ᠬᠡᠳᠦᠨ ᠵᠦᠢᠯ ᠤᠨ ᠦᠯᠡᠳᠡᠪᠦᠷᠢ ᠢᠳᠡᠭᠡᠨ ᠢ ᠲᠠᠬᠢᠵᠦ ᠪᠢᠲᠡᠭᠡᠢ ᠢᠳᠡᠭᠡᠷᠡᠢ︕ | ᠨᠢᠭᠡ᠂ ᠮᠦᠬᠦ ᠶᠢᠨ ᠲᠦᠷᠦᠯ ᠤᠨ ᠢᠳᠡᠭᠡᠨ᠃ | ᠦᠯᠡᠳᠡᠭᠰᠡᠨ ᠮᠥᠭᠦ ᠶᠢ ᠲᠠᠬᠢᠵᠦ ᠬᠠᠯᠠᠭᠤᠯᠠᠭᠠᠳ ᠢᠳᠡᠪᠡᠯ ᠭᠡᠳᠡᠰᠦ ᠡᠪᠡᠳᠬᠦ᠂ ᠰᠠᠭᠤᠯᠭᠠᠬᠤ ᠵᠡᠷᠭᠡ ᠡᠪᠡᠳᠴᠢᠨ ᠤ ᠢᠯᠡᠷᠡᠯ ᠭᠠᠷᠴᠤ ᠮᠡᠳᠡᠨ᠎ᠡ᠂ ᠵᠠᠯᠭ᠎ᠠ ᠢᠩᠭᠢᠵᠦ | ᠢᠳᠡᠪᠡᠯ ᠰᠢᠩᠭᠡᠭᠡᠯᠲᠡ ᠶᠢᠨ ᠰᠢᠰᠲ᠋ᠧᠮ ᠤᠨ ᠬᠠᠪᠤᠳᠠᠷ ᠲᠤ ᠨᠡᠷᠪᠡᠭᠳᠡᠬᠦ ᠪᠣᠯᠣᠯᠴᠠᠭ᠎ᠠ ᠲᠠᠢ᠃ ᠡᠶᠢᠮᠦ ᠠᠴᠠ ᠮᠥᠭᠦ ᠶᠢ ᠬᠤᠶᠠᠳᠠᠭᠢ ᠤᠳᠠᠭ᠎ᠠ ᠬᠠᠯᠠᠭᠤᠯᠠᠵᠤ ᠢᠳᠡᠭᠰᠡᠨ ᠤ | ᠬᠡᠷᠡᠭ ᠦᠭᠡᠢ᠃ | ᠬᠤᠶᠠᠷ᠂ ᠳᠠᠯᠠᠢ ᠶᠢᠨ ᠢᠳᠡᠭᠡᠨ᠃ | ᠰᠠᠮ ᠬᠤᠷᠣᠬᠠᠢ᠂ ᠨᠠᠢᠮᠠᠯᠵᠢ ᠮᠡᠲᠦ ᠶᠢᠨ ᠳᠠᠯᠠᠢ ᠶᠢᠨ ᠢᠳᠡᠭᠡᠨ ᠤ ᠵᠦᠢᠯ ᠢ ᠬᠤᠶᠠᠳᠠᠭᠢ ᠤᠳᠠᠭ᠎ᠠ ᠬᠠᠯᠠᠭᠤᠯᠠᠵᠤ ᠢᠳᠡᠵᠦ ᠪᠣᠯᠬᠤ ᠦᠭᠡᠢ᠃ ᠢᠳᠡᠵᠦ ᠪᠠᠷᠠᠭᠰᠠᠨ | ᠦᠭᠡᠢ ᠳᠠᠯᠠᠢ ᠶᠢᠨ ᠢᠳᠡᠭᠡᠨ ᠢ ᠤᠳᠠᠭᠠᠨ ᠲᠠᠯᠪᠢᠪᠠᠯ ᠠᠮᠠᠷᠬᠠᠨ ᠪᠠᠺᠲ᠋ᠧᠷᠢ ᠪᠠ ᠬᠤᠣᠷᠲᠤ ᠡᠳ᠋ ᠡᠭᠦᠰᠴᠦ᠂ ᠡᠯᠢᠭᠡᠨ ᠤ ᠬᠤᠣᠷ ᠲᠠᠶᠢᠯᠬᠤ ᠳᠠᠷᠤᠭᠠᠰᠤ ᠶᠢ | ᠬᠦᠨᠳᠦᠷᠡᠭᠦᠯᠳᠡᠭ᠃ ᠳᠠᠯᠠᠢ ᠶᠢᠨ ᠢᠳᠡᠭᠡᠨ ᠢ ᠪᠠᠷᠢᠨ ᠬᠢᠵᠦ ᠪᠠᠷᠢᠨ ᠢᠳᠡᠪᠡᠯ ᠬᠠᠮᠤᠭ ᠰᠠᠶᠢᠨ᠃ | ᠭᠤᠷᠪᠠ᠂ ᠥᠷᠭᠡᠰᠦᠲᠦ ᠨᠣᠭᠤᠭ᠎ᠠ᠃ | ᠥᠷᠭᠡᠰᠦᠲᠦ ᠨᠣᠭᠤᠭ᠎ᠠ ᠶᠢᠨ ᠬᠦᠴᠢᠯ ᠤᠨ ᠠᠭᠤᠯᠤᠭᠳᠠᠴᠠ ᠶᠡᠭᠡ ᠪᠣᠯᠬᠤᠷ ᠣᠰᠣᠨ ᠳᠤ ᠪᠤᠴᠠᠯᠭᠠᠭᠰᠠᠨ ᠤ ᠳᠠᠷᠠᠭ᠎ᠠ ᠢᠳᠡᠬᠦ ᠬᠡᠷᠡᠭᠲᠡᠢ᠂ ᠡᠭᠦᠨ ᠤ ᠳᠡᠭᠡᠷ᠎ᠡ | ᠥᠷᠭᠡᠰᠦᠲᠦ ᠨᠣᠭᠤᠭ᠎ᠠ ᠳᠤ ᠪᠠᠰᠠ ᠶᠡᠭᠡ ᠬᠡᠮᠵᠢᠶᠡᠨ ᠤ ᠠᠽᠣᠲ ᠬᠦᠴᠢᠯ ᠤᠨ ᠳᠠᠪᠤᠰᠤ ᠠᠭᠤᠯᠤᠭᠳᠠᠨ᠎ᠠ᠂ ᠬᠡᠷᠪᠡ ᠬᠤᠶᠠᠳᠠᠭᠢ ᠤᠳᠠᠭ᠎ᠠ ᠬᠠᠯᠠᠭᠤᠯᠠᠪᠠᠯ ᠬᠥᠮᠥᠨ ᠤ | ᠪᠡᠶ᠎ᠡ ᠳᠤ ᠬᠤᠣᠷᠲᠠᠢ ᠪᠠᠶᠢᠳᠠᠭ᠃ | ᠳᠥᠷᠪᠡ᠂ ᠦᠨᠢᠶᠡᠨ ᠰᠦ᠃ | ᠦᠨᠢᠶᠡᠨ ᠰᠦ ᠶᠢ ᠳᠠᠬᠢᠨ ᠳᠠᠪᠲᠠᠨ ᠬᠠᠯᠠᠭᠠᠵᠤ ᠪᠣᠯᠬᠤ ᠦᠭᠡᠢ᠃ ᠴᠠᠭ ᠤᠳᠠᠪᠠᠯ ᠰᠦ ᠶᠢᠨ ᠴᠢᠨᠠᠷ ᠬᠤᠪᠢᠷᠠᠨ᠎ᠠ᠂ ᠠᠮᠠᠷᠬᠠᠨ ᠭᠡᠳᠡᠰᠦ ᠡᠪᠡᠳᠴᠦ ᠰᠠᠭᠤᠯᠭᠠᠬᠤ | ᠪᠣᠯᠣᠨ᠎ᠠ᠃ ᠡᠭᠦᠨ ᠠᠴᠠ ᠭᠠᠳᠠᠨ᠎ᠠ᠂ ᠦᠨᠢᠶᠡᠨ ᠰᠦ ᠶᠢ ᠳᠠᠬᠢᠨ ᠳᠠᠪᠲᠠᠨ ᠬᠠᠯᠠᠭᠠᠪᠠᠯ᠂ ᠦᠨᠢᠶᠡᠨ ᠰᠦ ᠳᠣᠲᠣᠷᠠᠬᠢ ᠤᠭᠤᠷᠠᠭ ᠤᠨ ᠴᠢᠨᠠᠷ ᠬᠤᠪᠢᠷᠠᠵᠤ᠂ ᠰᠢᠮ᠎ᠡ | ᠲᠡᠵᠢᠭᠡᠯ ᠳᠤᠲᠠᠭᠳᠠᠬᠤ ᠪᠣᠯᠣᠨ᠎ᠠ᠃ | ᠲᠠᠪᠤ᠂ ᠴᠠᠭᠠᠨ ᠳᠡᠯᠳᠡᠦ ᠶᠢᠨ ᠱᠥᠯᠥ᠃ | ᠴᠠᠭᠠᠨ ᠳᠡᠯᠳᠡᠦ ᠳᠣᠲᠣᠷ᠎ᠠ ᠨᠡᠯᠢᠶᠡᠳ ᠠᠷᠪᠢᠨ ᠠᠽᠣᠲ ᠬᠦᠴᠢᠯ ᠤᠨ ᠳᠠᠪᠤᠰᠤᠨ ᠤ ᠲᠦᠷᠦᠯ ᠠᠭᠤᠯᠤᠭᠳᠠᠵᠤ ᠪᠠᠶᠢᠳᠠᠭ ᠪᠣᠯᠬᠤᠷ ᠴᠠᠭᠠᠨ ᠳᠡᠯᠳᠡᠦ ᠶᠢᠨ | ᠱᠥᠯᠥ ᠶᠢ ᠤᠳᠠᠭᠠᠨ ᠲᠠᠯᠪᠢᠪᠠᠯ ᠠᠽᠣᠲ ᠬᠦᠴᠢᠯ ᠤᠨ ᠳᠠᠪᠤᠰᠤ ᠨᠢ ᠵᠠᠳᠠᠷᠠᠭᠠᠳ ᠳᠤᠲᠠᠮᠠᠭ ᠠᠽᠣᠲ ᠬᠦᠴᠢᠯ ᠤᠨ ᠳᠠᠪᠤᠰᠤ ᠪᠣᠯᠳᠠᠭ᠃ ᠳᠤᠲᠠᠮᠠᠭ ᠠᠽᠣᠲ | ᠬᠦᠴᠢᠯ ᠤᠨ ᠳᠠᠪᠤᠰᠤ ᠨᠢ ᠴᠢᠰᠤᠨ ᠳᠣᠲᠣᠷᠠᠬᠢ ᠴᠢᠰᠤᠨ ᠤ ᠤᠯᠠᠭᠠᠨ ᠤᠭᠤᠷᠠᠭ ᠤᠨ ᠬᠦᠴᠢᠯᠲᠥ᠋ᠷᠥᠭᠴᠢ ᠠᠴᠢᠶᠠᠯᠠᠬᠤ ᠴᠢᠳᠠᠪᠤᠷᠢ ᠶᠢ ᠠᠯᠳᠠᠭᠤᠯᠵᠤ᠂ ᠬᠥᠮᠥᠨ ᠤ | ᠪᠡᠶ᠎ᠡ ᠶᠢᠨ ᠬᠡᠪ ᠤᠨ ᠴᠢᠰᠤ ᠪᠦᠲᠦᠭᠡᠬᠦ ᠠᠵᠢᠯᠯᠠᠭ᠎ᠠ ᠶᠢ ᠡᠪᠳᠡᠵᠦ᠂ ᠡᠷᠡᠭᠦᠯ ᠮᠡᠨᠳᠦ ᠶᠢ ᠨᠥᠯᠥᠭᠡᠯᠡᠳᠡᠭ᠃ ᠡᠶᠢᠮᠦ ᠠᠴᠠ ᠥᠨᠵᠢᠭᠰᠡᠨ ᠴᠠᠭᠠᠨ ᠳᠡᠯᠳᠡᠦ ᠶᠢᠨ ᠱᠥᠯᠥ ᠶᠢ | ᠬᠠᠮᠤᠭ ᠰᠠᠶᠢᠨ ᠨᠢ ᠪᠤᠣ ᠤᠤᠭᠤ᠃ | ᠵᠢᠷᠭᠤᠭ᠎ᠠ᠂ ᠥᠨᠳᠡᠭᠡ᠃ | ᠱᠦᠷᠬᠡᠢ ᠥᠨᠳᠡᠭᠡ ᠭᠡᠳᠡᠭ ᠨᠢ ᠳᠤᠲᠠᠭᠤ ᠪᠤᠯᠭᠤᠭᠰᠠᠨ ᠥᠨᠳᠡᠭᠡ ᠶᠢ ᠵᠢᠭᠠᠨ᠎ᠠ᠂ ᠱᠦᠷᠬᠡᠢ ᠥᠨᠳᠡᠭᠡᠨ ᠳᠣᠲᠣᠷᠠᠬᠢ ᠰᠠᠯᠮᠤᠨᠧᠯ ᠪᠠᠺᠲ᠋ᠧᠷᠢ ᠲᠤᠶᠢᠯᠪᠤᠷᠢᠲᠠᠢ | ᠦᠬᠦᠬᠦ ᠦᠭᠡᠢ᠃ ᠬᠡᠷᠪᠡ ᠪᠠᠰᠠ ᠨᠢᠭᠡ ᠰᠥᠨᠢ ᠲᠠᠯᠪᠢᠪᠠᠯ᠂ ᠪᠠᠺᠲ᠋ᠧᠷᠢ ᠶᠢᠨ ᠦᠷᠡᠵᠢᠬᠦ ᠪᠠ ᠬᠤᠣᠷ ᠡᠭᠦᠰᠬᠡᠬᠦ ᠵᠠᠪᠰᠢᠶᠠᠨ ᠨᠡᠮᠡᠭᠳᠡᠨ᠎ᠡ᠃ ᠲᠠᠬᠢᠶᠠᠨ ᠥᠨᠳᠡᠭᠡ ᠶᠢ | ᠭᠦᠢᠴᠡᠳ ᠪᠣᠯᠭᠤᠭᠠᠪᠠᠯ ᠰᠠᠶ᠋ᠢ ᠳᠣᠲᠣᠷᠠᠬᠢ ᠪᠠᠺᠲ᠋ᠧᠷᠢ ᠶᠢ ᠨᠢ ᠤᠰᠠᠳᠬᠠᠵᠤ ᠲᠠᠶᠢᠯᠤᠨ᠎ᠠ᠃ | | | |