ᠭᠡᠵᠢᠭᠡ ᠪᠤᠲᠤᠬᠤ ᠨᠢ ᠦᠰᠦ ᠤᠨᠠᠵᠤ ᠦᠮᠠᠨ ᠡᠭᠦᠰᠬᠡᠨ᠎ᠡ ᠤᠤ︖
ᠨᠡᠶᠢᠲᠡᠯᠡᠭᠰᠡᠨ ᠴᠠᠭ᠄
2024/12/5
    ᠬᠢᠮᠢ ᠶᠢᠨ ᠭᠡᠵᠢᠭᠡᠨ ᠪᠤᠳᠤᠭ ᠲᠠᠢ ᠬᠠᠷᠢᠴᠠᠭᠤᠯᠪᠠᠯ᠂ ᠤᠷᠭᠤᠮᠠᠯ ᠤᠨ ᠭᠡᠵᠢᠭᠡᠨ ᠪᠤᠳᠤᠭ ᠨᠡᠯᠢᠶᠡᠳ ᠠᠮᠤᠷ ᠲᠦᠪᠰᠢᠨ ᠶᠤᠮ᠂ ᠲᠡᠷᠡ ᠨᠢ ᠭᠤᠣᠯᠳᠠᠭᠤ  ᠪᠠᠶᠢᠭᠠᠯᠢ ᠶᠢᠨ ᠪᠦᠲᠦᠭᠡᠭᠳᠡᠬᠦᠨ ᠪᠣᠯᠣᠨ᠎ᠠ᠃ ᠬᠢᠮᠢ ᠶᠢᠨ ᠭᠡᠵᠢᠭᠡᠨ ᠪᠤᠳᠤᠭ ᠲᠤ ᠪᠦᠷ ᠨᠢᠭᠡ ᠵᠦᠢᠯ ᠤᠨ ᠬᠢᠮᠢ ᠶᠢᠨ ᠪᠣᠳᠠᠰ -ᠡᠰᠡᠷᠭᠦ ᠪᠧᠨ᠋ᠽᠧᠨ ᠤ ᠬᠤᠶᠠᠷᠴᠢ ᠠᠮᠢᠨ︵对 苯二胺︶ᠠᠭᠤᠯᠳᠠᠭ᠃ 2017 ᠣᠨ ᠤ ᠳᠡᠯᠡᠬᠡᠢ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠣᠯᠠᠨ ᠤᠯᠤᠰ ᠤᠨ ᠥᠮᠡᠨ ᠡᠪᠡᠳᠴᠢᠨ ᠤ  ᠰᠤᠳᠤᠯᠭᠠᠨ ᠤ ᠪᠠᠶᠢᠭᠤᠯᠤᠮᠵᠢ ᠶᠢᠨ ᠨᠡᠶᠢᠲᠡᠯᠡᠭᠰᠡᠨ ᠥᠮᠡᠨ ᠡᠭᠦᠰᠬᠡᠬᠦ ᠪᠣᠳᠠᠰ ᠤᠨ ᠲᠣᠳᠣᠷᠬᠠᠢ ᠪᠠᠶᠢᠴᠠᠭᠠᠯᠲᠠ ᠶᠢ ᠦᠨᠳᠦᠰᠦᠯᠡᠪᠡᠯ᠂ ᠡᠨᠡᠬᠦ ᠬᠢᠮᠢ ᠶᠢᠨ ᠪᠣᠳᠠᠰ -ᠡᠰᠡᠷᠭᠦ  ᠪᠧᠨ᠋ᠽᠧᠨ ᠤ ᠬᠤᠶᠠᠷᠴᠢ ᠠᠮᠢᠨ ᠨᠢ ᠭᠤᠷᠪᠠᠳᠤᠭᠠᠷ ᠲᠥᠷᠥᠯ ᠤᠨ ᠥᠮᠡᠨ ᠡᠭᠦᠰᠬᠡᠭᠴᠢ ᠪᠣᠳᠠᠰ ᠮᠥᠨ᠂ ᠲᠤᠬᠠᠶᠢᠯᠠᠪᠠᠯ ᠣᠷᠳᠣ ᠬᠤᠭᠤᠴᠠᠭ᠎ᠠ ᠪᠠᠷ ᠣᠶᠢᠷᠠᠲᠤᠪᠠᠯ ᠥᠮᠡᠨ  ᠡᠭᠦᠰᠬᠡᠬᠦ ᠲᠦᠭᠰᠢᠭᠦᠷᠢ ᠲᠠᠢ᠃ ᠬᠠᠶᠠ ᠦᠰᠦ ᠪᠤᠳᠤᠬᠤ  ᠳᠤ ᠥᠮᠡᠨ ᠡᠭᠦᠰᠬᠡᠬᠦ ᠦᠭᠡᠢ᠂ ᠭᠡᠪᠡᠴᠦ ᠬᠤᠶᠢᠬ᠎ᠠ ᠮᠠᠭᠤᠲᠠᠢ ᠬᠥᠮᠥᠰ ᠭᠡᠵᠢᠭᠡ ᠪᠠᠨ ᠪᠤᠳᠤᠬᠤ ᠦᠶ᠎ᠡ ᠳᠤ  ᠬᠠᠷᠰᠢᠬᠤ ᠦᠵᠡᠭᠳᠡᠯ ᠭᠠᠷᠴᠤ ᠮᠡᠳᠡᠨ᠎ᠡ᠃          ᠭᠡᠵᠢᠭᠡ ᠪᠣᠳᠣᠬᠤ ᠨᠢ ᠦᠨᠡᠬᠡᠷ ᠭᠡᠵᠢᠭᠡ ᠤᠨᠠᠬᠤ ᠠᠶᠤᠯ ᠢ ᠨᠡᠮᠡᠭᠳᠡᠭᠦᠯᠦᠨ᠎ᠡ᠃ ᠦᠰᠦ ᠪᠤᠳᠤᠬᠤ ᠡᠳ᠋ ᠲᠠᠬᠢ ᠬᠢᠮᠢ ᠶᠢᠨ ᠪᠣᠳᠠᠰ ᠨᠢ ᠨᠡᠯᠢᠶᠡᠳ ᠴᠢᠩᠭ᠎ᠠ  ᠰᠡᠳᠦᠯᠲᠡ ᠶᠢᠨ ᠴᠢᠨᠠᠷᠲᠠᠢ᠂ ᠳᠠᠬᠢᠨ ᠳᠠᠪᠲᠠᠨ ᠦᠰᠦ ᠪᠤᠳᠤᠬᠤ ᠨᠢ ᠬᠤᠶᠢᠬ᠎ᠠ ᠪᠠ ᠦᠰᠦᠨ ᠰᠦᠪᠡ ᠶᠢᠨ ᠦᠷᠪᠢᠰᠦᠯ  ᠢ ᠡᠭᠦᠰᠬᠡᠵᠦ ᠮᠡᠳᠡᠨ᠎ᠡ᠂ ᠤᠳᠠᠭᠠᠨ ᠳᠠᠭᠠᠨ  ᠦᠰᠦᠨ ᠰᠦᠪᠡ ᠬᠵᠠᠭᠠᠭᠳᠠᠵᠤ᠂ ᠦᠰᠦ  ᠨᠠᠷᠢᠰᠴᠤ᠂ ᠦᠰᠦ ᠤᠨᠠᠬᠤ ᠲᠦᠭᠰᠢᠭᠦᠷᠢ ᠶᠢ ᠨᠡᠮᠡᠭᠳᠡᠭᠦᠯᠦᠨ᠎ᠡ᠃          ᠪᠠᠶᠢᠩᠭᠤ ᠶᠢᠨ ᠴᠢᠨᠠᠷᠲᠠᠢ ᠭᠡᠵᠢᠭᠡᠨ ᠪᠤᠳᠤᠭ ᠢ ᠬᠡᠷᠡᠭᠯᠡᠬᠦ  ᠳᠤ᠂ ᠬᠢᠮᠢ ᠶᠢᠨ ᠪᠣᠳᠠᠰ ᠨᠢ ᠦᠰᠦᠨ ᠤ ᠡᠪᠡᠷᠯᠢᠭ ᠳᠠᠪᠬᠤᠷᠭ᠎ᠠ ᠶᠢ ᠨᠡᠭᠡᠭᠡᠳᠡᠭ᠂ ᠭᠡᠬᠦ ᠳᠤ ᠡᠪᠡᠷᠯᠢᠭ  ᠳᠠᠪᠬᠤᠷᠭ᠎ᠠ ᠨᠢ ᠬᠠᠷᠢᠨ ᠭᠡᠵᠢᠭᠡᠨ ᠤ ᠲᠥᠷᠥᠯᠬᠢ ᠬᠠᠮᠠᠭᠠᠯᠠᠯᠲᠠ ᠶᠢᠨ ᠳᠠᠪᠬᠤᠷᠭ᠎ᠠ ᠪᠣᠯᠣᠨ᠎ᠠ᠂ ᠲᠡᠭᠦᠨ ᠤ ᠡᠪᠳᠡᠭᠳᠡᠯ ᠨᠢ ᠦᠰᠦᠨ ᠤ ᠡᠳ᠋ ᠲᠤ ᠮᠠᠰᠢ ᠶᠡᠭᠡ ᠬᠤᠬᠢᠷᠠᠯ  ᠤᠴᠠᠷᠠᠭᠤᠯᠳᠠᠭ᠃ ᠪᠤᠳᠤᠭᠳᠠᠮᠠᠬᠠᠢ ᠡᠳ᠋ ᠳᠣᠲᠣᠷᠠᠬᠢ ᠹᠧᠨᠢᠯ ᠤᠨ ᠲᠥᠷᠥᠯ ᠤᠨ ᠣᠷᠭᠠᠨᠢᠭ ᠪᠣᠳᠠᠰ ᠨᠢ ᠲᠣᠯᠣᠭᠠᠢ ᠶᠢᠨ ᠬᠤᠶᠢᠬ᠎ᠠ ᠪᠠᠷ ᠳᠡᠮᠵᠢᠨ ᠬᠥᠮᠥᠨ ᠤ ᠪᠡᠶ᠎ᠡ ᠳᠤ  ᠣᠷᠣᠵᠤ᠂ ᠴᠢᠰᠤ ᠪᠦᠲᠦᠭᠡᠬᠦ ᠭᠤᠣᠯ ᠡᠰ ᠲᠤ ᠬᠤᠬᠢᠷᠠᠯ ᠤᠴᠠᠷᠠᠭᠤᠯᠵᠤ᠂ ᠴᠢᠰᠤᠨ ᠤ ᠰᠢᠰᠲ᠋ᠧᠮ ᠤᠨ ᠡᠪᠡᠳᠴᠢᠨ ᠢ ᠡᠭᠦᠰᠬᠡᠵᠦ ᠮᠡᠳᠡᠨ᠎ᠡ᠃            ᠶᠠᠮᠠᠷ ᠬᠥᠮᠥᠰ ᠦᠰᠦ ᠪᠤᠳᠤᠬᠤ ᠳᠤ ᠲᠣᠬᠢᠷᠠᠬᠤ ᠦᠭᠡᠢ ᠪᠣᠢ︖ ᠲᠣᠯᠣᠭᠠᠢ ᠶᠢᠨ ᠬᠤᠶᠢᠬ᠎ᠠ ᠪᠠ ᠠᠷᠠᠰᠤ ᠬᠥᠷᠥᠰᠥ ᠨᠢ ᠬᠠᠷᠰᠢᠮᠲᠤᠭᠠᠢ ᠬᠥᠮᠥᠰ᠂ ᠠᠷᠠᠰᠤ ᠨᠢ  ᠭᠡᠮᠲᠦᠭᠰᠡᠳ᠂ ᠵᠢᠷᠮᠦᠰᠦᠨ ᠡᠮᠡᠭᠲᠡᠢ ᠪᠠ ᠬᠥᠬᠦᠭᠦᠯ ᠡᠮᠡᠭᠲᠡᠶᠢᠴᠦᠳ᠂ ᠨᠠᠰᠤᠲᠠᠶᠢᠴᠤᠳ ᠪᠠ ᠡᠯᠢᠭᠡ ᠪᠥᠭᠡᠷ᠎ᠡ ᠮᠠᠭᠤᠲᠠᠢ ᠬᠥᠮᠥᠰ ᠦᠰᠦ ᠪᠤᠳᠤᠬᠤ ᠳᠤ ᠲᠣᠬᠢᠷᠠᠬᠤ  ᠦᠭᠡᠢ᠃ 
ᠢᠷᠡᠯᠲᠡ᠄ ᠬᠦᠯᠦᠨ ᠪᠤᠶᠢᠷ ᠬᠤᠳᠠ ᠶᠢᠨ ᠠᠷᠠᠳ ᠤᠨ ᠵᠠᠰᠠᠭ ᠤᠨ ᠤᠷᠳᠤᠨ