ᠭᠤᠷᠪᠠᠨ ᠵᠢᠯ ᠭᠠᠩᠳᠠᠭᠰᠠᠨ ᠨᠤᠲᠤᠭ ᠲᠤ ᠮᠢᠨᠢ ᠨᠠᠮᠤᠷ ᠤᠨ ᠠᠭᠤᠷ ᠤᠨ ᠪᠣᠯᠵᠤᠭ᠎ᠠ ᠪᠠᠷ ᠬᠤᠷ᠎ᠠ ᠪᠣᠷᠤᠭ᠎ᠠ ᠱᠠᠭᠢᠵᠤ᠂ ᠮᠠᠯᠴᠢᠨ ᠲᠦᠮᠡᠨ ᠤ ᠮᠠᠩᠨᠠᠢ ᠲᠡᠨᠢᠢᠯᠡ᠃ | ᠬᠤᠷ᠎ᠠ ᠶᠢᠨ ᠰᠢᠮ᠎ᠡ ᠪᠠᠷ ᠤᠮᠳᠠᠯᠠᠭᠳᠠᠭᠰᠠᠨ ᠵᠦᠢᠯ ᠪᠦᠷᠢ ᠶᠢᠨ ᠤᠷᠭᠤᠮᠠᠯ ᠤᠳ ᠰᠤᠭᠤᠷᠠᠵᠤ ᠪᠠᠶᠢᠨ᠎ᠠ ᠤᠤ ᠭᠡᠯᠲᠡᠢ ᠰᠠᠭᠰᠠᠶᠢᠨ ᠪᠠᠭᠰᠠᠶᠢᠨ ᠤᠷᠭᠤᠭᠠᠳ ᠬᠠᠰᠢᠶ᠎ᠠ | ᠬᠤᠷᠣᠭᠠᠨ ᠳᠤ ᠲᠡᠵᠢᠭᠡᠭᠳᠡᠨ ᠨᠤᠤᠬᠠᠨ ᠨᠢᠳᠦᠯᠡᠵᠦ ᠪᠠᠶᠢᠭᠰᠠᠨ ᠮᠠᠯ ᠰᠦᠷᠦᠭ ᠤᠳ ᠥᠳᠬᠡᠨ ᠰᠠᠬᠤᠯᠢᠭ ᠪᠡᠯᠴᠢᠭᠡᠷ ᠳᠡᠭᠡᠷ᠎ᠡ ᠴᠡᠪᠡᠷ ᠠᠭᠠᠷ ᠠᠮᠢᠰᠬᠤᠯᠯᠠᠨ ᠲᠠᠪᠠᠲᠠᠢ | ᠢᠳᠡᠰᠢᠯᠡᠨ᠎ᠡ᠃ | ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ ᠶᠢ ᠪᠠᠶᠠᠷᠯᠠᠨ ᠪᠡᠯᠭᠡᠯᠡᠵᠦ᠂ ᠶᠡᠷᠦᠩᠬᠡᠢ ᠱᠦᠵᠢ ᠰᠢ ᠶᠢᠨ ᠫᠢᠩ ᠤᠨ ︽ᠮᠣᠩᠭᠤᠯ | ᠮᠣᠷᠢᠨ ᠤ ᠵᠣᠷᠢᠭ ᠰᠠᠨᠠᠭ᠎ᠠ︾ ᠶᠢ ᠭᠦᠨᠵᠡᠭᠡᠢ ᠲᠤᠭᠤᠰᠢᠯᠠᠭᠤᠯᠬᠤ ᠪᠠᠷ ᠮᠠᠨ ᠤ ᠪᠣᠷᠪᠢ ᠭᠠᠴᠠᠭᠠᠨ ᠠᠴᠠ ︽ᠮᠣᠷᠢᠲᠠᠢ ᠠᠶᠠᠯᠠᠯ︾ ᠨᠡᠷᠡᠮᠵᠢᠳᠦ ᠠᠳᠤᠭᠤᠨ | ᠰᠣᠶᠣᠯ ᠤᠨ ᠨᠠᠶᠢᠷ ᠢ ᠨᠢᠵᠢᠭᠢᠷ ᠰᠠᠶᠢᠬᠠᠨ ᠵᠣᠬᠢᠶᠠᠨ ᠪᠠᠶᠢᠭᠤᠯᠤᠯ᠎ᠠ᠃ | ᠵᠤᠰᠠᠯᠠᠩ ᠤᠨ ᠮᠢᠨᠢ ᠪᠠᠷᠠᠭᠤᠨᠳᠡᠬᠢ ᠨᠣᠮᠢᠨ ᠨᠣᠭᠤᠭᠠᠨ ᠲᠡᠨᠵᠢᠨ ᠳᠡᠭᠡᠷ᠎ᠡ ᠶᠠᠩᠵᠤ ᠶᠠᠩᠵᠤ ᠶᠢᠨ ᠲᠡᠷᠭᠡ ᠮᠠᠰᠢᠨ ᠡᠩᠨᠡᠷᠡᠨ᠂ ᠥᠩᠭᠡ ᠥᠩᠭᠡ ᠶᠢᠨ | ᠲᠡᠷᠯᠢᠭ ᠢᠶᠠᠷ ᠭᠤᠶᠣᠭᠰᠠᠨ ᠨᠠᠭᠠᠳᠤᠮᠴᠢᠳ ᠭᠠᠷ ᠠᠳᠬᠤᠯᠴᠠᠨ ᠮᠡᠨᠳᠦᠯᠡᠯᠴᠡᠵᠦ᠂ ᠴᠠᠭ ᠤᠨ ᠤᠷᠤᠰᠬᠠᠯ᠂ ᠨᠡᠶᠢᠭᠡᠮ ᠤᠨ ᠬᠥᠭᠵᠢᠯᠲᠡ ᠶᠢ ᠱᠠᠭᠰᠢᠨ ᠪᠢᠰᠢᠷᠡᠨ | ᠮᠠᠭᠲᠠᠵᠠᠭᠠᠨ᠎ᠠ᠃ | ᠤᠷᠳᠤ ᠤᠷᠳᠤ ᠵᠡᠯᠡᠨ ᠳᠡᠭᠡᠷ᠎ᠡ ᠪᠠᠷᠠᠭᠠᠨ ᠭᠤᠣᠯᠲᠠᠢ ᠮᠣᠷᠢᠳ ᠲᠡᠪᠬᠡᠶᠢᠵᠦ᠂ ᠥᠩᠭᠡᠲᠦ ᠲᠡᠷᠯᠢᠭ ᠤᠨ ᠡᠩᠭᠡᠷ ᠵᠠᠶᠢᠳᠠᠭᠠᠶᠢᠯᠠᠬᠰᠠᠨ ᠠᠳᠤᠭᠤᠴᠢᠳ ᠲᠠᠷᠭᠤᠨ | ᠠᠭᠲᠠ ᠶᠢᠨ ᠨᠢᠷᠤᠭᠤᠨ ᠳᠡᠭᠡᠷ᠎ᠡ ᠲᠠᠰᠢᠶᠠᠯᠳᠤᠨ ᠰᠠᠭᠤᠭᠠᠳ ᠴᠢᠯᠦᠭᠡᠲᠡᠢ ᠳᠠᠪᠬᠢᠯᠳᠤᠬᠤ ᠨᠢ ᠳᠡᠪᠡᠷᠡᠭᠦᠨ ᠪᠥᠭᠡᠳ ᠴᠣᠭᠯᠢᠭ᠃ | ᠡᠷ᠎ᠡ ᠶᠢᠨ ᠭᠤᠷᠪᠠᠨ ᠨᠠᠭᠠᠳᠤᠮ ᠠᠴᠠ ᠥᠭᠰᠥᠭᠦᠯᠦᠭᠡᠳ ᠮᠣᠷᠢᠨ ᠤ ᠠᠯᠬᠤᠭ᠎ᠠ ᠤᠷᠤᠯᠳᠤᠭᠠᠨ᠂ ᠠᠳᠤᠭᠤᠨ ᠤ ᠵᠠᠰᠠᠯ ᠲᠣᠨᠣᠭᠯᠠᠯ ᠤᠨ ᠠᠳᠠᠯᠢᠳᠬᠠᠯ᠂ | ᠴᠢᠳᠦᠷ ᠨᠣᠭᠲᠣ ᠵᠠᠩᠭᠢᠳᠬᠤ᠂ ᠡᠮᠡᠭᠡᠯ ᠲᠥᠬᠦᠭᠡᠷᠬᠦ᠂ ᠡᠮᠨᠢᠭ ᠰᠤᠷᠭᠠᠬᠤ᠂ ᠬᠢᠯᠭᠠᠰᠤ ᠲᠠᠮᠤᠬᠤ ᠁ ᠭᠡᠳ ᠪᠢᠰᠢᠭᠦᠢ ᠠᠷᠪᠢᠨ ᠠᠳᠤᠭᠤᠨ ᠰᠣᠶᠣᠯ ᠳᠤ | ᠬᠤᠯᠪᠣᠭᠳᠠᠭᠰᠠᠨ ᠤᠷᠤᠯᠳᠤᠭᠠᠨ ᠮᠥᠷᠥᠶᠢᠴᠡᠭᠡᠨ ᠢ ᠥᠷᠨᠢᠭᠦᠯᠦᠨ ᠡᠳᠦᠢ ᠲᠡᠳᠦᠢ ᠣᠷᠣᠯᠴᠠᠭᠰᠠᠳ ᠤᠨ ᠡᠩᠭᠡᠷ ᠢ ᠮᠢᠯᠢᠶᠠᠪᠠ᠃ | ᠭᠡᠭᠦᠦ ᠢᠪᠡᠭᠡᠬᠦ ᠨᠠᠷᠠᠨ ᠢᠶᠠᠷ ᠠᠷᠠᠳ ᠤᠨ ᠲᠠᠭᠤᠴᠢᠳ ᠤᠨ ᠮᠥᠷᠥᠶᠢᠴᠡᠭᠡᠨ᠂ ᠤᠯᠠᠭᠠᠨᠮᠥ᠋ᠴᠢᠷ ᠤᠨ ᠲᠤᠬᠯᠠᠯᠳᠠ ᠪᠠᠷ ᠬᠥᠭᠵᠢᠯᠳᠦᠨ ᠪᠠᠶᠠᠰᠤᠯᠴᠠᠵᠤ᠂ | ᠠᠭᠤᠤ ᠶᠡᠭᠡ ᠰᠢᠨ᠎ᠡ ᠲᠤᠮᠳᠠᠳᠤ ᠤᠯᠤᠰ ᠤᠨ ᠢᠶᠠᠨ 75 ᠵᠢᠯ` ᠶᠢᠨ ᠤᠢ ᠶᠢᠨ ᠪᠠᠶᠠᠷ ᠢ ᠢᠯᠭᠤᠮ ᠤᠷᠤᠭᠰᠢᠲᠠᠢ ᠪᠡᠯᠭᠡᠯᠡᠨ ᠤᠳᠬ᠎ᠠ ᠲᠡᠭᠦᠯᠳᠡᠷ ᠥᠨᠳᠥᠷᠯᠡᠯ᠎ᠡ᠃ | ︽ᠵᠤᠰᠠᠯᠠᠩ ᠤᠨ ᠨᠣᠭᠤᠭᠠᠨ ᠲᠡᠨᠵᠢᠨ ᠳᠡᠭᠡᠷ᠎ᠡ ᠭᠠᠴᠠᠭᠠᠨ ᠤ ᠪᠠᠨ ᠵᠣᠬᠢᠶᠠᠨ ᠪᠠᠶᠢᠭᠤᠯᠤᠯᠲᠠ ᠪᠠᠷ ᠤᠯᠤᠰ ᠣᠷᠣᠨ ᠤ ᠪᠠᠨ ᠪᠠᠰᠠ ᠨᠢᠭᠡᠨ ᠪᠠᠶᠠᠷ | ᠳᠤᠷᠠᠰᠬᠠᠯ ᠤᠨ ᠡᠳᠦᠷ ᠢ ᠲᠡᠮᠳᠡᠭᠯᠡᠯ᠎ᠡ ᠳ᠋ᠠ︕︾ ᠭᠡᠵᠦ ᠬᠥᠭᠡᠷᠦᠨ ᠲᠤᠬᠳᠤᠯᠤᠬᠰᠠᠨ ᠮᠢᠨᠤ ᠰᠡᠳᠬᠢᠯ ᠳᠤ ᠪᠠᠭ᠎ᠠ ᠶᠢᠨ ᠳᠤᠷᠠᠰᠤᠮᠵᠢ ᠭᠦᠪᠦᠷᠡᠪᠡ᠃ | ᠮᠠᠨ ᠤ ᠪᠠᠷᠢᠭᠠᠳᠠ ᠠᠳᠤᠭᠤ ᠤᠯᠠᠨ ᠲᠠᠢ ᠪᠣᠯᠬᠤᠷ ᠮᠠᠨ ᠤ ᠵᠤᠰᠠᠯᠠᠩ ᠤᠨ ᠲᠡᠨᠵᠢᠨ ᠳᠡᠭᠡᠷ᠎ᠡ ᠶᠡᠷᠦᠨᠢ ᠵᠢᠯ ᠪᠦᠷᠢ ᠬᠥᠳᠡᠯᠮᠦᠷᠢᠴᠢᠨ ᠡᠮᠡᠭᠲᠡᠶᠢᠴᠦᠳ ᠤᠨ | ᠪᠠᠶᠠᠷ᠂ ᠬᠥᠳᠡᠯᠮᠦᠷᠢᠴᠢᠳ ᠤᠨ ᠪᠠᠶᠠᠷ᠂ ᠨᠠᠮ ᠪᠠᠶᠢᠭᠤᠯᠤᠭᠳᠠᠭᠰᠠᠨ ᠪᠠᠶᠠᠷ᠂ ᠤᠯᠤᠰ ᠪᠠᠶᠢᠭᠤᠯᠤᠭᠳᠠᠭᠰᠠᠨ ᠪᠠᠶᠠᠷ ᠵᠡᠷᠭᠡ ᠶᠢ ᠪᠡᠯᠭᠡᠯᠡᠭᠰᠡᠨ᠂ ᠠᠳᠤᠭᠤᠨ ᠰᠣᠶᠣᠯ ᠳᠤ | ᠬᠤᠯᠪᠣᠭᠳᠠᠭᠰᠠᠨ ᠤᠯᠠᠨ ᠵᠦᠢᠯ ᠤᠨ ᠠᠵᠢᠯᠯᠠᠭᠠᠨ ᠢ ᠥᠷᠭᠡᠨ ᠳᠡᠯᠭᠡᠷ ᠥᠷᠨᠢᠭᠦᠯᠳᠡᠭ᠃ ᠠᠳᠤᠭᠤᠨ ᠳᠡᠯᠯᠡᠭᠡᠨ ᠳᠤ ᠵᠠᠳᠠᠭᠠᠢ ᠨᠣᠭᠲᠣ ᠭᠠᠨᠵᠤᠭᠠᠯᠠᠨ᠂ ᠤᠷᠳᠤ ᠤᠷᠭ᠎ᠠ | ᠨᠠᠬᠢᠯᠵᠠᠭᠤᠯᠤᠭᠰᠠᠨ ᠬᠡᠶᠢᠮᠣᠷᠢ ᠵᠢᠪᠬᠤᠭ᠎ᠠ ᠲᠠᠢ ᠠᠳᠤᠭᠤᠴᠢᠳ ᠵᠦᠭ ᠵᠦᠭ ᠠᠴᠠ ᠬᠤᠷᠠᠨ ᠴᠤᠭᠯᠠᠵᠤ᠂ ᠣᠷᠤᠭ᠎ᠠ ᠤᠷᠭᠠᠯᠠᠨ᠂ ᠡᠮᠨᠢᠭ ᠵᠠᠶᠢᠳᠠᠯᠠᠵᠤ ᠁ ᠡᠷ᠎ᠡ | ᠴᠢᠳᠠᠯ᠂ ᠵᠠᠯᠠᠭᠤ ᠨᠠᠰᠤ ᠪᠠᠷ ᠢᠶᠠᠨ ᠭᠠᠩᠭᠠᠷᠠᠨ᠎ᠠ᠃ ᠬᠡᠦᠬᠡᠳ ᠪᠠᠭᠠᠴᠤᠳ ᠲᠦᠯᠡᠭᠡ ᠲᠦᠯᠡᠰᠢ ᠣᠶᠢᠷᠠᠲᠤᠭᠤᠯᠤᠨ᠂ ᠬᠥᠭᠰᠢᠳ ᠨᠠᠰᠤᠲᠠᠶᠢᠴᠤᠳ ᠭᠠᠯ ᠲᠦᠯᠡᠵᠦ | ᠲᠠᠮᠠᠭ᠎ᠠ ᠤᠯᠠᠶᠢᠰᠬᠠᠨ ᠬᠠᠮ ᠲᠡᠮ ᠪᠤᠯᠵᠠᠭᠠᠨ᠎ᠠ᠃ ᠬᠠᠰᠢᠷ ᠲᠤᠷᠰᠢᠯᠭ᠎ᠠ ᠲᠠᠢ ᠠᠬᠠᠮᠠᠳ ᠲᠣᠮᠣᠭᠠᠲᠠᠳ ᠨᠢ ᠲᠠᠭ᠎ᠠ ᠲᠠᠮᠠᠭᠠᠯᠠᠵᠤ᠂ ᠦᠷᠢᠶ᠎ᠡ ᠬᠠᠭᠠᠷᠢᠨ᠂ ᠭᠠᠷ ᠤᠨ | ᠮᠡᠷᠭᠡᠵᠢᠯ ᠢᠶᠠᠨ ᠵᠠᠯᠭᠠᠮᠵᠢ ᠦᠶ᠎ᠡ ᠳᠡᠭᠡᠨ ᠤᠯᠠᠮᠵᠢᠯᠠᠨ᠎ᠠ᠃ | ᠮᠠᠨ ᠤ ᠨᠤᠲᠤᠭ ᠲᠤ ᠨᠠᠰᠤ ᠪᠡᠶ᠎ᠡ ᠭᠦᠢᠴᠡᠭᠰᠡᠨ ᠯᠤᠵᠢᠷ ᠪᠦᠳᠦᠭᠦᠨ ᠱᠠᠷ ᠤᠨ ᠰᠢᠷᠢ ᠶᠢ ᠡᠯᠳᠡᠵᠦ ᠲᠠᠯᠬᠢᠳᠠᠨ᠂ ᠪᠢᠲᠡᠭᠦᠦ ᠵᠦᠰᠦᠵᠦ ᠵᠠᠩᠭᠢᠳᠤᠭᠰᠠᠨ | ᠵᠠᠳᠠᠭᠠᠢ ᠰᠤᠷ ᠨᠣᠭᠲᠣ ᠶᠢ ᠣᠷᠤᠭ᠎ᠠ ᠬᠠᠩᠭᠠᠯ ᠠᠭᠲᠠ ᠶᠢᠨ ᠲᠣᠯᠣᠭᠠᠢ ᠳᠤ ᠱᠠᠪᠬᠢᠲᠡᠯᠡ ᠣᠷᠣᠭᠤᠯᠵᠤ᠂ ᠲᠠᠰᠬᠢᠲᠡᠯ᠎ᠡ ᠳᠤᠭᠲᠤᠷᠤᠨ ᠲᠣᠭᠲᠠᠭᠠᠳᠠᠭ ᠪᠢᠷ᠎ᠠ | ᠲᠡᠩᠬᠡᠭᠡ ᠲᠠᠢ ᠭᠠᠷᠮᠠᠭᠠᠢ ᠪᠦᠰᠡᠭᠦᠶᠢᠴᠦᠳ ᠪᠢᠰᠢᠭᠦᠢ ᠪᠠᠶᠢᠳᠠᠭ ᠤᠨ ᠳᠤᠮᠳᠠ ᠮᠠᠨ ᠤ ᠭᠠᠴᠠᠭᠠᠨ ᠤ ᠪᠠᠳᠮ᠎ᠠ ᠡᠭᠡᠴᠢ ᠠᠳᠤᠭᠤᠨ ᠤ ᠲᠣᠯᠣᠭᠠᠢ ᠶᠢ ᠠᠯᠳᠠᠨ᠎ᠠ ᠭᠡᠵᠦ | ᠦᠭᠡᠢ᠃ ᠣᠨᠣᠭᠰᠠᠨ ᠮᠣᠷᠢ ᠨᠢ ᠡᠵᠡᠨ ᠤ ᠪᠠᠨ ᠰᠠᠨᠠᠭᠠᠨ ᠠᠴᠠ ᠭᠠᠵᠢᠨᠠ ᠭᠡᠵᠦ ᠦᠭᠡᠢ᠃ ︽ᠵᠠ᠂ ᠬᠤᠶᠠᠭᠤᠯᠠ ᠪᠠᠨ ᠲᠡᠷᠡ ᠮᠣᠷᠢ ᠶᠢ ᠨᠣᠭᠲᠣᠯᠠᠨᠠ ᠰᠢᠤ︕︾ ᠭᠡᠵᠦ | ᠴᠢᠬᠢᠨ᠋ ᠳᠤᠨᠢ ᠰᠢᠪᠡᠨᠡᠭᠰᠡᠨ ᠤᠤ ᠭᠡᠯᠲᠡᠢ᠃ ᠪᠠᠷᠢᠬᠤ ᠭᠡᠰᠡᠨ ᠠᠳᠤᠭᠤᠨ ᠤ ᠬᠢᠨᠢ ᠳᠡᠷᠭᠡᠳᠡ ᠬᠡᠳᠦᠬᠡᠨ ᠬᠠᠷᠠᠶᠢᠵᠤ ᠭᠦᠢᠴᠡᠭᠡᠳ ᠵᠥᠪ ᠲᠠᠯ᠎ᠠ ᠳᠤᠨᠢ ᠵᠡᠭᠦᠭᠳᠡᠨᠡ᠃ | ᠡᠵᠡᠨ ᠤ ᠬᠢᠨᠢ ᠬᠠᠶᠠᠭᠰᠠᠨ ᠨᠣᠭᠲᠣ ᠣᠷᠤᠭ᠎ᠠ ᠠᠳᠤᠭᠤᠨ ᠤ ᠲᠣᠯᠣᠭᠠᠢ ᠳᠤ ᠣᠷᠣᠩᠭᠤᠲᠠ ᠬᠤᠷᠳᠤᠴᠠ ᠪᠠᠨ ᠰᠠᠭᠠᠷᠠᠭᠤᠯᠤᠨ ᠡᠵᠡᠨ ᠳᠡᠭᠡᠨ ᠲᠡᠮ ᠥᠭᠬᠦ ᠨᠢ | ᠪᠠᠭ᠋ᠠᠷᠬᠠᠯᠲᠠᠢ᠃ ᠪᠠᠳᠮ᠎ᠠ ᠡᠭᠡᠴᠢ ᠤᠷᠭ᠎ᠠ ᠶᠢᠨ ᠮᠣᠷᠢ ᠪᠠᠨ ᠳᠠᠪᠢᠷᠠᠨ ᠥᠨᠳᠡᠯᠵᠡᠬᠦ ᠡᠷᠡᠴᠦᠦᠯ ᠤᠨ ᠤᠷᠳᠤᠭᠤᠷ ᠲᠠᠭᠠᠷᠢᠵᠤ ᠣᠷᠣᠭᠠᠳ᠂ ᠵᠠᠳᠠᠭᠠᠢ ᠨᠣᠭᠲᠣ ᠰᠢᠳᠠᠨ | ᠭᠠᠭᠴᠠ ᠳᠤᠭᠲᠤᠷᠤᠨ ᠡᠷᠭᠢᠭᠦᠯᠬᠦ ᠳᠤ ᠬᠠᠷᠠᠭᠰᠠᠨ ᠪᠦᠭᠦᠨ ᠤᠤᠬᠠᠢ ᠬᠠᠰᠬᠢᠷᠤᠨ ᠠᠯᠠᠭ᠎ᠠ ᠨᠢᠵᠢᠭᠢᠨᠡᠭᠦᠯᠦᠨᠡ᠃ ᠠᠳᠤᠭᠤᠨ ᠳᠡᠯᠯᠡᠭᠡᠨ ᠳᠡᠭᠡᠷ᠎ᠡ ᠪᠠᠳᠮ᠎ᠠ ᠡᠭᠡᠴᠢ ᠶᠢ | ᠬᠠᠷᠠᠭᠰᠠᠨ ᠡᠷᠡᠴᠦᠦᠯ ᠤᠨ ᠵᠠᠷᠢᠮ ᠨᠢ ᠤᠯᠠᠮ ᠬᠢᠨᠠᠭᠤᠷ ᠯᠠᠪᠳᠠᠭᠤᠨ ᠪᠤᠯᠳᠠᠭ ᠪᠣᠯ ᠬᠠᠷᠢᠨ ᠵᠠᠷᠢᠮ ᠨᠢ ᠪᠡᠶ᠎ᠡ ᠪᠠᠨ ᠮᠡᠳᠡᠨ ᠬᠤᠯᠠᠭᠤᠷ ᠲᠠᠶᠠᠯᠠᠨᠠ᠃ | ᠪᠤᠷᠭᠠᠰᠤᠨ ᠮᠣᠷᠢᠨ ᠠᠴᠠ ᠪᠠᠨ ᠪᠠᠭᠤᠭ᠎ᠠ ᠦᠭᠡᠢ ᠪᠢ ᠭᠦᠷᠳᠡᠯ᠎ᠡ ᠪᠠᠳᠮ᠎ᠠ ᠡᠭᠡᠴᠢ ᠰᠢᠭ ᠭᠠᠷᠮᠠᠭᠠᠢ ᠨᠤᠬᠳᠤᠴᠢᠨ ᠪᠤᠯᠬᠤ ᠪᠠᠷ ᠮᠠᠯ ᠤᠨ ᠪᠡᠯᠴᠢᠭᠡᠷ ᠲᠤ | ᠬᠤᠨᠢᠨ ᠤ ᠬᠦᠵᠦᠭᠦᠨ ᠳᠤ ︽ᠳᠡᠭᠡᠰᠦ ᠵᠡᠭᠦᠯᠭᠡᠨ︾ ᠬᠥᠭᠯᠡᠵᠦ ᠶᠠᠪᠤᠭᠰᠠᠨ ᠢᠶᠠᠨ ᠡᠷᠭᠢᠨ ᠳᠤᠷᠠᠰᠬᠤ ᠳᠤ ᠢᠨᠢᠶᠡᠳᠦᠮᠲᠡᠢ ᠯᠠ ᠪᠠᠶᠢᠳᠠᠭ᠃ | ︽ᠬᠥᠳᠡᠯᠮᠦᠷᠢᠯᠡᠭᠰᠡᠨ ᠬᠥᠮᠥᠨ ᠳᠤ ᠬᠦᠨᠡᠰᠦ ᠬᠡᠷᠡᠭᠲᠡᠢ︾ ᠭᠡᠳ ᠮᠠᠨ ᠤ ᠪᠠᠷᠢᠭᠠᠳᠠ ᠶᠢᠨ ᠳᠠᠷᠤᠭ᠎ᠠ ᠶᠠᠮᠠᠷ ᠨᠢᠭᠡᠨ ᠬᠠᠮᠲᠤ ᠶᠢᠨ ᠬᠥᠳᠡᠯᠭᠡᠭᠡᠨ ᠳᠡᠭᠡᠷ᠎ᠡ ᠬᠤᠨᠢ | ᠮᠠᠯ ᠭᠠᠷᠭᠠᠵᠤ᠂ ᠡᠯᠪᠡᠭ ᠳᠡᠯᠪᠡᠭ ᠢᠳᠡᠭᠦᠯᠵᠦ ᠤᠤᠭᠤᠯᠭᠠᠨ᠂ ᠴᠠᠭ ᠡᠷᠢᠨ ᠳᠡᠭᠡᠨ ᠲᠣᠬᠢᠷᠠᠭᠰᠠᠨ ᠨᠠᠭᠠᠳᠤᠮ ᠲᠣᠭᠯᠠᠭᠠᠮ ᠡᠭᠦᠰᠬᠡᠳᠡᠭ᠃ | ᠠᠳᠤᠭᠤᠴᠢᠳ ᠢᠰᠡᠭᠡᠢ ᠬᠤᠷᠮᠤᠰᠤ ᠳᠡᠪᠢᠰᠦᠨ ᠲᠣᠭᠤᠷᠢᠵᠤ ᠰᠠᠭᠤᠭᠠᠳ ᠣᠷᠤᠭ᠎ᠠ ᠲᠠᠭᠤᠳᠠᠭ ᠤᠷᠭ᠎ᠠ ᠶᠢᠨ ᠮᠣᠷᠢ᠂ ᠤᠨᠤᠭᠠᠨ ᠳᠤ ᠲᠣᠭᠲᠠᠳᠠᠭ ᠰᠠᠶᠢᠨ | ᠡᠷ᠎ᠡ᠂ ᠭᠠᠷᠮᠠᠭᠠᠢ ᠤᠷᠭᠠᠴᠢᠨ᠂ ᠱᠠᠯᠠᠮᠠᠭᠠᠢ ᠨᠤᠬᠳᠤᠴᠢᠨ᠂ ᠠᠷᠭᠤᠮᠠᠭ ᠭᠦᠯᠦᠭ ᠁ ᠭᠡᠳ ᠰᠣᠨᠣᠰᠤᠭᠠᠳ ᠰᠣᠨᠣᠰᠤᠭᠠᠳ ᠬᠠᠨᠤᠬᠤ ᠪᠠᠷ ᠦᠭᠡᠢ ᠤᠯᠠᠨ ᠰᠠᠶᠢᠬᠠᠨ | ᠦᠯᠢᠭᠡᠷ ᠲᠤᠮᠤᠭ ᠤᠳ ᠢ ᠬᠠᠭᠤᠴᠢᠯᠠᠨ᠂ ᠦᠭᠡᠨ ᠳᠤ ᠳᠤᠷᠠᠲᠠᠢ ᠨᠠᠮ᠎ᠠ ᠶᠢ ᠠᠮᠠᠨ ᠳᠠᠭᠠᠨ ᠤᠷᠤᠭᠤᠯᠬᠤ ᠠᠯᠳᠠᠨ᠎ᠠ᠃ ᠲᠡᠭᠡᠲᠡᠯ᠎ᠡ ᠬᠡᠨ ᠨᠢᠭᠡ ᠨᠢ᠄ ︽ᠮᠢᠷᠠᠯᠵᠠᠨ | ᠴᠡᠴᠡᠭᠯᠡᠭᠰᠡᠨ ᠰᠠᠷᠠᠭᠤᠯ ᠲᠠᠯ᠎ᠠ ᠳᠤ ᠮᠠᠨᠳᠤᠭᠰᠠᠨ ᠨᠠᠷᠠ ᠨᠢ ᠭᠡᠶᠢᠭᠦᠯᠦᠨ᠎ᠡ ᠳ᠋ᠡ ᠭᠦ᠋ ᠁︾ ᠬᠡᠮᠡᠨ ︽ᠨᠢᠭᠡᠳᠦᠯ ᠤᠨ ᠠᠳᠤᠭᠤᠴᠢᠨ︾ ᠭᠡᠬᠦ ᠴᠣᠭᠯᠢᠭ ᠠᠶ᠎ᠠ ᠲᠠᠢ | ᠰᠠᠶᠢᠬᠠᠨ ᠳᠠᠭᠤᠤ ᠶᠢ ᠡᠬᠢᠯᠡᠭᠦᠯᠬᠦ ᠳᠤ᠂ ᠪᠤᠰᠤᠳ ᠨᠢ ᠡᠯᠭᠦᠵᠦ ᠠᠪᠤᠭᠠᠳ᠄ ᠁ ᠰᠠᠯᠬᠢ ᠲᠠᠲᠠᠭᠰᠠᠨ ᠬᠡᠭᠡᠷ ᠤᠨ ᠮᠢᠨᠢ ᠶᠠᠪᠤᠳᠠᠯ ᠰᠠᠷ᠎ᠠ ᠪᠠᠷ ᠳᠠᠪᠬᠢᠪᠠᠴᠤ | ᠵᠤᠬᠰᠤᠬᠤ ᠦᠭᠡᠢ ᠶᠠ ᠭᠦ᠋ ᠰᠠᠴᠤᠷᠠᠨ ᠮᠠᠨᠳᠤᠭᠰᠠᠨ ᠡᠬᠡ ᠣᠷᠣᠨ ᠤ ᠪᠠᠨ ᠲᠥᠯᠥᠭᠡ ᠨᠠᠰᠤ ᠪᠠᠷ ᠢᠶᠠᠨ ᠵᠢᠳᠬᠦᠪᠡᠴᠦ ᠬᠠᠨᠤᠬᠤ ᠦᠭᠡᠢ ᠳ᠋ᠧ ᠭᠦ᠋︾ ᠬᠡᠮᠡᠨ ᠤᠶᠠᠩᠭᠠᠲᠤ | ᠳᠠᠭᠤᠤ ᠶᠢ ᠬᠠᠩᠭᠢᠨᠠᠲᠠᠯ᠎ᠠ ᠳᠠᠭᠤᠯᠠᠵᠠᠭᠠᠨ᠂ ᠵᠤᠰᠠᠯᠠᠩ ᠤᠨ ᠮᠢᠨᠢ ᠨᠣᠭᠤᠭᠠᠨ ᠲᠡᠨᠵᠢ ᠶᠢ ᠬᠤᠲᠣᠯᠵᠠᠭᠤᠯᠤᠨ ᠪᠠᠶᠠᠰᠤᠯᠴᠠᠳᠠᠭ᠃ | ᠨᠠᠷᠠ ᠬᠤᠷ᠎ᠠ ᠲᠡᠩᠴᠡᠭᠰᠡᠨ ᠨᠠᠯᠠᠭᠠᠷ ᠨᠠᠮᠤᠷ ᠤᠨ ᠲᠡᠨᠢᠭᠦᠨ ᠤᠯᠠᠷᠢᠯ ᠳᠤ ᠪᠠᠷᠢᠭᠠᠳᠠ ᠶᠢᠨ ᠢᠰᠡᠭᠡᠢ ᠬᠢᠬᠦ ᠬᠥᠭᠵᠢᠶᠡᠨ ᠲᠠᠢ ᠠᠵᠢᠯ ᠬᠥᠰᠢᠭᠡ ᠪᠠᠨ ᠰᠡᠬᠦᠳᠡᠭ᠃ | ᠨᠢᠭᠡᠳᠦᠯ ᠪᠠᠷᠢᠭᠠᠳᠠ᠂ ᠠᠶᠢᠯ ᠰᠠᠭᠠᠬᠠᠯᠲᠠ ᠪᠠᠷ ᠢᠶᠠᠨ ᠴᠤᠭᠯᠠᠵᠤ᠂ ᠠᠬᠤᠷ ᠤᠨ ᠨᠣᠣᠰᠣ ᠪᠠᠨ ᠳᠡᠯᠭᠡᠨ᠂ ᠤᠯᠠᠭᠠᠨ ᠰᠤᠬᠠᠢ ᠪᠠᠷ ᠰᠠᠪᠠᠵᠤ᠂ ᠤᠷᠳᠤ ᠴᠠᠭᠠᠨ | ᠢᠰᠡᠭᠡᠢ ᠪᠠᠨ ᠵᠤᠯᠤᠵᠤ ᠡᠬᠢᠯᠡᠨ᠎ᠡ᠃ ᠢᠰᠡᠭᠡᠢ ᠵᠤᠯᠤᠬᠤ ᠳᠤ ᠭᠠᠵᠠᠷ ᠨᠢ ᠲᠡᠭᠰᠢ᠂ ᠢᠰᠡᠭᠡᠢ ᠲᠠᠲᠠᠬᠤ ᠳᠤ ᠲᠠᠯᠠᠪᠠᠢ ᠨᠢ ᠠᠭᠤᠳᠠᠮ᠂ ᠬᠤᠳᠳᠤᠭ ᠤᠨ ᠬᠢᠨᠢ ᠤᠰᠤ | ᠭᠦᠢᠬᠡᠨ ᠁ ᠭᠡᠳ ᠪᠠᠰᠠ ᠯᠠ ᠮᠠᠨ ᠤ ᠵᠤᠰᠠᠯᠠᠩ ᠤᠨ ᠪᠠᠷᠠᠭᠤᠨ ᠲᠡᠨᠵᠢᠨ ᠳᠤ ᠬᠢᠳᠡᠭ ᠪᠠᠶᠢᠯ᠎ᠠ᠃ | ᠦᠷ ᠤᠨ ᠭᠤᠵᠣᠩ ᠭᠡᠭᠡ ᠪᠠᠷ ᠠᠶᠢᠷᠠᠭ ᠲᠠᠷᠠᠭ ᠭᠠᠨᠵᠤᠭᠠᠯᠠᠭᠰᠠᠨ ᠢᠰᠡᠭᠡᠶᠢᠴᠢᠳ ᠵᠦᠭ ᠪᠦᠷᠢ ᠠᠴᠠ ᠴᠤᠭᠯᠠᠷᠠᠨ ᠡᠮᠡᠭᠲᠡᠶᠢᠴᠦᠳ ᠨᠢ ᠨᠣᠣᠰᠣ ᠰᠠᠪᠠᠨ᠂ | ᠡᠷ᠎ᠡ ᠪᠦᠰᠡᠲᠡᠶᠢᠴᠦᠳ ᠨᠢ ᠵᠤᠯᠤᠬᠠᠢ ᠶᠢᠨ ᠲᠠᠯᠠᠪᠠᠢ ᠲᠡᠭᠰᠢᠯᠡᠬᠦ᠂ ᠳᠡᠭᠡᠰᠦ ᠴᠢᠷᠭ᠎ᠠ ᠪᠠᠵᠠᠭᠠᠬᠤ᠂ ᠡᠬᠢ ᠶᠢᠨ ᠢᠰᠡᠭᠡᠢ ᠤᠰᠤᠯᠠᠬᠤ ᠁ ᠠᠵᠢᠯ ᠳᠤ ᠬᠤᠷᠮᠣᠢ | ᠰᠢᠭᠤᠨ ᠬᠠᠨᠴᠤᠢ ᠰᠢᠮᠠᠯᠠᠨ ᠭᠠᠪᠰᠢᠭᠠᠶᠢᠯᠠᠵᠠᠭᠠᠨᠠ᠃ | ᠢᠰᠡᠭᠡᠢ ᠵᠤᠯᠤᠬᠤ ᠳᠠᠭᠠᠨ ᠴᠠᠭᠠᠷᠠᠭᠰᠠᠨ ᠠᠬᠠᠮᠠᠳ ᠲᠣᠮᠣᠭᠠᠲᠠᠳ ᠵᠤᠯᠤᠬᠠᠢ ᠵᠤᠯᠤᠵᠤ᠂ ᠵᠠᠯᠠᠭᠤ ᠢᠳᠡᠷᠴᠦᠳ ᠰᠠᠭᠤᠯᠠᠭ᠎ᠠ ᠰᠠᠭᠤᠯᠠᠭ᠎ᠠ ᠪᠠᠷ ᠤᠰᠤ | ᠵᠥᠭᠡᠭᠡᠨ ᠢᠰᠡᠭᠡᠢ ᠤᠰᠤᠯᠠᠨ᠎ᠠ᠃ ᠵᠤᠯᠤᠬᠠᠢ ᠵᠤᠯᠤᠬᠤ ᠳᠤ ᠵᠤᠵᠠᠭᠠᠨ ᠨᠢᠮᠭᠡᠨ ᠢ ᠨᠢ ᠲᠠᠭᠠᠷᠠᠭᠤᠯᠵᠤ᠂ ᠢᠰᠡᠭᠡᠢ ᠤᠰᠤᠯᠠᠬᠤ ᠳᠤ ᠵᠤᠯᠤᠬᠠᠢ ᠬᠠᠯᠭᠤᠨ ᠢᠰᠡᠭᠡᠢ | ᠬᠠᠭᠤᠳᠠᠰᠤᠷᠠᠬᠤ ᠶᠢ ᠬᠢᠴᠢᠶᠡᠳᠡᠭ᠃ | ᠭᠠᠷ ᠲᠡᠩᠴᠡᠭᠰᠡᠨ ᠢᠰᠡᠭᠡᠶᠢᠴᠢᠳ ᠢᠰᠡᠭᠡᠢ ᠪᠠᠨ ᠤᠰᠤᠯᠠᠮᠠᠭᠴᠠ ᠤᠰᠤ ᠨᠢ ᠰᠢᠮᠡᠳᠬᠦ ᠠᠴᠠ ᠨᠢ ᠡᠮᠦᠨ᠎ᠡ ᠡᠬᠢ ᠶᠢᠨ ᠢᠰᠡᠭᠡᠢ ᠶᠢᠨ ᠲᠣᠯᠣᠭᠠᠢ ᠲᠠᠯ᠎ᠠ ᠠᠴᠠ | ᠨᠢ ᠨᠢᠭᠡᠨ ᠵᠢᠭᠳᠡ ᠴᠢᠩᠭ᠎ᠠ ᠬᠤᠶᠢᠪᠢᠳᠠᠨᠠ᠃ ᠢᠰᠡᠭᠡᠢ ᠪᠠᠨ ᠬᠤᠶᠢᠪᠢᠳᠠᠵᠤ ᠣᠷᠢᠶᠠᠭᠠᠳ ᠴᠢᠷᠭ᠎ᠠ ᠶᠢᠨ ᠳᠡᠭᠡᠰᠦ ᠪᠠᠷ ᠴᠢᠷᠭᠠᠳᠠᠨ ᠢᠰᠡᠭᠡᠢ ᠬᠤᠶᠢᠪᠢᠳᠠᠬᠰᠠᠨ | ᠴᠢᠭᠯᠡᠯ ᠤᠨ ᠳᠠᠭᠠᠤ ᠲᠠᠲᠠᠳᠠᠭ᠃ ᠭᠤᠪᠢᠴᠤᠳ ᠢᠰᠡᠭᠡᠢ ᠪᠠᠨ ᠲᠡᠮᠡᠭᠡ ᠪᠠᠷ ᠲᠠᠲᠠᠳᠠᠭ ᠪᠣᠯ ᠠᠳᠤᠭᠤ ᠤᠯᠠᠨ ᠲᠠᠢ ᠮᠠᠨ ᠤ ᠪᠠᠷᠢᠭᠠᠳᠠ ᠶᠢᠨ ᠬᠢᠨ ᠮᠣᠷᠢ ᠪᠠᠷ ᠲᠠᠲᠠᠳᠠᠭ᠃ | ᠨᠣᠶᠢᠲᠠᠨ ᠦᠷᠢᠶ᠎ᠡ ᠪᠠᠷ ᠢᠰᠡᠭᠡᠢ ᠲᠠᠲᠠᠪᠠᠯ ᠴᠡᠭᠡᠵᠢ ᠰᠠᠶᠢᠲᠠᠢ᠂ ᠪᠡᠶ᠎ᠡ ᠲᠣᠮᠣ ᠲᠠᠢ ᠪᠤᠯᠳᠠᠭ ᠬᠡᠮᠡᠨ ᠬᠠᠭᠠᠷᠢᠮᠠᠯ ᠦᠷᠢᠶ᠎ᠡ ᠪᠠᠷ ᠢᠷᠡᠬᠦ ᠢᠰᠡᠭᠡᠶᠢᠴᠢᠨ ᠴᠦ ᠪᠤᠢ᠃ ᠬᠠᠰᠢᠷ | ᠲᠤᠷᠰᠢᠯᠭ᠎ᠠ ᠲᠠᠢ ᠢᠰᠡᠭᠡᠢ ᠵᠠᠯᠠᠭᠴᠢ ᠠᠴᠠ ᠤᠷᠲᠤᠬᠠᠨ ᠮᠣᠳᠣ ᠪᠤᠶᠤ ᠰᠤᠬᠠᠢ ᠪᠠᠷᠢᠭᠠᠳ ᠢᠰᠡᠭᠡᠢ ᠵᠠᠯᠠᠬᠤ ᠶᠢᠨ ᠳᠠᠭᠠᠤ ᠵᠠᠯᠠᠭᠤ ᠪᠠᠭᠠᠴᠤᠳ ᠲᠤ ᠢᠰᠡᠭᠡᠢ ᠵᠠᠯᠠᠬᠤ | ᠤᠷ᠎ᠠ ᠤᠬᠠᠭᠠᠨ ᠢᠶᠠᠨ ᠤᠶᠢᠭ᠎ᠠ ᠦᠭᠡᠢ ᠵᠢᠭᠠᠵᠤ ᠤᠯᠠᠮᠵᠢᠯᠠᠨ᠎ᠠ᠃ ᠢᠰᠡᠭᠡᠢ ᠲᠣᠩᠭᠤᠷᠠᠭᠤᠯᠬᠤ ᠳᠤ ᠰᠢᠨ᠎ᠡ ᠢᠰᠡᠭᠡᠢ ᠨᠢ ᠡᠬᠢ ᠶᠢᠨ ᠢᠰᠡᠭᠡᠢ ᠲᠠᠢ ᠪᠠᠨ ᠪᠠᠭ᠎ᠠ ᠰᠠᠭ᠎ᠠ | ᠨᠠᠭᠠᠯᠳᠤᠪᠠᠯ ︽ᠳᠣᠯᠢᠶᠠᠭᠰᠠᠨ ᠢᠰᠡᠭᠡᠢ ᠰᠠᠶᠢᠬᠠᠨ ᠭᠠᠷᠳᠠᠭ︾ ᠬᠡᠮᠡᠨ ᠪᠡᠯᠭᠡᠰᠢᠶᠡᠳᠡᠭ᠃ | ᠤᠷᠠᠳᠴᠤᠳ ᠪᠠᠭᠤᠭᠰᠠᠨ ᠢᠰᠡᠭᠡᠢ ᠪᠠᠨ ︽ᠨᠢᠯᠬ᠎ᠠ ᠢᠰᠡᠭᠡᠢ︾ ᠭᠡᠵᠦ ᠨᠡᠷᠡᠯᠡᠨ ᠪᠠᠶᠠᠨ ᠲᠦᠷᠦᠭᠦᠦ᠂ ᠡᠪᠴᠢᠭᠦᠨ ᠤ ᠪᠦᠳᠦᠷᠬᠡᠢ᠂ ᠬᠤᠳᠣᠭᠤᠳᠤᠨ ᠤ ᠠᠮᠠᠰᠠᠷ᠂ | ᠴᠠᠢ᠂ ᠠᠷᠢᠬᠢ᠂ ᠰᠢᠬᠢᠷ ᠪᠤᠷᠠᠮ ᠁ ᠢᠶᠠᠷ ᠮᠢᠯᠢᠶᠠᠳᠠᠭ ᠵᠠᠩᠰᠢᠯ ᠲᠠᠢ᠃ | ᠨᠢᠯᠬ᠎ᠠ ᠢᠰᠡᠭᠡᠢ ᠪᠠᠨ ᠬᠤᠶᠢᠪᠢᠳᠠᠬᠤ ᠶᠢᠨ ᠳᠠᠭᠠᠤ ᠤᠰᠤᠯᠠᠵᠤ ᠨᠢᠴᠦᠭᠦᠨ ᠲᠣᠬᠤᠢ ᠪᠠᠷ ᠢᠶᠠᠨ ᠨᠤᠬᠤᠯᠠᠨ ᠬᠤᠶᠢᠪᠢᠳᠠᠬᠤ ᠶᠢ ᠢᠰᠡᠭᠡᠢ ᠲᠣᠬᠤᠶᠢᠳᠠᠬᠤ | ᠭᠡᠳᠡᠭ᠃ ᠢᠰᠡᠭᠡᠢ ᠲᠣᠬᠤᠶᠢᠳᠠᠬᠤ ᠳᠤ ᠢᠰᠡᠭᠡᠢ ᠶᠢᠨ ᠥᠷᠭᠡᠨ ᠨᠠᠷᠢᠨ ᠤ ᠬᠡᠮᠵᠢᠶ᠎ᠡ ᠪᠠᠷ ᠪᠠᠷᠢᠮᠵᠢᠶᠠᠯᠠᠨ ᠭᠡᠳᠦ ᠬᠡᠳᠦᠨ ᠬᠥᠮᠥᠨ ᠣᠷᠣᠯᠴᠠᠳᠠᠭ᠃ ᠢᠰᠡᠭᠡᠢ | ᠲᠣᠬᠤᠶᠢᠳᠠᠬᠤ ᠳᠤ ᠢᠰᠡᠭᠡᠢ ᠶᠢᠨ ᠠᠮᠠᠨ ᠳᠤ ᠲᠠᠭᠠᠷᠠᠬᠰᠠᠨ ᠬᠥᠮᠥᠨ ᠵᠢᠭᠳᠡ ᠬᠤᠶᠢᠪᠢᠳᠠᠬᠤ ᠦᠭᠡᠢ ᠦᠵᠦᠭᠦᠷ ᠭᠠᠷᠭᠠᠪᠠᠯ ︽ᠬᠠᠯᠠᠭᠤᠨ ᠨᠠᠮᠤᠷ ᠢᠶᠠᠷ ᠴᠠᠷᠢᠯ | ᠭᠠᠷᠭᠠᠭᠠᠳ ᠮᠥᠰᠥ ᠴᠠᠷᠢᠯᠳᠠᠬᠤ ᠶᠤᠮ ᠤᠤ︖︾ ᠭᠡᠵᠦ ᠱᠣᠭᠯᠠᠨᠠ᠃ ᠳᠤᠮᠳᠠ ᠬᠡᠰᠡᠭ ᠢ ᠨᠢ ᠲᠣᠬᠤᠶᠢᠳᠠᠵᠤ ᠪᠠᠶᠢᠭ᠎ᠠ ᠬᠥᠮᠥᠰ ᠪᠤᠰᠢᠭᠤ ᠱᠠᠯᠠᠮᠠᠭᠠᠢ ᠬᠥᠳᠡᠯᠬᠦ | ᠦᠭᠡᠢ ᠪᠣᠯ ᠡᠮᠦᠨ᠎ᠡ ᠨᠢ ᠢᠰᠡᠭᠡᠢ ᠣᠪᠣᠭᠠᠷᠠᠨ ︽ᠳᠠᠪᠬᠤᠷ ᠪᠣᠯᠴᠢᠬᠠᠯ᠎ᠠ︾ ᠭᠡᠵᠦ ᠳᠣᠭᠤᠭᠢᠯᠠᠭᠤᠯᠤᠨᠠ᠃ ᠨᠢᠯᠬ᠎ᠠ ᠢᠰᠡᠭᠡᠢ ᠶᠢ ᠬᠡᠳᠦᠢ ᠤᠯᠠᠨ ᠲᠣᠬᠤᠶᠢᠳᠠᠪᠠᠯ ᠲᠡᠳᠦᠢ | ᠴᠢᠨᠠᠷᠯᠢᠭ ᠪᠤᠯᠳᠠᠭ᠃ ᠲᠡᠭᠡᠭᠡᠳ ᠯᠡ ᠠᠯᠢᠶ᠎ᠠ ᠬᠥᠭᠡᠷᠦᠦ ᠵᠠᠷᠢᠮ ᠨᠢ ᠬᠡᠨ ᠨᠢᠭᠡ ᠶᠢ ᠪᠠᠨ ᠨᠢᠴᠦᠭᠦᠨ ᠲᠣᠬᠤᠢ ᠪᠠᠷ ᠨᠢ ᠨᠣᠶᠢᠲᠠᠨ ᠭᠠᠵᠠᠷ ᠲᠣᠬᠤᠶᠢᠳᠠᠭᠤᠯᠤᠨ | ᠢᠨᠢᠶᠡᠯᠳᠦᠵᠦ ᠬᠥᠭᠵᠢᠯᠳᠦᠨ᠎ᠡ᠃ ᠶᠡᠷᠦ ᠨᠢ ᠤᠯᠠᠨ ᠤ ᠠᠵᠢᠯ ᠬᠥᠭᠵᠢᠶᠡᠨ ᠲᠠᠢ ᠪᠠᠶᠢᠬᠤ ᠲᠤᠰᠤᠮ ᠢᠶᠠᠨ ᠳᠥᠬᠦᠭᠦᠰᠢᠲᠡᠢ ᠪᠠᠶᠢᠳᠠᠭ᠃ | ᠲᠣᠬᠤᠶᠢᠳᠠᠭᠰᠠᠨ ᠢᠰᠡᠭᠡᠢ ᠶᠢᠨ ᠢᠶᠠᠨ ᠡᠬᠢ ᠠᠳᠠᠭ ᠢ ᠠᠭᠤᠯᠵᠠᠭᠤᠯᠤᠨ ᠴᠢᠳᠠᠯ ᠲᠡᠩᠴᠡᠭᠰᠡᠨ ᠲᠦᠷᠪᠡᠨ ᠬᠥᠮᠥᠨ᠂ ᠲᠦᠷᠪᠡᠨ ᠥᠨᠴᠥᠭ ᠠᠴᠠ ᠨᠢ | ᠠᠳᠬᠤᠨ ᠢᠰᠡᠭᠡᠢ ᠪᠠᠨ ᠳᠡᠭᠡᠭᠰᠢ ᠡᠷᠭᠦᠭᠡᠳ ᠲᠡᠭᠢᠨ ᠭᠠᠵᠠᠷ ᠬᠦᠴᠦᠲᠡᠢ ᠰᠠᠪᠠᠭᠤ ᠶᠢ ᠢᠰᠡᠭᠡᠢ ᠵᠢᠱᠢᠬᠦ ᠭᠡᠳᠡᠭ᠃ ᠢᠰᠡᠭᠡᠢ ᠵᠢᠱᠢᠬᠦ ᠳᠤ ᠲᠦᠷᠪᠡᠨ ᠬᠥᠮᠥᠨ ᠲᠤᠭ᠎ᠠ | ᠬᠠᠰᠬᠢᠷᠤᠨ ᠬᠦᠴᠦ ᠪᠠᠨ ᠲᠠᠭᠠᠷᠠᠭᠤᠯᠵᠤ ᠬᠦᠴᠦᠲᠡᠢ ᠵᠢᠱᠢᠨ᠎ᠡ᠃ ᠠᠯᠢᠶᠠᠷᠬᠠᠵᠤ ᠲᠣᠭᠯᠠᠬᠤ ᠳᠤᠷᠠᠲᠠᠢ ᠵᠠᠯᠠᠭᠤᠴᠤᠳ ᠠᠯᠢ ᠨᠢᠭᠡ ᠶᠢ ᠪᠠᠨ ᠱᠣᠭᠯᠠᠬᠤ ᠭᠡᠵᠦ | ᠬᠤᠭᠤᠷᠣᠨᠳᠤ ᠪᠠᠨ ᠨᠢᠳᠦ ᠢᠷᠮᠡᠯᠴᠡᠨ ᠭᠡᠨᠡᠳᠲᠡ ᠬᠦᠴᠦᠲᠡᠢ ᠳᠤᠭᠲᠤᠷᠴᠤ᠂ ᠰᠠᠨᠠᠮᠰᠠᠷ ᠦᠭᠡᠢ ᠪᠠᠶᠢᠭᠰᠠᠨ ᠬᠡᠨ ᠨᠢᠭᠡ ᠶᠢ ᠪᠠᠨ ᠨᠣᠶᠢᠲᠠᠨ ᠢᠰᠡᠭᠡᠢ ᠳᠡᠭᠡᠷ᠎ᠡ ᠤᠯᠠᠭᠠᠨ | ᠨᠢᠭᠤᠷ ᠢᠶᠠᠷ ᠨᠢ ᠬᠠᠷᠠᠭᠤᠯᠳᠠᠭᠤᠯᠵᠤ᠂ ᠵᠤᠰᠠᠯᠠᠩ ᠤᠨ ᠨᠣᠭᠤᠭᠠᠨ ᠲᠡᠨᠵᠢ ᠶᠢ ᠢᠨᠢᠶᠡᠳᠦ ᠪᠠᠶᠠᠰᠤᠯ ᠢᠶᠠᠷ ᠴᠠᠯᠭᠢᠭᠤᠯᠤᠨ᠎ᠠ᠃ | ᠰᠢᠩᠭᠡᠬᠦ ᠶᠢᠨ ᠰᠢᠷ᠎ᠠ ᠨᠠᠷᠠᠨ ᠢᠶᠠᠷ ᠰᠡᠪᠢᠵᠦ ᠳᠡᠯᠭᠡᠭᠰᠡᠨ ᠲᠤᠩ ᠴᠠᠭᠠᠨ ᠵᠤᠵᠠᠭᠠᠨ ᠢᠰᠡᠭᠡᠢ ᠨᠦᠭᠦᠳ ᠠᠳᠡ ᠲᠡᠨᠳᠡ ᠦᠭᠡᠢ ᠴᠠᠶᠢᠯᠵᠠᠨ᠂ | ᠢᠰᠡᠭᠡᠶᠢᠴᠢᠳ ᠤᠨ ᠨᠥᠷᠢ ᠶᠡᠭᠡ ᠭᠦᠳᠡᠯᠮᠦᠷᠢ᠂ ᠤᠷ᠎ᠠ ᠲᠡᠮ ᠲᠠᠢ ᠮᠡᠷᠭᠡᠵᠢᠯ ᠢ ᠨᠢ ᠦᠨᠡᠯᠡᠨ ᠴᠠᠶᠢᠯᠵᠠᠳᠠᠭ᠃ | ᠠᠵᠢᠯ ᠶᠠᠪᠤᠳᠠᠯ ᠳᠠᠭᠠᠨ ᠠᠪᠬᠠᠯᠵᠢᠲᠠᠢ ᠪᠠᠷᠢᠭᠠᠳᠠ ᠶᠢᠨ ᠳᠠᠷᠤᠭ᠎ᠠ ᠭᠤᠸᠠᠢ ᠬᠠᠮᠤᠭ ᠰᠡᠭᠦᠯᠴᠢ ᠶᠢᠨ ᠵᠤᠵᠠᠭᠠᠨ ᠴᠠᠭᠠᠨ ᠢᠰᠡᠭᠡᠢ ᠶᠢ ᠴᠠᠭᠠᠨ ᠢᠳᠡᠭᠡ ᠪᠠᠷ | ᠮᠢᠯᠢᠶᠠᠭᠠᠳ᠄ ︽ᠤᠯᠠᠨ ᠤ ᠬᠦᠴᠦ ᠪᠠᠷ ᠥᠨᠥᠳᠥᠷ ᠤᠨ ᠠᠵᠢᠯ ᠥᠯᠵᠡᠶᠢᠲᠡᠢ ᠥᠨᠳᠥᠷᠯᠡᠯ᠎ᠡ᠃ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠯᠲᠠ ᠳᠤ ᠬᠦᠴᠦ | ᠬᠥᠯᠥᠰᠦ ᠪᠠᠨ ᠤᠷᠤᠰᠬᠠᠭᠰᠠᠨ ᠭᠡᠰᠢᠭᠦᠳ ᠲᠡᠭᠡᠨ ᠲᠠᠯᠠᠷᠬᠠᠵᠤ ᠪᠠᠶᠢᠨ᠎ᠠ᠃ ᠨᠡᠩ ᠴᠦ ᠬᠢᠭᠰᠡᠨ ᠠᠵᠢᠯ᠂ ᠪᠦᠲᠦᠭᠡᠭᠰᠡᠨ ᠪᠦᠲᠦᠭᠡᠯ ᠢᠶᠠᠷ ᠢᠶᠠᠨ ᠤᠯᠤᠰ ᠤᠨ ᠪᠠᠶᠠᠷ ᠢᠶᠠᠨ | ᠬᠠᠮᠲᠤ ᠪᠠᠷ ᠢᠶᠠᠨ ᠪᠡᠯᠭᠡᠯᠡᠵᠦ ᠪᠠᠶᠢᠭ᠎ᠠ ᠳᠠᠭᠠᠨ ᠣᠯᠵᠠᠷᠬᠠᠨ ᠪᠠᠶᠠᠷᠯᠠᠵᠤ ᠪᠠᠶᠢᠨ᠎ᠠ︕︾ ᠭᠡᠬᠦ ᠲᠠᠢ ᠵᠡᠷᠭᠡ ᠤᠯᠠᠨ ᠢᠶᠠᠷ ᠢᠶᠠᠨ ᠨᠢᠵᠢᠭᠢᠨᠡᠲᠡᠯ᠎ᠡ ᠠᠯᠠᠭ᠎ᠠ ᠲᠠᠰᠢᠵᠠᠭᠠᠬᠤ ᠨᠢ | ᠪᠦᠷ ᠴᠦ ᠬᠥᠭᠵᠢᠯᠲᠡᠢ᠃ | ︽ᠲᠠᠯ᠎ᠠ ᠨᠤᠲᠤᠭ ᠠᠴᠠ ᠲᠢᠶᠠᠨ ᠠᠨ ᠮᠧᠨ ᠲᠠᠯᠠᠪᠠᠢ ᠳᠤ ᠬᠦᠷᠴᠦ ᠢᠷᠡᠭᠡᠳ᠂ ᠠᠯᠳᠠᠨ ᠬᠤᠨᠳᠠᠭ᠎ᠠ ᠪᠠᠨ ᠡᠷᠭᠦᠨ ᠪᠠᠷᠢᠶ᠎ᠠ ᠭᠦᠢ᠁︾ ᠬᠡᠮᠡᠨ | ᠢᠰᠡᠭᠡᠶᠢᠴᠢᠳ ︽ᠮᠠᠭᠲᠠᠭᠠᠯ ᠳᠠᠭᠤᠤ︾ ᠪᠠᠨ ᠬᠠᠩᠭᠢᠨᠠᠭᠤᠯᠤᠨ ᠳᠠᠭᠤᠯᠠᠭᠰᠠᠭᠠᠷ ᠦᠳᠡᠰᠢ ᠶᠢᠨ ᠰᠢᠷᠭᠠᠯ ᠲᠤᠯᠤᠩ ᠳᠤᠮᠳᠠᠭᠤᠷ ᠭᠡᠷ ᠭᠡᠷ ᠢᠶᠠᠨ ᠵᠣᠷᠢᠨ᠎ᠠ᠃ | ᠨᠤᠲᠤᠭ ᠤᠨ ᠮᠢᠨᠢ ᠨᠣᠮᠢᠨ ᠨᠣᠭᠤᠭᠠᠨ ᠲᠡᠨᠵᠢ ᠠᠭᠤᠤ ᠤᠯᠤᠰ ᠤᠨ ᠮᠠᠨᠢ ᠥᠷᠭᠡᠨ ᠠᠭᠤᠳᠠᠮ ᠨᠤᠲᠤᠭ ᠳᠡᠪᠢᠰᠬᠡᠷ ᠲᠠᠢ ᠬᠠᠷᠢᠴᠠᠭᠤᠯᠪᠠᠯ ᠲᠤᠰᠤᠯ ᠤᠨ | ᠲᠡᠳᠦᠶᠢᠬᠡᠨ ᠵᠢᠵᠢᠭ ᠴᠦ ᠡᠬᠡ ᠤᠯᠤᠰ ᠤᠨ ᠮᠠᠨᠢ ᠲᠡᠦᠬᠡᠨ ᠬᠠᠭᠤᠳᠠᠰᠤ ᠶᠢ ᠪᠢᠴᠢᠭᠯᠡᠭᠰᠡᠨ ᠠᠯᠢ ᠤᠯᠠᠨ ᠪᠠᠶᠠᠷ ᠳᠤᠷᠠᠰᠬᠠᠯ ᠤᠨ ᠡᠳᠦᠷ ᠢ ᠪᠤᠶᠢᠳᠠ ᠪᠥᠭᠯᠡᠭᠦᠦ | ᠬᠥᠳᠡᠭᠡ ᠶᠢᠨ ᠬᠥᠮᠥᠰ ᠲᠤ ᠲᠠᠨᠢᠭᠤᠯᠤᠭᠰᠠᠨ ᠥᠨᠢ ᠮᠥᠩᠬᠡ ᠶᠢᠨ ᠳᠤᠷᠠᠳᠬᠠᠯ ᠲᠠᠢ ᠪᠢᠯᠡ᠃ | ᠥᠳᠬᠡᠨ ᠰᠠᠬᠤᠯᠢᠭ ᠪᠡᠯᠴᠢᠭᠡᠷ ᠲᠠᠢ᠂ ᠲᠡᠭᠰᠢ ᠴᠠᠯᠠᠭᠠᠢ ᠲᠠᠯ᠎ᠠ ᠲᠠᠢ ᠵᠤᠰᠠᠯᠠᠩ ᠤᠨ ᠮᠢᠨᠢ ᠨᠣᠮᠢᠨ ᠨᠣᠭᠤᠭᠠᠨ ᠲᠡᠨᠵᠢ - ᠮᠢᠨᠤ ᠰᠡᠳᠬᠢᠯ ᠵᠢᠷᠦᠬᠡᠨ ᠳᠠᠬᠢ | ᠠᠭᠤᠤ ᠶᠡᠭᠡ ᠡᠬᠡ ᠣᠷᠣᠨ︕ ᠤᠯᠤᠰ ᠢᠶᠠᠨ ᠬᠠᠶᠢᠷᠠᠯᠠᠬᠤ ᠬᠠᠶᠢᠷ᠎ᠠ ᠰᠡᠳᠬᠢᠯᠭᠡ ᠶᠢ ᠤᠮᠳᠠᠯᠠᠭᠰᠠᠨ ᠠᠰᠤᠷᠤ ᠲᠣᠮᠣ ︽ᠳᠡᠯᠡᠬᠡᠢ︾ ᠪᠤᠶᠤ︕ | |