| | | | 8 ᠰᠠᠷ᠎ᠠ ᠶᠢᠨ 3 ᠤ ᠡᠳᠦᠷ᠂ ᠬᠥᠯᠥᠨ ᠪᠤᠶᠢᠷ ᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠨᠠᠮ ᠤᠨ ᠤᠳᠤᠷᠢᠳᠬᠤ | ᠳᠤᠭᠤᠶᠢᠯᠠᠩ ᠤᠨ ᠱᠦᠵᠢ᠂ ᠲᠣᠪᠴᠢᠶᠠᠨ ᠳᠠᠷᠤᠭ᠎ᠠ ᠽᠠᠩ ᠵᠤ᠋ ᠴᠢᠶᠠᠩ ᠨᠠᠷ ᠮᠠᠨ ᠤ ᠬᠤᠰᠢᠭᠤᠨ ᠳᠤ ᠬᠦᠷᠴᠦ ᠪᠠᠶᠢᠴᠠᠭᠠᠨ ᠰᠤᠳᠤᠯᠤᠯᠲᠠ ᠬᠢᠵᠦ ᠷᠠᠳᠢᠣ᠋ | ᠨᠡᠪᠲᠡᠷᠡᠭᠦᠯᠭᠡ ᠶᠢᠨ ᠤᠨ ᠣᠨᠴᠠᠭᠠᠢ ᠪᠠᠶᠢᠳᠠᠯ ᠢ ᠠᠷᠭᠠᠴᠠᠬᠤ ᠠᠵᠢᠯ ᠢ ᠵᠢᠭᠠᠨ ᠵᠢᠯᠣᠭᠤᠳᠪᠠ᠃ ᠬᠤᠰᠢᠭᠤ ᠵᠠᠰᠠᠭ ᠤᠨ ᠣᠷᠳᠣᠨ ᠤ ᠳᠡᠳ᠋ ᠳᠠᠷᠤᠭ᠎ᠠ ᠸᠠᠨ ᠬᠤᠩ | ᠢᠦᠢ ᠪᠠᠷ᠎ᠠ ᠪᠣᠯᠪᠠ᠃ | ᠪᠠᠶᠢᠴᠠᠭᠠᠨ ᠰᠤᠳᠤᠯᠬᠤ ᠳᠤᠭᠤᠶᠢᠯᠠᠩ ᠤᠨ ᠬᠢᠨ ᠪᠠᠶᠠᠨᠲᠠᠯ᠎ᠠ ᠳᠠᠭᠤᠷ ᠦᠨᠳᠦᠰᠦᠲᠡᠨ ᠤ ᠰᠢᠶᠠᠩ ᠤᠨ ᠢᠯᠠᠨ ᠭᠠᠴᠠᠭ᠎ᠠ ᠳᠤ ᠭᠦᠨᠵᠡᠭᠡᠶᠢᠷᠡᠵᠦ᠂ ᠰᠢᠰᠲ᠋ᠧᠮ | ᠵᠢᠴᠢ ᠲᠥᠬᠦᠭᠡᠷᠦᠮᠵᠢ ᠶᠢᠨ ᠠᠵᠢᠯᠯᠠᠭᠠᠨ ᠤ ᠪᠠᠶᠢᠳᠠᠯ ᠢ ᠪᠠᠶᠢᠴᠠᠭᠠᠨ ᠦᠵᠡᠬᠦ ᠶᠢᠨ ᠬᠠᠮᠲᠤ ᠨᠢᠭᠡᠳᠦᠭᠡᠷ ᠹᠷᠣᠨᠲ ᠤᠨ ᠠᠵᠢᠯᠲᠠᠳ ᠲᠠᠢ ᠲᠤᠬᠠᠶᠢᠯᠠᠭᠰᠠᠨ ᠠᠵᠢᠯ ᠤᠨ | ᠲᠠᠯ᠎ᠠ ᠪᠠᠷ ᠰᠤᠳᠤᠯᠤᠨ ᠶᠠᠷᠢᠯᠴᠠᠭᠰᠠᠨ ᠪᠠ ᠰᠣᠯᠢᠯᠴᠠᠭ᠎ᠠ ᠥᠷᠨᠢᠭᠦᠯᠵᠦ᠂ ᠷᠠᠳᠢᠣ᠋ ᠨᠡᠪᠲᠡᠷᠡᠭᠦᠯᠭᠡ ᠶᠢᠨ ᠡᠳᠦᠷ ᠲᠤᠲᠤᠮ ᠤᠨ ᠣᠨᠴᠠᠭᠠᠢ ᠪᠠᠶᠢᠳᠠᠯ ᠤᠨ ᠠᠷᠭᠠᠴᠠᠯᠲᠠ ᠪᠠ | ᠬᠠᠮᠠᠭᠠᠯᠠᠯᠲᠠ᠂ ᠮᠡᠳᠡᠭᠡ ᠵᠠᠩᠭᠢ ᠨᠡᠶᠢᠲᠡᠯᠡᠬᠦ ᠶᠠᠪᠤᠴᠠ ᠵᠢᠴᠢ ᠪᠣᠳᠠᠲᠠᠢ ᠬᠡᠷᠡᠭᠯᠡᠯᠲᠡ ᠶᠢᠨ ᠳᠤᠮᠳᠠ ᠲᠤᠯᠭᠠᠷᠠᠭᠰᠠᠨ ᠠᠰᠠᠭᠤᠳᠠᠯ ᠪᠠ ᠥᠷᠢᠰᠦᠯᠳᠦᠭᠡᠨ ᠢ ᠨᠠᠷᠢᠨ | ᠣᠶᠢᠯᠠᠭᠠᠪᠠ᠃ | ᠽᠠᠩ ᠵᠤ᠋ ᠴᠢᠶᠠᠩ ᠴᠢᠬᠤᠯᠠᠴᠢᠯᠠᠭᠰᠠᠨ ᠨᠢ᠂ ᠷᠠᠳᠢᠣ᠋ ᠨᠡᠪᠲᠡᠷᠡᠭᠦᠯᠭᠡ ᠨᠢ ᠮᠡᠳᠡᠭᠡ ᠵᠠᠩᠭᠢ ᠳᠠᠮᠵᠢᠭᠤᠯᠬᠤ ᠴᠢᠬᠤᠯᠠ ᠠᠷᠭ᠎ᠠ ᠵᠠᠮ ᠪᠣᠯᠤᠭᠰᠠᠨ ᠤ ᠬᠤᠪᠢ ᠳᠤ᠂ | ᠪᠠᠶᠢᠭᠠᠯᠢ ᠶᠢᠨ ᠭᠠᠮᠰᠢᠭ᠂ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠬᠡᠷᠡᠭ ᠶᠠᠪᠤᠳᠠᠯ ᠵᠡᠷᠭᠡ ᠭᠡᠨᠡᠳᠲᠡ ᠶᠢᠨ ᠬᠡᠷᠡᠭ ᠢ ᠠᠷᠭᠠᠴᠠᠬᠤ ᠦᠶ᠎ᠡ ᠳᠤ᠂ ᠥᠷᠭᠡᠨ | ᠣᠯᠠᠨ ᠲᠦᠮᠡᠨ ᠳᠤ ᠡᠷᠬᠡ ᠬᠦᠨᠳᠦ ᠲᠠᠢ᠂ ᠣᠨᠣᠴᠠ ᠲᠠᠢ ᠮᠡᠳᠡᠭᠡ ᠵᠠᠩᠭᠢ ᠶᠢ ᠲᠡᠷᠡ ᠳᠠᠷᠣᠢ ᠳᠤᠨᠢ ᠳᠠᠮᠵᠢᠭᠤᠯᠬᠤ ᠵᠠᠩᠭᠢᠯᠠᠭ᠎ᠠ ᠶᠢᠨ ᠡᠭᠦᠷᠭᠡ ᠶᠢ ᠡᠭᠦᠷᠭᠡᠯᠡᠵᠦ | ᠪᠠᠶᠢᠳᠠᠭ᠃ ᠡᠷᠬᠡᠪᠰᠢ ᠷᠠᠳᠢᠣ᠋ ᠨᠡᠪᠲᠡᠷᠡᠭᠦᠯᠭᠡ ᠶᠢᠨ ᠰᠢᠰᠲ᠋ᠧᠮ ᠤᠨ ᠣᠨᠴᠠᠭᠠᠢ ᠪᠠᠶᠢᠳᠠᠯ ᠢ ᠠᠷᠭᠠᠴᠠᠬᠤ ᠶᠢ ᠲᠣᠭᠲᠠᠭᠤᠨ ᠢᠶᠠᠷ ᠠᠵᠢᠯᠯᠠᠬᠤ ᠶᠢ ᠪᠠᠲᠤᠯᠠᠵᠤ᠂ ᠲᠡᠭᠦᠨ ᠤ | ᠬᠠᠮᠤᠷᠬᠤ ᠬᠡᠪᠴᠢᠶ᠎ᠡ ᠪᠠ ᠤᠯᠠᠮᠵᠢᠯᠠᠨ ᠲᠠᠷᠬᠠᠭᠠᠬᠤ ᠦᠷ᠎ᠡ ᠠᠰᠢᠭ ᠢ ᠲᠠᠰᠤᠷᠠᠯᠲᠠ ᠦᠭᠡᠢ ᠳᠡᠭᠡᠭᠰᠢᠯᠡᠭᠦᠯᠦᠨ᠂ ᠪᠠᠴᠢᠮ ᠮᠡᠳᠡᠭᠳᠡᠯ ᠢ ᠥᠨᠴᠥᠭ ᠪᠤᠯᠤᠩ ᠥᠯᠡᠳᠡᠭᠡᠯ | ᠦᠭᠡᠢ ᠦᠷᠡᠭᠡᠨ ᠣᠯᠠᠨ ᠲᠦᠮᠡᠨ ᠳᠤ ᠠᠯᠢ ᠲᠦᠷᠭᠡᠨ ᠢᠶᠠᠷ ᠭᠥᠯᠢᠶᠡᠨ ᠠᠪᠤᠭᠤᠯᠬᠤ ᠬᠡᠷᠡᠭᠲᠡᠢ᠃ ᠲᠧᠭᠨᠢᠭ ᠫᠷᠣᠭ᠍ᠷᠠᠮ᠂ ᠵᠥᠭᠡᠯᠡᠨ ᠲᠤᠨᠤᠭ᠂ ᠠᠵᠢᠯᠲᠠᠨ ᠪᠠ | ᠲᠣᠭᠲᠠᠴᠠ ᠶᠢᠨ ᠲᠠᠯ᠎ᠠ ᠪᠠᠷ ︽ᠳᠥᠷᠪᠡ ᠳᠤ ᠮᠡᠷᠭᠡᠰᠢᠬᠦ︾ ᠶᠢ ᠪᠡᠶᠡᠯᠡᠭᠦᠯᠬᠦ ᠬᠡᠷᠡᠭᠲᠡᠢ᠃ ᠴᠡᠭ ᠪᠠᠶᠢᠷᠢ ᠶᠢᠨ ᠵᠢᠷᠤᠭ ᠲᠥᠯᠥᠪᠯᠡᠭᠡ ᠶᠢᠨ ᠲᠠᠯ᠎ᠠ ᠪᠠᠷ᠂ ᠲᠤᠬᠠᠢ ᠶᠢᠨ | ᠭᠠᠵᠠᠷ ᠤᠨ ᠤᠯᠠᠨ ᠲᠦᠮᠡᠨ ᠤ ᠰᠠᠨᠠᠯ ᠢ ᠢᠯᠡᠭᠦᠬᠡᠨ ᠬᠦᠯᠢᠶᠡᠵᠦ᠂ ᠪᠣᠯᠪᠠᠰᠤᠷᠠᠭᠤᠯᠬᠤ ᠡᠷᠴᠢᠮ ᠢᠶᠠᠨ ᠴᠢᠩᠭᠠᠷᠠᠭᠤᠯᠤᠨ᠂ ᠡᠯ᠎ᠡ ᠰᠠᠯᠠᠭ᠎ᠠ | ᠮᠥᠴᠢᠷ ᠦᠨᠬᠤᠭᠤᠷᠣᠨᠳᠣᠬᠢ ᠬᠠᠷᠢᠯᠴᠠᠯ ᠪᠠ ᠬᠠᠮᠵᠢᠯᠴᠠᠭ᠎ᠠ ᠶᠢ ᠴᠢᠩᠭᠠᠳᠬᠠᠵᠤ᠂ ᠣᠨᠴᠠᠭᠠᠢ ᠪᠠᠶᠢᠳᠠᠯ ᠢ ᠠᠷᠭᠠᠴᠠᠬᠤ ᠷᠠᠳᠢᠣ᠋ ᠨᠡᠪᠲᠡᠷᠡᠭᠦᠯᠭᠡ ᠶᠢᠨ ᠦᠢᠯᠡᠳᠦᠯ ᠢ | ᠭᠦᠢᠴᠡᠳ ᠪᠠᠳᠠᠷᠠᠭᠤᠯᠬᠤ ᠬᠡᠷᠡᠭᠲᠡᠢ᠃ | ᠲᠣᠰ ᠤᠳᠠᠭᠠᠨ ᠤ ᠪᠠᠶᠢᠴᠠᠭᠠᠨ ᠰᠤᠳᠤᠯᠤᠯᠲᠠ ᠨᠢ ᠬᠤᠲᠠ ᠶᠢᠨ ᠰᠣᠶᠣᠯ ᠵᠢᠭᠤᠯᠴᠢᠯᠠᠯ ᠷᠠᠳᠢᠣ᠋ ᠲᠧᠯᠸᠢᠰ ᠤᠨ ᠲᠣᠪᠴᠢᠶ᠎ᠠ ᠶᠢᠨ ᠬᠢᠨ ᠷᠠᠳᠢᠣ᠋ | ᠨᠡᠪᠲᠡᠷᠡᠭᠦᠯᠭᠡ ᠶᠢᠨ ᠣᠨᠴᠠᠭᠠᠢ ᠪᠠᠶᠢᠳᠠᠯ ᠢ ᠠᠷᠭᠠᠴᠠᠬᠤ ᠠᠵᠢᠯ ᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ ᠪᠠᠶᠢᠬᠤ ᠶᠢ ᠭᠦᠢᠴᠡᠳ ᠬᠠᠷᠠᠭᠤᠯᠵᠤ᠂ ᠮᠠᠨ ᠤ | ᠬᠤᠰᠢᠭᠤᠨ ᠤ ᠷᠠᠳᠢᠣ᠋ ᠨᠡᠪᠲᠡᠷᠡᠭᠦᠯᠭᠡ ᠶᠢᠨ ᠰᠢᠰᠲ᠋ᠧᠮ ᠤᠨ ᠣᠨᠴᠠᠭᠠᠢ ᠪᠠᠶᠢᠳᠠᠯ ᠢ ᠠᠷᠭᠠᠴᠠᠬᠤ ᠪᠠᠶᠢᠭᠤᠯᠤᠯᠲᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ | ᠣᠨᠴᠠᠭᠠᠢ ᠪᠠᠶᠢᠳᠠᠯ ᠢ ᠠᠷᠭᠠᠴᠠᠬᠤ ᠬᠠᠮᠢᠶᠠᠷᠤᠯᠲᠠ ᠶᠢᠨ ᠬᠢᠷᠢ ᠬᠡᠮᠵᠢᠶ᠎ᠡ ᠶᠢ ᠳᠡᠭᠡᠭᠰᠢᠯᠡᠭᠦᠯᠦᠨ᠂ ᠠᠷᠠᠳ ᠣᠯᠠᠨ ᠤ ᠠᠮᠢ ᠨᠠᠰᠤ ᠡᠳ᠋ ᠬᠥᠷᠥᠩᠭᠡ ᠶᠢᠨ ᠠᠮᠤᠷ | ᠲᠦᠪᠰᠢᠨ ᠢ ᠪᠠᠲᠤᠯᠠᠬᠤ ᠳᠤ ᠪᠠᠲᠤ ᠪᠠᠬᠢ ᠰᠠᠭᠤᠷᠢ ᠲᠠᠯᠪᠢᠵᠤ ᠥᠭᠭᠦᠭᠰᠡᠨ ᠪᠠᠶᠢᠨ᠎ᠠ᠃ |