ᠴᠢᠬᠢᠨ᠎ᠡ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ | ᠴᠢᠩ ᠵᠤᠷᠢᠭᠳᠤ ᠡᠪᠦᠬᠡᠳ ᠳᠡᠭᠡᠳᠦᠰ ᠤᠨ ᠮᠢᠨᠢ ᠦᠪ ᠶᠡᠭᠡ ᠡᠷᠳᠡᠨᠢ | ᠰᠤᠨᠤᠰᠬᠤ ᠪᠦᠷᠢ ᠠᠶᠠᠯᠭᠤ ᠪᠠᠶᠠᠯᠢᠭ ᠢ ᠨᠢ ᠭᠠᠶᠢᠬᠠᠨ ᠪᠠᠶᠠᠰᠴᠤ | ᠰᠤᠳᠤ ᠶᠡᠭᠡ ᠪᠢᠯᠢᠭᠳᠤ ᠳᠦᠮᠡᠨ ᠶᠦᠭᠡᠨ ᠪᠢᠰᠢᠷᠡᠨ ᠮᠠᠭᠳᠠᠮᠤ᠂ ᠪᠢ︕ | | | | | ᠤᠷᠢᠳᠤ ᠶᠢᠨ ᠪᠡᠷᠭᠡ ᠴᠠᠭ ᠲᠤ ᠤᠯᠤᠰ ᠮᠤᠩᠭᠤᠯ ᠤᠨ ᠬᠡᠳᠤ ᠵᠠᠶᠠᠭ᠎ᠠ ᠶᠢ | ᠤᠢᠢᠳᠬᠠᠷᠯᠠᠨ ᠪᠤᠳᠤᠬᠤ ᠳᠤ ᠤᠷᠮ᠎ᠠ ᠵᠤᠷᠢᠭ ᠢ ᠮᠢᠨᠢ ᠰᠡᠷᠬᠦᠬᠡᠭᠰᠡᠨ | ᠦᠬᠡᠳᠡᠯᠡᠨ ᠳᠡᠪᠵᠢᠬᠦ ᠶᠢᠨ ᠳᠡᠬᠦᠰ ᠬᠤᠪᠢᠳᠠᠢ ᠳᠤᠨᠢ ᠢᠳᠡᠬᠡᠬᠦᠯᠦᠭᠰᠡᠨ | ᠦᠷᠨᠢᠨ ᠮᠠᠨᠳᠤᠬᠤ ᠶᠢᠨ ᠰᠢᠨᠵᠢ ᠪᠦᠷᠢᠳᠦᠭᠰᠡᠨ ᠡᠪᠦᠬᠡᠳ ᠤᠨ ᠮᠢᠨᠢ ᠬᠡᠯᠡ︕ | | | | | ᠮᠦᠷᠡᠨ ᠭᠤᠤᠯ ᠴᠢᠳᠬᠤᠯᠠᠩᠳᠤ ᠰᠢᠷᠬᠢᠰᠢ ᠦᠬᠡᠢ ᠶᠡᠭᠡ ᠳᠠᠯᠠᠢ ᠮᠡᠳᠤ | ᠮᠦᠡᠭᠭᠡᠳᠡ ᠦᠷ᠎ᠡ ᠠᠴᠢ ᠨᠠᠷ ᠤᠨ ᠵᠠᠯᠭᠠᠮᠵᠢ ᠪᠠᠷ ᠪᠠᠳᠠᠷᠠᠩᠬᠠᠨ ᠳᠡᠯᠬᠡᠷᠡᠭᠴᠢ | ᠬᠦᠨᠳᠡᠢ ᠴᠡᠬᠡᠵᠢᠨ ᠳᠤ ᠤᠷᠤᠭᠴᠢ ᠪᠦᠬᠦᠳᠡ ᠶᠢ ᠨᠡᠪᠳᠡᠷᠡᠬᠦᠯᠬᠦ ᠴᠢᠳᠠᠯᠳᠤ | ᠬᠦᠭᠵᠢᠮ ᠮᠡᠳᠤ ᠢᠷᠠᠭᠤ ᠪᠠᠶᠠᠰᠬᠤᠯᠠᠩᠳᠤ ᠮᠤᠩᠭᠤᠯ ᠬᠡᠯᠡ ᠮᠢᠨᠢ︕ | | | | | ᠦᠰᠬᠦ ᠨᠠᠰᠤᠨ ᠠᠴᠠ ᠦᠳᠡᠯᠬᠦ ᠨᠠᠰᠤᠨ ᠬᠦᠷᠳᠡᠯ᠎ᠡ ᠴᠢᠮ᠎ᠠ ᠶᠤᠭᠠᠨ ᠰᠤᠳᠤᠯᠤᠨ | ᠡᠳᠦᠷ ᠪᠦᠷᠢ ᠦᠬᠡᠰ ᠤᠨ ᠡᠷᠳᠡᠨᠢ ᠶᠢ ᠴᠢᠨᠢ ᠪᠠᠶᠠᠷᠯᠠᠨ ᠳᠡᠬᠦᠨᠡᠮ | ᠳᠦᠮᠡᠨ ᠳᠦᠮᠡᠨ ᠦᠶ᠎ᠡ ᠶᠢᠨ ᠤᠶᠤᠨ ᠪᠢᠯᠢᠭ ᠤᠨ ᠦᠯᠡᠮᠵᠢ ᠰᠠᠩ ᠤᠨ ᠡᠬᠦᠳᠡ ᠶᠢ ᠴᠢᠨᠢ | ᠳᠦᠯᠬᠢᠬᠦ ᠪᠦᠷᠢ ᠰᠡᠳᠬᠢᠯ ᠰᠡᠷᠬᠦᠨ ᠮᠠᠩᠨᠠᠢ ᠶᠢᠨ ᠦᠷᠴᠢᠯᠡᠭᠡ ᠳᠡᠨᠡᠶᠢᠨᠡᠮ︕ | | | | | ᠳᠦᠭᠰᠢᠬᠦᠷᠢᠳᠤ ᠪᠡᠷᠬᠡ ᠶᠢ ᠳᠠᠪᠠᠨ ᠳᠤᠭᠤᠯᠤᠭᠰᠠᠨ ᠪᠠᠭᠠᠳᠤᠷ ᠳᠦᠮᠡᠨ ᠮᠢᠨᠢ | ᠳᠦᠪᠰᠢᠨ ᠰᠤᠶᠤᠯ ᠡᠷᠳᠡᠨᠢ ᠶᠦᠭᠡᠨ ᠮᠠᠨᠳᠤᠭᠤᠯᠬᠤ ᠶᠢᠨ ᠬᠡᠬᠡᠨ ᠤᠯᠠᠷᠢᠯ ᠨᠡᠬᠡᠬᠡᠭᠳᠡᠭᠰᠡᠨ ᠳᠤ | ᠰᠡᠯᠪᠢᠯᠬᠦᠢ ᠰᠡᠴᠡᠨ ᠤᠶᠤᠳᠠᠨ ᠬᠡᠯᠡ ᠶᠦᠭᠡᠨ ᠡᠩᠭᠦᠷᠡᠶᠢᠯᠡᠨ ᠬᠦᠭᠵᠢᠬᠦᠯᠦᠶ᠎ᠡ ᠬᠡᠮᠡᠨ | ᠰᠡᠳᠬᠢᠯ ᠤᠷᠮᠠᠰ ᠪᠠᠳᠠᠷᠠᠨ ᠪᠠᠭ᠋ᠠᠳᠠᠮᠤ᠂ ᠦᠰᠦᠨ ᠪᠤᠭᠤᠷᠤᠯ ᠦᠳᠡᠬᠦᠰ ᠪᠢ︕ | | | | | ᠬᠤᠳᠤᠭ ᠦᠯᠵᠡᠢ ᠪᠦᠷᠢᠳᠦᠭᠰᠡᠨ ᠬᠤᠪᠢ ᠶᠡᠭᠡ ᠵᠠᠶᠠᠭᠠᠳᠤ ᠳᠦᠮᠡᠨ ᠮᠢᠨᠢ | ᠬᠤᠷᠴᠠ ᠠᠪᠢᠶᠠᠰᠳᠤ ᠬᠦᠪᠡᠬᠦᠳ ᠳᠡᠬᠦᠦ ᠨᠠᠷ ᠬᠠᠯᠠᠭᠤᠨ ᠡᠯᠢᠬᠡᠳᠡᠨ ᠬᠤᠳᠠᠯᠠᠭᠠᠷ | ᠡᠬᠡᠰᠢᠭ ᠰᠠᠶᠢᠬᠠᠨ ᠮᠤᠩᠭᠤᠯ ᠬᠡᠯᠡ ᠶᠦᠭᠡᠨ ᠨᠡᠩ ᠬᠠᠶᠢᠷᠠᠯᠠᠨ ᠳᠡᠭᠡᠳᠦᠯᠡᠵᠤ | ᠡᠩᠭᠦᠷᠡᠶᠢᠯᠡᠨ ᠪᠠᠳᠠᠷᠠᠭᠤᠯᠬᠤ ᠶᠢᠨ ᠪᠠᠳᠤ ᠵᠤᠷᠢᠬ ᠳᠡᠬᠦᠰ ᠶᠠᠭᠤᠳᠠᠢ ᠰᠠᠶᠢᠬᠠᠨ︕ | | | | | ᠴᠢᠬᠢᠨ᠎ᠡ ᠴᠢᠮᠡᠭ ᠪᠤᠯᠤᠭᠰᠠᠨ ᠠᠶᠠᠯᠭᠤ ᠰᠠᠶᠢᠬᠠᠨ ᠮᠤᠩᠭᠤᠯ ᠬᠡᠯᠡ | ᠴᠢᠩ ᠵᠤᠷᠢᠭᠳᠤ ᠡᠪᠦᠬᠡᠳ ᠳᠡᠭᠡᠳᠦᠰ ᠤᠨ ᠮᠢᠨᠢ ᠦᠪ ᠶᠡᠭᠡ ᠡᠷᠳᠡᠨᠢ | ᠰᠤᠨᠤᠰᠬᠤ ᠪᠦᠷᠢ ᠢᠷᠠᠭᠤ ᠪᠠᠶᠠᠯᠢᠭ ᠢ ᠨᠢ ᠭᠠᠶᠢᠬᠠᠨ ᠪᠠᠶᠠᠰᠴᠤ | ᠰᠤᠳᠤ ᠶᠡᠭᠡ ᠪᠢᠯᠢᠭᠳᠤ ᠳᠦᠮᠡᠨ ᠶᠦᠭᠡᠨ ᠪᠢᠰᠢᠷᠡᠨ ᠮᠠᠭᠳᠠᠮᠤ ᠪᠢ︕ | | | | | ᠵᠣᠬᠢᠶᠠᠭᠴᠢ᠄ ᠪ᠊ · ᠷᠢᠨᠴᠢᠨ | 1957.9.15 ᠳᠤ ᠬᠦᠬᠡᠬᠤᠳᠠᠨ᠎ᠠ | ︵ᠪ᠊ · ᠷᠢᠨᠴᠢᠨ ᠤ ︽ᠪᠡᠷᠢ ᠴᠡᠴᠡᠭ︾ ᠨᠤᠮ ᠠᠴᠠ ᠴ᠊ · ᠮᠦᠡᠭᠭᠡᠰᠦ᠋ᠷᠦᠩ ᠪᠠᠭᠤᠯᠭᠠᠪᠠ︶ | |