠶᠠᠯᠢᠭ ᠢ ᠰᠢᠯᠵᠢᠭᠦᠯᠦᠨ ᠠᠰᠢᠭᠯᠠᠬᠤ ᠶᠢᠨ  ᠲᠥᠯᠥᠭᠡ ᠶᠤᠮ᠃ ᠵᠣᠣ ᠣᠪᠣᠭᠲᠤ ᠸᠢᠴᠠᠲ ᠤᠨ ᠲᠠᠩᠰᠠᠨ ᠨᠣᠮᠧᠷ ᠢ ᠥᠨᠳᠥᠷ ᠦᠨ᠎ᠡ ᠪᠠᠷ ᠬᠤᠳᠠᠯᠳᠤᠨ ᠠᠪᠤᠭᠰᠠᠨ ᠨᠢ ᠡᠳᠡᠭᠡᠷ ᠸᠢᠴᠠᠲ ᠲᠤ ᠶᠡᠭᠡ ᠬᠡᠮᠵᠢᠶᠡᠨ ᠤ  ᠵᠣᠴᠢᠳ ᠤᠨ ᠰᠤᠷᠠᠭ ᠵᠠᠩᠭᠢ ᠪᠠᠶᠢᠬᠤ ᠠᠴᠠ ᠪᠣᠯᠤᠭᠰᠠᠨ ᠶᠤᠮ ᠭᠡᠵᠡᠢ᠃      ︽ᠢᠷᠭᠡᠨ ᠤ ᠬᠠᠤᠯᠢ ᠶᠢᠨ ᠪᠦᠷᠢᠨ ᠪᠣᠳᠢ︾ ᠶᠢᠨ ᠮᠢᠩᠭ᠎ᠠ ᠪᠥᠭᠡᠳ ᠭᠤᠴᠢᠨ ᠨᠠᠢᠮᠠᠳᠤᠭᠠᠷ ᠵᠤᠷᠪᠤᠰ ᠲᠤ᠄ ︽ᠲᠤᠰ ᠬᠥᠮᠥᠨ ᠤ ᠵᠥᠪᠰᠢᠶᠡᠷᠡᠯ ᠦᠭᠡᠢ ᠪᠠᠷ ᠬᠤᠪᠢ  ᠬᠥᠮᠥᠨ ᠤ ᠮᠡᠳᠡᠭᠡ ᠵᠠᠩᠭᠢ ᠶᠢ ᠪᠤᠰᠤᠳ ᠲᠤ ᠬᠠᠤᠯᠢ ᠪᠤᠰᠤ ᠪᠠᠷ ᠬᠠᠩᠭᠠᠵᠤ ᠪᠣᠯᠬᠤ ᠦᠭᠡᠢ︾ ᠭᠡᠵᠦ ᠲᠣᠭᠲᠠᠭᠠᠵᠠᠢ᠃ ᠬᠤᠶᠠᠷ ᠲᠠᠯ᠎ᠠ ᠪᠠᠷ ᠢᠶᠠᠨ ᠸᠢᠴᠠᠲ ᠲᠠᠬᠢ  ᠬᠡᠷᠡᠭᠯᠡᠭᠴᠢ ᠶᠢᠨ ᠡᠬᠢ ᠪᠠᠶᠠᠯᠢᠭ ᠢ ᠰᠢᠯᠵᠢᠭᠦᠯᠦᠭᠰᠡᠨ ᠨᠢ ᠬᠠᠤᠯᠢ ᠴᠠᠭᠠᠵᠠ ᠶᠢᠨ ᠲᠣᠭᠲᠠᠭᠠᠯ ᠢ ᠵᠥᠷᠢᠴᠡᠭᠰᠡᠨ ᠶᠠᠪᠤᠳᠠᠯ ᠪᠣᠯᠣᠨ᠎ᠠ᠃   
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ