O ᠬᠡᠯᠪᠡᠷᠢ ᠶᠢᠨ ᠴᠢᠰᠤ ᠶᠢ ᠪᠤᠷᠤᠭᠤ ᠶᠡᠭᠦᠯᠡᠪᠡᠯ ᠮᠠᠰᠢ ᠠᠶᠤᠯ ᠲᠠᠢ︕
ᠨᠡᠶᠢᠲᠡᠯᠡᠭᠰᠡᠨ ᠴᠠᠭ᠄
2024/12/5
    ᠮᠠᠰᠢ ᠣᠯᠠᠨ ᠬᠥᠮᠥᠨ ᠤ ᠦᠵᠡᠬᠦ ᠪᠠᠷ᠂ ᠴᠢᠰᠤᠨ ᠤ ᠬᠡᠯᠪᠡᠷᠢ ᠶᠢ ᠭᠤᠣᠯᠳᠠᠭᠤ A ᠬᠡᠯᠪᠡᠷᠢ᠂ B ᠬᠡᠯᠪᠡᠷᠢ᠂ AB ᠬᠡᠯᠪᠡᠷᠢ᠂ O ᠬᠡᠯᠪᠡᠷᠢ ᠭᠡᠵᠦ 4 ᠲᠥᠷᠥᠯ ᠳᠤ  ᠬᠤᠪᠢᠶᠠᠨ᠎ᠠ᠃ ᠡᠭᠦᠨ ᠳᠤ AB ᠬᠡᠯᠪᠡᠷᠢ ᠶᠢᠨ ᠬᠥᠮᠥᠨ ᠶᠠᠮᠠᠷ ᠴᠤ ᠬᠡᠯᠪᠡᠷᠢ ᠶᠢᠨ ᠴᠢᠰᠤ ᠶᠡᠭᠦᠯᠡᠬᠦ ᠶᠢ ᠬᠦᠯᠢᠶᠡᠨ ᠠᠪᠴᠤ ᠪᠣᠯᠣᠨ᠎ᠠ᠂ ᠬᠠᠷᠢᠨ O ᠬᠡᠯᠪᠡᠷᠢ ᠶᠢᠨ ᠴᠢᠰᠤ   ᠨᠢ ᠶᠠᠮᠠᠷ ᠴᠤ ᠬᠥᠮᠥᠨ ᠳᠤ ᠶᠡᠭᠦᠯᠡᠨ ᠥᠭᠴᠦ ᠪᠣᠯᠣᠨ᠎ᠠ ᠭᠡᠳᠡᠭ᠃ ᠭᠡᠪᠡᠴᠦ ᠡᠶᠢᠮᠦ ᠪᠤᠳᠤᠯ ᠪᠣᠯ ᠨᠡᠯᠢᠶᠡᠳ ᠥᠷᠥᠭᠡᠰᠦᠭᠡᠯ ᠶᠤᠮ᠃            ᠬᠡᠪ ᠤᠨ ᠪᠠᠶᠢᠳᠠᠯ ᠳᠣᠣᠷ᠎ᠠ᠂ A ᠬᠡᠯᠪᠡᠷᠢ ᠶᠢᠨ ᠴᠢᠰᠤ ᠲᠠᠢ ᠬᠥᠮᠥᠨ ᠳᠤ A ᠬᠡᠯᠪᠡᠷᠢ ᠶᠢᠨ ᠴᠢᠰᠤ ᠶᠡᠭᠦᠯᠡᠨ᠎ᠡ᠂ B ᠬᠡᠯᠪᠡᠷᠢ ᠶᠢᠨ ᠴᠢᠰᠤ ᠲᠠᠢ ᠬᠥᠮᠥᠨ ᠳᠤ B  ᠬᠡᠯᠪᠡᠷᠢ ᠶᠢᠨ ᠴᠢᠰᠤ ᠶᠡᠭᠦᠯᠡᠨ᠎ᠡ᠃ ᠬᠡᠷᠪᠡ ᠪᠤᠰᠤᠳ ᠲᠥᠷᠥᠯ ᠤᠨ ᠴᠢᠰᠤ ᠶᠢ ᠶᠡᠭᠦᠯᠡᠪᠡᠯ ᠴᠢᠰᠤᠨ ᠳᠤ ᠤᠷᠪᠠᠯ ᠡᠭᠦᠰᠦᠨ᠎ᠡ᠃ ᠶᠠᠮᠠᠷ ᠴᠢᠰᠤᠨ ᠬᠡᠯᠪᠡᠷᠢ ᠪᠣᠯᠤᠭᠰᠠᠨ ᠴᠤ  ᠪᠦᠷ ᠴᠢᠰᠤ ᠶᠡᠭᠦᠯᠡᠬᠦ ᠠᠴᠠ ᠡᠮᠦᠨ᠎ᠡ ABO ᠪᠠ Rh ᠴᠢᠰᠤᠨ ᠬᠡᠯᠪᠡᠷᠢ ᠶᠢ ᠰᠣᠯᠪᠢᠴᠠᠨ ᠰᠢᠯᠭᠠᠯᠲᠠ ᠬᠢᠨ᠎ᠡ᠂ ᠬᠡᠷᠪᠡ ᠴᠢᠰᠤᠨ ᠬᠡᠯᠪᠡᠷᠢ ᠶᠢ ᠪᠤᠷᠤᠭᠤ ᠶᠡᠭᠦᠯᠡᠪᠡᠯ᠂  ᠳᠠᠭᠠᠷᠠᠳᠠᠰᠤ ᠬᠦᠷᠬᠦ᠂ ᠶᠡᠭᠡ ᠬᠠᠯᠠᠭᠤᠷᠠᠬᠤ᠂ ᠳᠤᠷ᠎ᠠ ᠪᠣᠯᠭᠢᠬᠤ᠂ ᠪᠥᠭᠡᠯᠵᠢᠬᠦ ᠵᠡᠷᠭᠡ ᠴᠢᠰᠤ ᠶᠡᠭᠦᠯᠡᠭᠰᠡᠨ ᠲᠤᠰᠬᠠᠯ ᠭᠠᠷᠴᠤ᠂ ᠬᠦᠨᠳᠦ ᠨᠢ ᠦᠬᠦᠬᠦ ᠠᠶᠤᠯᠲᠠᠢ ᠪᠠᠶᠢᠳᠠᠭ᠃           ᠡᠳᠦᠷ ᠲᠤᠲᠤᠮ ᠤᠨ ᠠᠮᠢᠳᠤᠷᠠᠯ ᠳᠤᠮᠳᠠ᠂ ᠬᠥᠮᠥᠰ ᠤᠨ ᠬᠡᠯᠡᠳᠡᠭ ︽ᠲᠡᠭᠦᠰ ᠴᠢᠳᠠᠪᠤᠷᠢᠲᠤ ᠴᠢᠰᠤ︾ ᠭᠡᠳᠡᠭ ᠨᠢ O ᠬᠡᠯᠪᠡᠷᠢ ᠶᠢᠨ ᠴᠢᠰᠤ ᠶᠢ ᠵᠢᠭᠠᠵᠤ ᠪᠠᠶᠢᠨ᠎ᠠ᠃ O ᠬᠡᠯᠪᠡᠷᠢ ᠶᠢᠨ ᠴᠢᠰᠤ ᠶᠢ ︽ᠲᠡᠭᠦᠰ ᠴᠢᠳᠠᠪᠤᠷᠢᠲᠤ ᠴᠢᠰᠤ︾ ᠭᠡᠵᠦ ᠦᠵᠡᠵᠦ ᠪᠠᠶᠢᠬᠤ ᠶᠢᠨ ᠤᠴᠢᠷ ᠨᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠳᠡᠭᠡᠷ᠎ᠡ A᠂ B ᠡᠰᠡᠷᠭᠦ ᠲᠦᠷᠦᠭᠴᠢ ᠪᠠᠶᠢᠬᠤ ᠦᠭᠡᠢ᠂ O ᠬᠡᠯᠪᠡᠷᠢ ᠶᠢᠨ ᠴᠢᠰᠤᠨ ᠤ ᠤᠯᠠᠭᠠᠨ ᠡᠰ ᠢ A᠂ B᠂ AB ᠬᠡᠯᠪᠡᠷᠢ ᠶᠢᠨ ᠡᠪᠡᠳᠴᠢᠲᠡᠨ ᠳᠤ ᠶᠡᠭᠦᠯᠡᠨ ᠥᠭᠬᠦ  ᠶᠢ  ᠲᠦᠷ ᠴᠠᠭ ᠤᠨ ᠪᠠᠴᠢᠮ ᠠᠪᠤᠷᠠᠯᠲᠠ ᠳᠤ ᠯᠡ ᠬᠡᠷᠡᠭᠯᠡᠵᠦ ᠪᠣᠯᠣᠨ᠎ᠠ᠃ ᠡᠭᠦᠨ ᠠᠴᠠ ᠪᠣᠯᠵᠤ ᠡᠮᠴᠢᠯᠡᠭᠡᠨ ᠳᠡᠭᠡᠷ᠎ᠡ ᠦᠷᠭᠦᠯᠵᠢ O ᠬᠡᠯᠪᠡᠷᠢ ᠶᠢᠨ ᠴᠢᠰᠤᠨ ᠤ ︽ᠤᠯᠠᠭᠠᠨ  ᠡᠰ ᠢ ᠤᠬᠢᠶᠠᠬᠤ︾ ᠪᠠᠷ A᠂ B᠂ AB ᠬᠡᠯᠪᠡᠷᠢ ᠶᠢᠨ ᠡᠪᠡᠳᠴᠢᠲᠡᠨ ᠳᠤ ᠴᠢᠰᠤ ᠶᠡᠭᠦᠯᠡᠳᠡᠭ᠃ ᠭᠡᠲᠡᠯ᠎ᠡ ᠡᠶᠢᠮᠦ ᠦᠵᠡᠯᠲᠡ ᠪᠣᠯ ᠲᠤᠩ ᠪᠤᠷᠤᠭᠤ ᠶᠤᠮ᠂ ︽ᠲᠡᠭᠦᠰ  ᠴᠢᠳᠠᠯᠲᠤ ᠴᠢᠰᠤ︾ ᠭᠡᠳᠡᠭ ᠨᠢ ᠦᠨᠡᠨ ᠳᠡᠭᠡᠨ ︽ᠲᠡᠭᠦᠰ ᠴᠢᠳᠠᠯᠲᠤ︾ ᠪᠢᠰᠢ ᠮᠥᠷᠲᠡᠭᠡᠨ ᠲᠤᠩ ᠠᠶᠤᠯᠲᠠᠢ ᠶᠤᠮ᠃ O ᠬᠡᠯᠪᠡᠷᠢ ᠶᠢᠨ ᠴᠢᠰᠤᠨ ᠡᠭᠡᠳᠡᠩ ᠳᠤ A᠂  B ᠶᠢᠨ ᠡᠰᠡᠷᠭᠦ ᠪᠡᠶ᠎ᠡ ᠠᠭᠤᠯᠤᠭᠳᠠᠨ᠎ᠠ᠂ O ᠬᠡᠯᠪᠡᠷᠢ ᠶᠢᠨ ᠴᠢᠰᠤᠨ ᠡᠭᠡᠳᠡᠩ ᠢ A᠂ B᠂ AB ᠬᠡᠯᠪᠡᠷᠢ ᠶᠢᠨ ᠡᠪᠡᠳᠴᠢᠲᠡᠨ ᠤ ᠪᠡᠶ᠎ᠡ ᠳᠤ ᠶᠡᠭᠦᠯᠡᠪᠡᠯ᠂ ᠲᠡᠷᠡ ᠳᠠᠷᠤᠢ  ᠡᠭᠡᠳᠡᠬᠦ ᠤᠷᠪᠠᠯ ᠡᠭᠦᠰᠴᠦ᠂ ᠴᠢᠰᠤ ᠬᠦᠷᠲᠡᠭᠰᠡᠳ ᠤᠨ ᠤᠯᠠᠭᠠᠨ ᠡᠰ ᠬᠦᠨᠳᠦ ᠨᠣᠴᠢᠲᠠᠢ ᠡᠪᠳᠡᠯᠡᠭᠡ ᠳᠤ ᠤᠴᠠᠷᠠᠵᠤ ᠴᠢᠰᠤ ᠬᠠᠶᠢᠯᠬᠤ ᠪᠣᠯᠣᠨ᠎ᠠ᠃ ᠡᠶᠢᠮᠦ ᠠᠴᠠ O  ᠬᠡᠯᠪᠡᠷᠢ ᠶᠢᠨ ᠴᠢᠰᠤᠨ ᠡᠭᠡᠳᠡᠩ ᠢ ᠪᠤᠰᠤᠳ ᠴᠢᠰᠤᠨ ᠬᠡᠯᠪᠡᠷᠢ ᠶᠢᠨ ᠴᠢᠰᠤ ᠬᠦᠯᠢᠶᠡᠭᠴᠢ ᠳᠤ ᠶᠡᠭᠦᠯᠡᠨ ᠥᠭᠬᠦ ᠶᠢ ᠬᠤᠷᠢᠭᠯᠠᠪᠠᠯ ᠵᠣᠬᠢᠨ᠎ᠠ᠃ 
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ