ᠬᠦᠯᠤᠨ ᠪᠤᠶᠢᠷ ᠬᠤᠲᠠ ᠶᠢᠨ ᠠᠩᠬᠠᠲᠠᠭᠴᠢ ᠲᠠᠯ᠎ᠠ ᠨᠤᠳᠤᠭ ᠢᠶᠠᠷ ᠭᠤᠤᠯ ᠰᠡᠳᠤᠪ ᠪᠤᠯᠭ᠍ᠭᠠᠰᠠᠨ ᠤᠯᠤᠰ ᠤᠨ 5A ᠲᠡᠰ ᠤᠨ ᠵᠢᠭᠤᠯᠴᠢᠯᠠᠯ ᠤᠨ | ᠦᠵᠠᠮᠵᠢ ᠶᠢᠨ ᠤᠷᠤᠨ᠂ ᠬᠦᠯᠤᠨ ᠪᠤᠶᠢᠷ ᠤᠨ ᠲᠠᠯ᠎ᠠ ᠨᠤᠳᠤᠭ᠂ ᠮᠡᠷᠬᠡᠯ ᠭᠤᠤᠯ ᠤᠨ ᠦᠵᠡᠮᠵᠢ ᠶᠢᠨ ᠤᠷᠤᠨ ᠳᠤ᠂ ︽ᠠᠷᠪᠠᠨ ᠲᠦᠷᠪᠡᠳᠦᠬᠡᠷ ᠬᠤᠭᠤᠴᠠᠭᠠᠨ ᠤ | ᠪᠦᠬᠦ ᠤᠯᠤᠰ ᠤᠨ ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ︾ ᠤ ᠬᠦᠷ ᠨᠠᠷᠬᠢᠶᠠᠨ ᠢᠶᠠᠷ ᠪᠢᠯᠬᠠᠵᠦ᠂ ᠠᠲᠠ ᠪᠦᠬᠦ ᠤᠯᠤᠰ ᠤᠨ ᠲᠦᠷᠪᠡᠨ ᠵᠦᠭ ᠨᠠᠶᠢᠮᠠᠨ | ᠵᠤᠪᠬᠢᠰ ᠠᠴᠠ ᠢᠷᠡᠭᠰᠡᠨ ᠬᠦᠮᠤᠰ ᠬᠤᠷᠠᠨ ᠴᠤᠭᠯᠠᠷᠠᠵᠦ᠂ ᠲᠠᠭᠤᠤ ᠲᠠᠭᠤᠯᠠᠨ ᠪᠦᠵᠢᠭ ᠪᠦᠵᠢᠭᠯᠡᠨ ᠤᠷᠠᠨ ᠰᠠᠶᠢᠬᠠᠨ ᠤ ᠲᠤᠭᠯᠠᠯᠲᠠ ᠭᠠᠷᠭᠠᠵᠦ᠂ ︽ᠡᠳᠤᠷ | ᠪᠦᠷᠢ ᠶᠢᠨ ᠴᠠᠰᠤ ᠮᠦᠰᠤᠨ ᠤ ᠨᠠᠭᠠᠳᠤᠮ︾ ︽ᠮᠦᠰᠤᠨ ᠬᠡᠷ ᠤᠨ ᠬᠠᠯᠠᠭᠤᠨ ᠲᠤᠭᠤᠭ᠎ᠠ︾ ᠵᠡᠷᠬᠡ ᠮᠦᠰᠤ ᠴᠠᠰᠤᠨ ᠤ ᠠᠵᠢᠯᠯᠠᠭ᠎ᠠ ᠡᠬᠡᠯᠵᠢᠯᠠᠨ ᠶᠠᠪᠤᠭᠲᠠᠵᠦ᠂ | ᠡᠪᠤᠯ ᠤᠨ ᠤᠯᠠᠷᠢᠯ ᠤᠨ ᠲᠠᠮᠢᠷ ᠤᠨ ᠴᠤᠭᠯᠠᠭᠠᠨ ᠳᠤ ᠬᠦᠴᠤ ᠨᠡᠮᠡᠷᠢᠯᠡᠨ᠎ᠡ᠃ | | | | | ᠡᠪᠤᠯ ᠤᠨ ᠤᠯᠠᠷᠢᠯ ᠤᠨ ᠮᠡᠷᠬᠡᠯ ᠭᠤᠤᠯ ᠶᠠᠭ ᠯᠡ ᠠᠪᠤᠷᠭᠤ ᠮᠦᠩᠬᠦᠨ ᠴᠠᠭᠠᠨ ᠯᠤᠤ ᠮᠡᠳᠤ ᠮᠤᠷᠤᠯᠵᠠᠨ᠂ ᠭᠤᠤᠯ ᠤᠨ ᠬᠦᠪᠡᠭᠡ ᠮᠦᠩᠬᠦᠨ ᠴᠠᠭᠠᠨ | ᠴᠠᠰᠤᠨ ᠳᠤ ᠬᠤᠴᠢᠭᠲᠠᠵᠦ᠂ ᠨᠡᠩ ᠨᠡᠯᠦᠬᠡᠷ ᠠᠭᠤᠲᠠᠮ ᠬᠠᠷᠠᠭᠲᠠᠨ᠎ᠠ᠃ ᠦᠵᠡᠮᠵᠢ ᠶᠢᠨ ᠤᠷᠤᠨ ᠤ ᠡᠳᠤᠷ ᠪᠦᠷᠢ ᠶᠢᠨ ᠨᠠᠭᠠᠳᠤᠮ ᠨᠢ ᠬᠦᠭᠵᠢᠶᠠᠨᠲᠠᠢ ᠶᠠᠪᠤᠭᠲᠠᠵᠦ᠂ | ᠵᠢᠭᠤᠯᠴᠢᠯᠠᠭᠰᠠᠤᠨ ᠲᠤ ᠦᠪᠡᠷᠮᠢᠴᠡ ᠤᠨᠴᠠᠯᠢᠭ ᠪᠦᠬᠦᠢ ᠮᠦᠰᠤ ᠴᠠᠰᠤᠨ ᠤ ᠡᠬᠢ ᠪᠠᠶᠠᠯᠢᠭ ᠪᠤᠯᠤᠨ ᠪᠠᠶᠠᠯᠢᠭ ᠰᠠᠶᠢᠬᠠᠨ ᠠᠷᠠᠤᠨ ᠤᠨ ᠵᠠᠩ ᠦᠢᠯᠡ ᠶᠢᠨ | ᠠᠭᠤᠯᠬᠤᠨ ᠤ ᠦᠪᠡᠷᠮᠢᠴᠡ ᠷᠢᠲᠢ ᠰᠢᠳᠢ ᠶᠢ ᠲᠡᠯᠬᠡᠨ ᠦᠵᠡᠬᠦᠯᠤᠨ᠎ᠡ᠃ | | | | | | ᠡᠯ᠎ᠡ ᠭᠠᠵᠠᠷ ᠤᠷᠤᠨ ᠠᠴᠠ ᠬᠦᠷᠤᠯᠴᠡᠨ ᠢᠷᠡᠭᠰᠡᠨ ᠪᠦᠬᠡᠴᠤᠤᠨ ᠲᠤᠰ ᠲᠤᠰ ᠤᠨ ᠤᠷ᠎ᠠ ᠮᠡᠷᠬᠡᠵᠢᠯ ᠢᠶᠠᠨ ᠭᠠᠶᠢᠬᠠᠭᠤᠯᠵᠦ᠂ ᠮᠤᠷᠢᠨ ᠨᠢᠷᠤᠭᠤᠨ ᠲᠡᠬᠡᠷᠡᠬᠢ | ᠬᠠᠷᠪᠤᠯᠲᠠ ᠨᠢ ᠬᠤᠷᠳᠤᠴᠠ ᠪᠠ ᠤᠷᠬᠢᠯᠤᠮ᠎ᠠ ᠰᠡᠤᠨᠬᠢᠯᠬᠡ ᠶᠢ ᠢᠯᠡᠷᠡᠬᠦᠯᠵᠦ᠂ ᠢᠷᠠᠭᠤ ᠡᠬᠡᠭᠰᠢᠭᠳᠦ ᠲᠠᠭᠤᠤ ᠪᠦᠵᠢᠭ ᠨᠢ ᠬᠦᠮᠤᠰ ᠤᠨ ᠰᠡᠤᠨᠬᠢᠯ ᠢ ᠦᠪᠡᠷ ᠤᠨ ᠡᠷᠬᠡ | ᠦᠬᠡᠢ ᠲᠤᠭᠳᠤᠯᠠᠭᠤᠯᠤᠨᠠ᠃ ᠴᠠᠰᠤᠨ ᠲᠡᠬᠡᠷᠡᠬᠢ ᠬᠦᠯ ᠪᠦᠮᠪᠦᠭᠡ ᠶᠢᠨ ᠤᠷᠤᠯᠳᠤᠭᠠᠨ᠂ ᠴᠠᠰᠤᠨ ᠲᠡᠬᠡᠷᠡᠬᠢ ᠲᠡᠬᠡᠰᠤ ᠲᠠᠲᠠᠬᠤ ᠤᠷᠤᠯᠳᠤᠭᠠᠨ᠂ ᠮᠦᠰᠤᠨ | ᠲᠠᠪᠤᠷ᠎ᠠ ᠶᠢᠨ ᠨᠦᠬᠦᠷᠯᠡᠯ ᠤᠨ ᠤᠷᠤᠯᠳᠤᠭᠠᠨ ᠤ ᠪᠡᠶᠡᠴᠢᠯᠡᠨ ᠤᠶᠢᠯᠭ᠍ᠭ᠍ᠯᠲᠠ ᠵᠡᠷᠬᠡ ᠦᠪᠠᠷᠢᠮᠢᠴᠡ ᠤᠨᠴᠠᠯᠢᠭ ᠲᠠᠢ ᠮᠦᠰᠤ ᠴᠠᠰᠤᠨ ᠤ ᠤᠷᠤᠯᠳᠤᠭᠠᠨ ᠨᠢ ᠦᠢ ᠤᠯᠠᠨ | ᠵᠢᠭᠤᠯᠴᠢᠯᠠᠭᠰᠠᠤᠨ ᠶᠢᠨ ᠠᠩᠬᠠᠷᠤᠯ ᠢ ᠲᠠᠲᠠᠵᠦ᠂ ᠵᠢᠭᠤᠯᠴᠢᠯᠠᠭᠰᠠᠤᠨ ᠲᠤ ᠮᠠᠷᠲᠠᠭᠲᠠᠰᠢ ᠦᠬᠡᠢ ᠬᠦᠨ ᠰᠠᠭᠤᠭᠲᠠᠯ ᠦᠯᠡᠳᠡᠬᠡᠨ᠂ ᠡᠪᠤᠯ ᠤᠨ ᠤᠯᠠᠷᠢᠯ ᠤᠨ ᠮᠡᠷᠬᠡᠯ | ᠭᠤᠤᠯ ᠤᠨ ᠮᠦᠰᠤ ᠴᠠᠰᠤᠨ ᠤ ᠤᠷᠮ᠎ᠠ ᠰᠡᠤᠨᠬᠢᠯᠬᠡ ᠶᠢᠨ ᠭᠠᠯ ᠢ ᠲᠦᠷᠡᠯᠵᠡᠬᠦᠯᠤᠨᠠ᠃ | | | | | | | | | | | | | | | | | | | |