ᠡᠪᠦᠯ ᠠᠶᠢᠰᠤᠢ ᠶᠤᠮ ᠪᠠᠶᠢᠨ᠎ᠠ
ᠨᠡᠶᠢᠲᠡᠯᠡᠭᠰᠡᠨ ᠴᠠᠭ᠄
2025/1/7
       ᠡᠪᠦᠯ᠂ ᠰᠡᠪ ᠰᠡᠮᠡᠭᠡᠷ ᠠᠯᠬᠤᠭᠠᠳ ᠢᠷᠡᠯ᠎ᠡ᠃ ᠲᠡᠷᠡ ᠬᠠᠨ ᠳᠡᠯᠡᠬᠡᠢ ᠳᠤ ᠣᠷᠣᠰᠢᠬᠤ ᠶᠢᠨ ᠲᠥᠯᠥᠭᠡ ᠬᠠᠪᠤᠷ ᠠᠴᠠ ᠨᠠᠭᠠᠰᠢ ᠶᠡᠬᠡᠯ᠎ᠡ ᠬᠦᠰᠡᠮᠵᠢᠯᠡᠨ᠂  ᠬᠠᠯᠠᠭᠤᠨ ᠵᠤᠠ ᠠᠴᠠ ᠮᠥᠷᠥᠭᠡᠳᠦᠯ ᠲᠡᠭᠦᠵᠦ᠂ ᠬᠤᠩᠭᠤᠷ ᠨᠠᠮᠤᠷ ᠠᠴᠠ ᠭᠤᠨᠢᠶᠠᠯ ᠳᠡᠭᠦᠷᠦᠭᠡᠳ ᠬᠤᠷᠳᠤ ᠨᠡᠮᠡᠨ ᠠᠶᠢᠰᠤᠢ᠃ ᠡᠪᠦᠯ ᠡᠷᠴᠢᠲᠡᠢ ᠪᠤᠯᠪᠠᠴᠤ ᠥᠯᠴᠢᠷ  ᠬᠠᠲᠠᠭᠤ ᠪᠣᠯᠬᠤᠷ ᠬᠥᠮᠥᠨ ᠤ ᠰᠡᠳᠬᠢᠯ ᠳᠤ ᠮᠥᠯᠢᠭᠦᠨ ᠴᠡᠪᠳᠡᠭ ᠰᠠᠨᠠᠭᠳᠠᠵᠤ᠂ ᠬᠡᠨ ᠴᠤ ᠭᠡᠰᠡᠨ ᠲᠡᠭᠦᠨ ᠤᠷᠤᠭᠤ ᠰᠡᠷᠡᠮᠵᠢᠯᠡᠬᠦ ᠬᠠᠷᠠᠴᠠ ᠤᠷᠭᠢᠭᠠᠳ ᠶᠠᠪᠤᠨ᠎ᠠ᠃  ᠬᠠᠷᠠᠬᠤ ᠦᠭᠡᠢ ᠤᠤ︖ ᠪᠠᠶᠢᠭᠠᠯᠢ ᠶᠢᠨ ᠰᠢᠪᠠᠭᠤᠳ ᠪᠠᠶᠢᠲᠠᠯ᠎ᠠ ᠲᠡᠭᠦᠨ ᠠᠴᠠ ᠳᠠᠶᠢᠵᠢᠵᠤ ᠳᠤᠲᠠᠭᠠᠭᠠᠳ ᠳᠤᠯᠠᠭᠠᠨ ᠲᠠᠪᠠᠲᠠᠢ ᠣᠷᠣᠨ ᠢ ᠵᠣᠷᠢᠬᠤ ᠪᠤᠶᠤ ᠲᠠᠷ ᠢ ᠨᠢ  ᠰᠢᠯᠭᠠᠬᠤ ᠬᠠᠬᠢᠷ ᠬᠦᠢᠲᠡᠨ ᠢ ᠠᠷᠭᠠᠴᠠᠬᠤ ᠬᠡᠮᠡᠨ ᠡᠭᠦᠷ ᠣᠷᠣᠨ ᠢᠶᠠᠨ ᠡᠪᠲᠡᠶᠢᠬᠡᠨ ᠰᠢᠭ ᠵᠠᠰᠠᠨ᠎ᠠ᠃ ᠮᠣᠭᠠᠢ ᠮᠡᠯᠡᠬᠡᠢ ᠮᠡᠲᠦ ᠶᠢᠨ ᠢᠴᠡᠭᠡᠯᠡᠭᠰᠡᠳ ᠪᠦᠲᠦᠨ ᠡᠪᠦᠯ  ᠤᠨᠲᠠᠬᠤ ᠠᠴᠠ ᠪᠠᠨ ᠬᠠᠯᠠᠰᠢᠷᠠᠭᠰᠠᠨ ᠰᠢᠭ᠋ ᠲᠤᠭᠢ ᠰᠡᠷᠭᠡᠭ ᠪᠠᠶᠢᠭ᠎ᠠ ᠴᠠᠭ ᠵᠠᠢ ᠳᠠᠭᠠᠨ ᠠᠮᠵᠢᠨ ᠬᠥᠯ ᠦᠢᠮᠡᠭᠡᠨ ᠶᠡᠭᠡ ᠲᠠᠢ ᠭᠠᠵᠠᠷ ᠢᠶᠠᠷ ᠭᠡᠨᠡᠳᠲᠡ ᠭᠤᠯᠭᠤᠨ  ᠣᠴᠢᠭᠠᠳ ᠬᠡᠦᠬᠡᠳ ᠰᠢᠤᠬᠠᠳ ᠢ ᠠᠶᠤᠯᠭᠠᠨ ᠰᠣᠴᠢᠭᠠᠵᠤ᠂ ᠬᠠᠯᠲᠤᠰᠬᠢᠪᠡᠯ ᠮᠥᠨ ᠮᠣᠳᠣ ᠰᠢᠳᠠᠮ ᠤᠨ ᠭᠡᠨᠡᠨ ᠠᠶᠤᠯ ᠳᠤ ᠤᠴᠠᠷᠠᠳᠠᠭ ᠨᠢ ᠴᠤ ᠪᠤᠢ᠃ ᠢᠳᠤᠭᠠᠨ  ᠡᠷᠪᠡᠬᠡᠢ᠂ ᠣ ᠶᠢᠨ ᠡᠷᠪᠡᠬᠡᠢ᠂ ᠠᠯᠠᠭ ᠪᠠᠩᠵᠠᠯᠳᠤ ᠡᠷᠪᠡᠬᠡᠢ ᠴᠤ ᠲᠡᠶᠢᠮᠤ᠃ ᠲᠡᠳᠡ ᠬᠠᠳᠠᠵᠤ ᠬᠤᠷᠪᠣᠶᠢᠭᠰᠠᠨ ᠴᠡᠴᠡᠭᠡᠰ ᠤᠨ ᠥᠷᠴᠢᠭᠡᠷ ᠲᠠᠯᠪᠢ ᠳᠡᠭᠡᠷ᠎ᠡ ᠠᠲᠤᠷᠢᠨ  ᠰᠠᠭᠤᠭᠠᠳ᠂ ᠭᠠᠵᠠᠷ ᠨᠥᠮᠥᠷᠢᠯᠡᠭᠰᠡᠨ ᠨᠠᠪᠴᠢᠰ ᠰᠢᠭ᠋ ᠨᠢᠭᠡᠯᠡ ᠬᠡᠶᠢᠰᠦᠭᠡᠳ ᠤᠳᠬᠤ ᠭᠤᠨᠢᠭᠲᠤ ᠬᠤᠪᠢ ᠵᠠᠶᠠᠭᠠᠨ ᠳᠠᠭᠠᠨ ᠡᠩᠰᠡᠷᠡᠨ ᠬᠠᠷᠠᠮᠰᠠᠬᠤ ᠠᠶᠠᠲᠠᠢ ᠨᠢᠮᠭᠡᠨ  ᠪᠣᠷᠣ ᠲᠠᠯᠠᠪᠴᠢ ᠪᠠᠨ ᠢᠳᠡ ᠮᠠᠭᠤᠲᠠᠶᠢᠬᠠᠨ ᠳᠡᠪᠢᠯᠬᠢᠯᠡᠬᠦ ᠶᠤᠮ᠃        ᠭᠠᠯᠪᠠ ᠶᠢᠷᠲᠢᠨᠴᠦ ᠶᠢᠨ ᠪᠣᠰᠤᠭ᠎ᠠ ᠵᠠᠢ ᠳᠤ ᠬᠥᠮᠥᠨ ᠬᠠᠰᠢᠯᠠ ᠬᠡᠴᠡᠭᠦᠦ᠃ ᠲᠡᠳᠡ ᠲᠥᠷᠪᠡᠡ ᠤᠯᠠᠷᠢᠯ ᠤᠨ ᠡᠭᠡᠯᠵᠢᠯᠡᠯ ᠢ ᠤᠷᠮ᠎ᠠ ᠵᠣᠷᠢᠭ ᠲᠠᠢ ᠤᠭᠲᠤᠵᠤ᠂  ᠤᠷᠭᠤᠬᠤ ᠡᠪᠡᠰᠦ᠂ ᠳᠡᠯᠭᠡᠷᠡᠬᠦ ᠴᠡᠴᠡᠭᠡᠰ᠂ ᠰᠢᠷᠠᠯᠠᠬᠤ ᠨᠠᠪᠴᠢᠰ᠂ ᠰᠢᠵᠢᠷᠳᠡᠭᠦ ᠮᠥᠰᠥ ᠶᠢ ᠭᠠᠶᠢᠬᠠᠯᠲᠠᠢ ᠰᠢᠷᠳᠡᠠ ᠬᠤᠭᠤᠷ ᠴᠤᠭᠤᠷ ᠤᠨ ᠰᠠᠶᠢᠬᠠᠨ ᠡᠭᠡᠰᠢᠭ ᠳᠡᠭᠡᠷ᠎ᠡ  ᠬᠤᠭᠤᠯᠠᠢ ᠶᠢᠨ ᠲᠤᠩᠭᠠᠯᠠᠭ ᠢᠶᠠᠨ ᠰᠢᠯᠭᠠᠯᠴᠠᠬᠤ ᠳᠠᠭᠠᠨ ᠴᠠᠰᠤᠲᠤ ᠲᠠᠯ᠎ᠠ᠂ ᠮᠥᠰᠥᠲᠦ ᠤᠷᠭᠢᠯ ᠪᠡᠯᠡᠭᠯᠡᠭᠰᠡᠨ ᠪᠠᠶᠢᠭᠠᠯᠢ ᠶᠢᠨ ᠬᠦᠨᠳᠦᠲᠦ ᠵᠣᠴᠢᠨ ᠡᠪᠦᠯ ᠢ  ︽ᠥᠩᠰᠢᠭ ᠤᠯᠠᠷᠢᠯ ᠶᠤᠮ ᠰᠢᠤ︾ ᠬᠡᠮᠡᠨ ᠪᠠᠭ᠋ᠠᠷᠬᠠᠨ᠎ᠠ᠃ ᠲᠡᠳᠡ ᠡᠯᠪᠡᠭ ᠬᠤᠷᠢᠶᠠᠭᠰᠠᠨ ᠲᠠᠷᠢᠶ᠎ᠠ ᠪᠠᠨ ᠬᠠᠳᠠᠭᠠᠯᠠᠵᠤ᠂ ᠮᠠᠯ ᠤᠨᠤᠭ᠎ᠠ ᠪᠠᠨ ᠳᠤᠯᠠᠭᠠᠨ  ᠡᠪᠦᠯᠵᠢᠶᠡᠨ ᠳᠡᠭᠡᠨ ᠣᠷᠣᠭᠤᠯᠴᠢᠬᠠᠭᠠᠳ ᠬᠦᠢᠲᠡᠨ ᠢ ᠰᠥᠷᠬᠦ ᠬᠠᠳᠠᠠ ᠵᠣᠷᠢᠭ ᠢᠶᠠᠨ ᠠᠯᠢ ᠡᠷᠲᠡ ᠠᠴᠠ ᠬᠤᠷᠴᠠᠯᠠᠨ᠎ᠠ᠃        ᠡᠪᠦᠯ᠂ ᠬᠠᠶᠠ ᠬᠠᠶᠠ ᠬᠠᠥᠭᠢᠠ ᠱᠤᠤᠭᠢᠭᠠᠳ ᠵᠤᠳ ᠰᠢᠭᠤᠷᠭᠠᠨ ᠠᠪᠴᠢᠷᠠᠳᠠᠭ᠃ ᠶᠢᠷᠲᠢᠨᠴᠦ ᠶᠢᠨ ᠬᠥᠮᠥᠨ ᠳᠡᠩᠳᠡᠭᠦᠦ ᠶᠡᠭᠡ ᠠᠮᠤᠷ ᠵᠢᠷᠭᠠᠯᠠᠩ ᠳᠤ  ᠪᠢᠯᠠᠭᠤᠷᠠᠵᠤ ᠮᠡᠳᠡᠬᠦ ᠲᠤᠯᠠ ᠲᠠᠷ ᠬᠦᠴᠦᠨ ᠢ ᠨᠢ ᠰᠢᠯᠭᠠᠵᠤ᠂ ᠡᠷᠴᠢ ᠵᠣᠷᠢᠭ ᠢ ᠨᠢ ᠬᠥᠪᠴᠢᠯᠡᠬᠦ ᠬᠡᠮᠡᠨ ᠣᠷᠴᠢᠯᠠᠩ ᠪᠠᠶᠢᠭᠠᠯᠢ ᠶᠢᠨ ᠤᠠᠴᠠᠭᠠᠢ ᠵᠠᠷᠯᠢᠭ ᠢᠶᠠᠷ ᠡᠪᠦᠯ  ᠭᠤᠸᠠᠢ ᠲᠡᠶᠢᠨᠬᠦ ᠦᠰᠦ ᠭᠡᠵᠢᠭᠡ ᠪᠠᠨ ᠪᠣᠰᠬᠠᠨ᠂ ᠦᠵᠡᠬᠦ ᠨᠢᠳᠦ ᠪᠠᠨ ᠡᠷᠡᠶᠢᠯᠭᠡᠨ ᠰᠦᠷᠳᠡᠲᠦᠭᠡᠢ᠂ ᠡᠮᠢᠶᠡᠲᠦᠭᠡᠢ ᠬᠡᠮᠡᠨ ᠠᠭᠰᠤᠮ ᠲᠠᠯᠪᠢᠬᠤ ᠠᠵᠢ᠃ ᠲᠡᠭᠡᠭᠦᠯᠡᠷ  ᠬᠥᠮᠥᠰ ᠨᠣᠪ ᠨᠣᠮᠣᠬᠠᠨ ᠪᠣᠯᠴᠢᠬᠠᠭᠠᠳ ᠣᠷᠣᠰᠢᠨ ᠠᠮᠢᠳᠤᠷᠠᠬᠤ ᠳᠤᠯᠠᠭᠠᠨ ᠥᠷᠭᠦᠭᠡ᠂ ᠤᠤᠭᠤᠵᠤ ᠢᠳᠡᠬᠦ ᠶᠢᠨ ᠦᠨᠳᠦᠰᠦᠨ ᠱᠠᠭᠠᠷᠳᠠᠯᠭ᠎ᠠ ᠶᠢᠨ ᠢᠶᠠᠨ ᠲᠥᠯᠥᠭᠡ  ᠴᠡᠪᠳᠡᠭ ᠡᠪᠦᠯ ᠤᠨ ᠬᠦᠢᠲᠡᠨ ᠡᠪᠦᠷ ᠲᠤ ᠴᠢᠨᠡᠭᠡ ᠮᠡᠳᠡᠡ ᠲᠡᠯᠴᠢᠯᠡᠨ ᠳᠠᠪᠬᠢᠵᠠᠭᠠᠨ᠎ᠠ᠃ ᠬᠥᠳᠡᠭᠡ ᠭᠠᠳᠠᠭ᠎ᠠ ᠶᠢᠨ ᠦᠵᠡᠮᠵᠢ ᠤᠶᠢᠳᠤᠩᠭᠤᠢ ᠢᠯᠥᠮᠭᠡᠡ᠃ ᠨᠠᠭᠤᠷ  ᠪᠦᠷᠢᠳᠦ᠂ ᠭᠤᠣᠯ ᠭᠤᠷᠤᠬ᠎ᠠ ᠨᠢᠰ ᠲᠢᠰ ᠬᠥᠯᠳᠡᠵᠦ᠂ ᠮᠣᠳᠣᠳ ᠴᠠᠩ ᠰᠠᠭᠰᠤᠷᠭ᠎ᠠ ᠪᠠᠨ ᠲᠠᠭᠠᠭ᠎ᠠ ᠶᠠᠳᠠᠮᠠᠷ ᠳᠡᠩᠬᠡᠯᠵᠡᠨ᠂ ᠲᠤᠪᠤ ᠲᠣᠯᠣᠭᠠᠳ ᠡᠯᠴᠢᠯ ᠦᠭᠡᠢ  ᠭᠠᠭᠴᠠᠭᠠᠷᠳᠠᠯ ᠤᠨ ᠳᠤᠮᠳᠠ ᠪᠤᠯᠠᠬᠳᠠᠬᠰᠠᠠ ᠶᠤᠮ ᠰᠢᠭ᠋ ᠲᠣᠪ ᠳᠤᠭᠤᠶᠢᠬᠠᠨ ᠲᠤᠮᠪᠤᠶᠢᠬᠤ ᠶᠤᠮ ᠠᠵᠢ᠃ ᠠᠭᠤᠯᠠ ᠯᠡ ᠡᠭᠡᠰᠢᠭ ᠲᠠᠳᠠᠠ ᠢᠰᠬᠡᠷᠬᠦ ᠰᠠᠯᠬᠢᠨ ᠢ  ᠬᠠᠩᠭᠠᠢ ᠲᠣᠮᠣ ᠪᠡᠶ᠎ᠡ ᠪᠠᠷ ᠢᠶᠠᠨ ᠬᠠᠰᠢᠨ ᠵᠣᠭᠰᠣᠭᠠᠭᠠᠳ ᠥᠪᠡᠷ ᠤᠨ ᠬᠢᠨᠢ ᠨᠥᠮᠥᠷᠢ ᠳᠤ ᠪᠠᠶᠢᠭ᠎ᠠ ᠬᠥᠮᠥᠨ ᠠᠮᠢᠳᠠᠠ ᠳᠤ ᠬᠦᠢᠲᠡᠨ ᠨᠣᠶᠢᠲᠠᠨ ᠤ ᠬᠠᠯᠠ  ᠠᠮᠰᠠᠭᠤᠯᠬᠤ ᠦᠭᠡᠢ ᠭᠡᠰᠡᠨ ᠰᠢᠭ ᠲᠠᠩᠭᠠᠷᠢᠭ ᠪᠠᠲᠤ ᠰᠦᠨᠳᠡᠷᠯᠡᠨ᠎ᠡ᠃ ᠬᠠᠷᠠᠬᠤ ᠳᠤ ᠪᠦᠷ ᠠᠮᠢ ᠦᠭᠡᠢ᠂ ᠠᠮᠢᠵᠢᠷᠠᠯ ᠦᠭᠡᠢ ᠰᠢᠭ ᠪᠠᠶᠢᠪᠠᠴᠤ ᠦᠨᠡᠨ ᠳᠡᠭᠡᠨ ᠠᠮᠢ  ᠠᠮᠢᠵᠢᠷᠠᠯ ᠢ ᠲᠡᠳᠡ ᠵᠢᠷᠦᠬᠡᠨ ᠲᠠᠮᠢᠷ ᠢᠶᠠᠷ ᠢᠶᠠᠨ ᠡᠴᠢᠨ᠎ᠡ ᠲᠠᠯᠳᠠ ᠳᠠᠭᠠᠨ ᠬᠠᠳᠠᠭᠠᠯᠠᠵᠤ ᠪᠠᠶᠢᠭ᠎ᠠ ᠶᠤᠮ᠃ ᠮᠠᠯᠴᠢᠳ ᠲᠡᠪᠡᠯ ᠵᠤᠪᠴᠠᠭ᠎ᠠ ᠪᠠᠷ ᠢᠶᠠᠨ ᠭᠤᠶᠣᠯᠠᠵᠤ᠂  ᠬᠠᠬᠢᠷ ᠡᠪᠦᠯ ᠢ ᠬᠠᠳᠠᠭ ᠲᠠᠳᠠᠠ ᠬᠦᠨᠳᠦᠳᠬᠡᠨ ᠤᠭᠲᠤᠳᠠᠭ ᠨᠢ ᠪᠠᠶᠢᠭᠠᠯᠢ ᠳᠡᠯᠡᠬᠡᠢ ᠪᠠᠨ ᠬᠢᠵᠠᠭᠠᠯᠠᠰᠢ ᠦᠭᠡᠢ ᠬᠦᠨᠳᠦᠳᠬᠡᠨ ᠪᠢᠰᠢᠷᠡᠵᠦ᠂ ᠬᠠᠶᠢᠷᠠᠯᠠᠨ ᠪᠠᠭ᠋ᠠᠷᠬᠠᠵᠤ  ᠪᠠᠶᠢᠭ᠎ᠠ ᠶᠢᠨ ᠢᠯᠡᠷᠡᠯ ᠰᠢᠤ ᠳ᠋ᠠ᠃        ᠤᠯᠠᠷᠢᠯ ᠤᠨ ᠡᠬᠢᠨ ᠢ ᠬᠠᠪᠤᠷ ᠬᠡᠮᠡᠨ ᠣᠨᠴᠠᠯᠠᠨ ᠨᠡᠷᠡᠶᠢᠳᠦᠭᠰᠡᠨ ᠪᠣᠯᠬᠤᠷ ᠡᠪᠦᠯ ᠨᠢ ᠡᠴᠦᠰ ᠤᠨ ᠤᠯᠠᠷᠢᠯ ᠪᠠᠶᠢᠵᠠᠢ᠃ ᠮᠥᠰᠥ ᠴᠠᠰᠤ ᠪᠠᠷ ᠢᠶᠠᠨ ᠮᠠᠯᠠᠭᠠᠢ  ᠲᠢᠲᠢᠮ ᠪᠤᠯᠭᠠᠬᠰᠠᠠ ᠡᠪᠦᠯ ᠬᠡᠮᠡᠬᠦ ᠴᠠᠭ ᠵᠠᠢ ᠮᠠᠨᠢ ᠡᠪᠦᠭᠡᠨ ᠪᠤᠭᠤᠷᠤᠯ ᠬᠠᠷᠠᠴᠠ ᠪᠠᠷ ᠢᠶᠠᠨ ᠨᠢᠯᠬ᠎ᠠ ᠬᠠᠪᠤᠷ᠂ ᠵᠠᠯᠠᠭᠤ ᠵᠤᠠ᠂ ᠢᠳᠡᠷ ᠨᠠᠮᠤᠷ ᠤᠨ ᠥᠰᠤᠠ ᠪᠣᠶᠢᠵᠢᠵᠤ᠂  ᠥᠪᠡᠷ ᠤᠨ ᠶᠠᠩᠵᠤ ᠪᠠᠷ ᠣᠷᠣᠰᠢᠨ᠂ ᠣᠷᠴᠢᠯᠠᠩ ᠤᠨ ᠵᠢᠮ᠎ᠡ ᠶᠣᠰᠣ ᠶᠢ ᠪᠡᠶᠡᠯᠡᠭᠦᠯᠦᠨ ᠭᠡᠷᠡᠴᠢᠯᠡᠬᠦ ᠭᠦᠷᠳᠡᠯ᠎ᠡ ᠨᠢᠳᠦ ᠪᠠᠷ ᠢᠶᠠᠨ ᠦᠵᠡᠨ᠂ ᠴᠢᠬᠢ ᠪᠠᠷ ᠢᠶᠠᠨ  ᠰᠣᠨᠣᠰᠴᠤ᠂ ᠣᠷᠴᠢᠯ ᠤᠨ ᠶᠣᠰᠣᠨ ᠤ ᠪᠦᠭᠦ ᠶᠠᠪᠤᠴᠠ ᠶᠢ ᠲᠡᠭᠦᠯᠳᠡᠷ ᠣᠶᠢᠯᠠᠭᠠᠨ᠂ ᠶᠢᠷᠲᠢᠨᠴᠦ ᠶᠢᠨ ᠬᠥᠮᠥᠨ ᠳᠤ ᠵᠠᠪᠠᠯ ᠬᠠᠯᠠᠭᠤᠨ ᠬᠦᠢᠲᠡᠨ᠂ ᠳᠤᠯᠠᠭᠠᠨ ᠰᠡᠷᠢᠭᠦᠨ ᠤ  ᠠᠮᠲᠠ ᠦᠵᠡᠭᠦᠯᠵᠦ᠂ ᠬᠠᠬᠢᠷ ᠴᠡᠪᠳᠡᠭ᠂ ᠬᠠᠷᠭᠢᠰ ᠲᠤᠬᠰᠢᠠ ᠨᠡᠷ᠎ᠡ ᠣᠯᠬᠤ ᠠᠴᠠ ᠪᠠᠨ ᠤᠬᠳᠤ ᠪᠤᠴᠠᠰᠢ ᠦᠭᠡᠢ ᠶᠠᠩᠵᠤ ᠪᠠᠷ ᠪᠠᠶᠢᠭᠠᠯᠢ ᠶᠢᠨ ᠵᠠᠷᠯᠢᠭ ᠢ ᠥᠪᠡᠷ ‍ᠤᠨ᠋ ᠢᠶᠠᠨ ᠪᠡᠶ᠎ᠡ ᠳᠡᠭᠡᠷ᠎ᠡ ᠪᠡᠶᠡᠯᠡᠭᠦᠯᠵᠡᠢ᠃ ᠥᠪᠡᠷ ᠢᠶᠠᠨ ᠪᠤᠭᠤᠷᠤᠯ ᠪᠣᠯᠴᠢᠬᠠᠭᠰᠠᠨ ᠲᠤᠯᠠ ᠬᠠᠰᠬᠢᠷᠬᠤ ᠲᠠᠭᠤᠠ ᠨᠢ ᠵᠢᠪᠬᠤᠯᠠᠩᠲᠠᠢ ᠴᠢᠩᠭ᠎ᠠ᠂ ᠡᠭᠡᠭᠡ ᠯᠡ ᠦᠷ᠎ᠡ  ᠬᠤᠶᠢᠴᠢᠰ ᠢᠶᠠᠨ ᠵᠠᠩᠨᠠᠨ ᠰᠤᠷᠭᠠᠵᠤ ᠪᠠᠶᠢᠭ᠎ᠠ ᠡᠪᠦᠭᠡᠨ ᠰᠢᠭ ᠢᠶᠠᠷ ᠬᠥᠮᠥᠨ ᠲᠥᠷᠥᠯᠬᠢᠲᠡᠨ᠂ ᠠᠮᠢᠳᠠᠠ ᠭᠤᠣᠯᠲᠠᠨ ᠢ ᠢᠳᠡ ᠬᠦᠴᠦᠲᠡᠢ ᠰᠢᠯᠪᠢᠭᠦᠷᠳᠡᠵᠦ᠂ ᠬᠠᠶᠠ  ᠬᠠᠶᠠ ᠡᠬᠡ ᠳᠡᠯᠡᠬᠡᠢ ᠳᠡᠭᠡᠷ᠎ᠡ ᠴᠠᠰᠤ ᠪᠦᠵᠢᠩᠨᠡᠭᠦᠯᠥᠠ ᠲᠠᠭᠢᠠ ᠲᠥᠷᠥᠭᠦ ᠬᠠᠪᠤᠷ ᠤᠨ ᠲᠥᠯᠥᠭᠡ ᠢᠷᠡᠭᠡᠳᠦᠢ ᠶᠢᠨ ᠳᠡᠪᠢᠰᠬᠡᠷ ᠢ ᠨᠢ ᠭᠠᠶᠢᠬᠠᠯᠲᠠᠢ ᠭᠤᠶᠤ ᠤᠷᠠᠯᠠᠵᠤ  ᠥᠭᠬᠦ ᠠᠵᠢ᠃ ᠢᠩᠭᠢᠵᠦ ᠶᠠᠷᠢᠬᠤ ᠳᠤ ᠤᠯᠠᠷᠢᠯ ᠤᠨ ᠡᠴᠦᠰ ᠪᠤᠯᠬᠤ ᠡᠪᠦᠯ ᠮᠠᠨᠢ ᠦᠨᠡᠨ ᠳᠡᠭᠡᠨ ᠡᠬᠢᠨ ᠤ ᠤᠯᠠᠷᠢᠯ ᠬᠠᠪᠤᠷ ᠤᠨ ᠢᠶᠠᠨ ᠡᠭᠦᠰᠬᠡᠯ ᠪᠡᠶ᠎ᠡ ᠶᠤᠮ ᠪᠠᠶᠢᠨ᠎ᠠ᠃        ᠡᠪᠦᠯ ᠪᠣᠯ ᠦᠷ᠎ᠡ ᠳ᠋ᠦᠩ᠃ ᠬᠠᠪᠤᠷ ᠤᠨ ᠲᠠᠷᠢᠶᠠᠯᠠᠭ᠎ᠠ᠂ ᠵᠤᠠ ᠤ ᠠᠷᠠᠴᠢᠯᠠᠭ᠎ᠠ᠂ ᠨᠠᠮᠤᠷ ᠤᠨ ᠬᠤᠷᠢᠶᠠᠯᠲᠠ ᠳᠤ ᠬᠡᠨ ᠨᠢ ᠠᠵᠢᠯᠴᠢ᠂ ᠬᠡᠨ ᠨᠢ ᠬᠤᠶᠢᠷᠭᠤ  ᠪᠠᠶᠢᠯ᠎ᠠ ᠭᠡᠳᠡᠭ ᠢ ᠡᠪᠦᠯ ᠭᠡᠷᠡᠴᠢᠯᠡᠵᠦ ᠥᠭᠳᠡᠭ᠃ ᠲᠥᠯ ᠤᠨ ᠤᠯᠠᠷᠢᠯ ᠤᠨ ᠶᠠᠭᠠᠷᠠᠤ ᠴᠠᠭ ᠴᠤ ᠰᠡᠦᠬᠡ ᠮᠠᠰᠢᠨ ᠲᠠᠢ ᠰᠠᠶᠢᠬᠠᠨ ᠵᠠᠯᠠᠭᠤᠰ ᠬᠤᠳᠠ ᠣᠷᠣᠭᠠᠳ  ᠭᠠᠩᠭᠠᠯᠠᠵᠤ ᠪᠠᠶᠢᠪᠠ ᠤᠤ᠂ ᠲᠥᠯ ᠤᠨ ᠤᠭᠤᠲᠠ ᠡᠭᠦᠷᠦᠭᠡᠳ ᠰᠥᠷᠥᠭ ᠲᠠᠭᠠᠵᠤ ᠪᠠᠶᠢᠪᠠ ᠤᠤ ᠭᠡᠳᠡᠭ ᠢ ᠮᠥᠩᠭᠦᠨ ᠰᠠᠬᠠᠯ ᠰᠢᠪᠳᠤᠷᠤᠬᠰᠠᠠ ᠡᠪᠦᠯ ᠡᠪᠦᠭᠡ ᠮᠢᠩᠭᠠᠨ  ᠪᠠᠷ᠎ᠠ ᠶᠢᠨ ᠠᠯᠤᠰ ᠠᠴᠠ ᠲᠣᠯᠢᠳᠠᠨ ᠬᠠᠷᠠᠴᠢᠬᠠᠬᠤ ᠭᠡᠳᠡᠭ ᠢ ᠢᠲᠡᠭᠡᠬᠦ ᠤᠤ ᠲᠠ︖ ᠡᠪᠡᠰᠦ ᠪᠣᠷᠳᠤᠭ᠎ᠠ ᠪᠠᠨ ᠡᠯᠪᠡᠭ ᠣᠷᠣᠭᠤᠯᠵᠤ᠂ ᠬᠠᠰᠢᠶ᠎ᠠ ᠰᠠᠷᠠᠪᠴᠢ ᠪᠠᠨ  ᠬᠠᠩᠭᠢ ᠵᠠᠰᠠᠭᠠᠳ ᠬᠥᠯᠳᠡᠭᠦᠦ ᠬᠦᠢᠲᠡᠨ᠂ ᠵᠤᠳ ᠭᠠᠮᠰᠢᠭ ᠲᠠᠢ ᠲᠡᠮᠡᠴᠡᠯᠴᠡᠬᠦ ᠤᠷᠠᠨ ᠤᠬᠠᠭ᠎ᠠ ᠪᠠᠨ ᠰᠡᠯᠪᠢᠵᠦ ᠪᠠᠶᠢᠪᠠ ᠤᠤ ᠦᠭᠡᠢ ᠤᠤ ᠭᠡᠳᠡᠭ ᠢ ᠴᠢᠨᠢ ᠡᠪᠦᠯ  ᠡᠪᠦᠭᠡ ᠤᠳᠠᠯ ᠦᠭᠡᠢ ᠰᠢᠯᠭᠠᠬᠤ ᠪᠠᠷ ᠢᠷᠡᠴᠢᠬᠡᠨ᠎ᠡ ᠭᠡᠳᠡᠭ ᠢ ᠬᠡᠷᠡᠭ ᠴᠤ ᠦᠭᠡᠢ ᠵᠣᠭᠤᠭ ᠬᠡᠮᠡᠨ ᠬᠡᠩᠬᠦᠯᠵᠡᠵᠦ ᠪᠠᠶᠢᠪᠠ ᠤᠤ ᠲᠠ︖ ᠨᠠᠶᠢᠷ ᠬᠠᠶᠢᠷ᠎ᠠ ᠦᠭᠡᠢ  ᠪᠥᠭᠡᠳ ᠲᠥᠪ ᠶᠡᠬᠡᠮᠰᠦᠭ ᠡᠪᠦᠯ ᠬᠡᠮᠡᠭᠴᠢ ᠶᠢᠨ ᠦᠵᠡᠯ ᠰᠠᠨᠠᠭᠠᠨ ᠳᠤ ᠡᠭᠡᠯ ᠪᠣᠷᠣᠴᠤᠤᠯ᠂ ᠡᠩ ᠤᠨ ᠮᠠᠯᠴᠢᠨ᠂ ᠡᠰᠡᠬᠦᠯ᠎ᠡ ᠡᠷᠬᠢᠮ ᠶᠡᠬᠡᠴᠦᠦᠯ ᠭᠡᠭᠴᠢ ᠤᠬᠳᠤ  ᠢᠯᠭᠠᠭ᠎ᠠ ᠪᠠᠶᠢᠳᠠᠭ ᠦᠭᠡᠢ ᠬᠤᠷᠸ᠎ᠠ ᠶᠢᠨ ᠬᠤᠮᠤᠬᠠᠶᠢᠴᠤᠳ ᠲᠡᠳᠦᠢ ᠪᠢᠯᠡ᠃ ᠲᠤᠯᠳᠤᠭᠠᠨᠠᠬᠤ᠂ ᠲᠡᠪᠴᠢᠶᠡᠷᠢ ᠠᠯᠳᠠᠬᠤ᠂ ᠲᠤᠩ ᠶᠠᠯᠢᠮ ᠦᠭᠡᠢ ᠬᠠᠷᠢᠶᠠᠯ ᠵᠦᠬᠡᠯ  ᠲᠡᠭᠦᠨ ᠤ ᠰᠣᠨᠣᠷ ᠲᠤ ᠬᠠᠷᠢᠨ ᠤᠬᠳᠤ ᠣᠷᠣᠳᠠᠭ ᠦᠭᠡᠢ᠃        ᠡᠪᠦᠯ᠂ ᠥᠳᠡᠯᠥᠭᠡ ᠨᠠᠰᠤᠲᠠᠳ ᠢ ᠬᠠᠯᠠᠭᠤᠨ ᠬᠠᠨᠵᠤ᠂ ᠵᠥᠭᠡᠯᠡᠨ ᠣᠷᠣ ᠳᠡᠭᠡᠷ᠎ᠡ ᠪᠠᠶᠢᠯᠭᠠᠵᠤ᠂ ᠦᠷ᠎ᠡ ᠬᠡᠦᠬᠡᠳ ᠨᠢ ᠴᠠᠢ ᠱᠥᠯᠥ ᠣᠶᠢᠷᠠᠲᠤᠭᠤᠯᠤᠨ᠂ ᠨᠢᠯᠬ᠎ᠠ  ᠵᠢᠭᠠᠯ ᠤᠳ ᠨᠢ ᠡᠪᠦᠳᠦᠭ ᠲᠣᠭᠤᠷᠢᠨ ᠡᠷᠬᠡᠯᠡᠵᠦ ᠲᠤᠨᠢᠷᠬᠠᠬᠤ ᠶᠢ ᠥᠪᠡᠷ ᠤᠨ ᠢᠶᠠᠨ ᠱᠠᠭᠠᠷᠳᠠᠯᠭ᠎ᠠ ᠬᠡᠮᠡᠨ ᠵᠠᠷᠯᠠᠳᠠᠭ᠃ ᠡᠶᠢᠮᠦᠷᠬᠦᠦ ᠤᠭᠢ ᠠᠮᠢᠳᠤᠯᠢᠭ ᠤᠷᠠᠨ  ᠵᠢᠷᠤᠭ ᠤᠨ ᠥᠵᠡᠰᠭᠦᠯᠡᠩ ᠢ ᠲᠤᠮᠳᠠᠳᠤ ᠶᠢᠨ ᠦᠨᠳᠦᠰᠦᠲᠡᠨ ᠤ ᠰᠢᠯᠢᠳᠡᠭ ᠬᠡᠪ ᠰᠤᠷᠲᠠᠯ ᠬᠡᠮᠡᠨ ᠰᠠᠯᠬᠢᠨ᠂ ᠵᠤᠳ ᠰᠢᠭᠤᠷᠭᠠᠨ᠂ ᠴᠠᠰᠤᠲᠤ ᠤᠷᠭᠢᠯ᠂ ᠮᠥᠰᠥᠲᠦ  ᠲᠠᠯ᠎ᠠ ᠳᠤ ᠭᠦᠷᠳᠡᠯ᠎ᠡ ᠥᠪᠡᠷ ᠤᠨ ᠭᠡᠯᠡ ᠪᠠᠷ ᠢᠶᠠᠨ ᠶᠠᠷᠢᠵᠤ ᠥᠭᠭᠦᠨ᠎ᠡ᠃ ᠥᠪᠡᠷ ᠢᠶᠠᠨ ᠣᠷᠴᠢᠯᠠᠩ ᠤᠨ ᠲᠡᠷᠲᠡᠭᠡ ᠠᠴᠠ ᠢᠷᠡᠭᠰᠡᠨ ᠪᠣᠯᠬᠤᠷ ᠤᠠᠴᠠᠭᠠᠢ ᠷᠢᠳᠢ  ᠰᠢᠳᠢ ᠶᠢ ᠣᠯᠵᠤ᠂ ᠳᠡᠯᠡᠬᠡᠢ ᠶᠢᠨ ᠪᠥᠮᠪᠥᠷᠴᠡᠭ ᠤᠨ ᠤᠮᠠᠷᠠᠲᠤ ᠬᠡᠰᠡᠭ ᠢ ᠦᠯᠡᠳᠡᠭᠡᠯ ᠦᠭᠡᠢ ᠵᠤᠭᠠᠯᠠᠴᠢᠬᠠᠭᠠᠳ᠂ ᠵᠠᠷᠢᠮ ᠳᠠᠭᠠᠨ ᠭᠤᠨᠢᠵᠤ᠂ ᠵᠠᠷᠢᠮ ᠳᠠᠭᠠᠨ ᠳᠠᠭᠤᠯᠠᠳᠠᠭ  ᠴᠤ ᠪᠠᠶᠢᠭᠠᠯᠢ ᠶᠢᠨ ᠵᠢᠮ᠎ᠡ ᠬᠡᠮᠡᠬᠦ ᠲᠡᠭᠷᠢ ᠶᠢᠨ ᠵᠠᠷᠯᠢᠭ ᠢ ᠵᠥᠷᠢᠴᠡᠨ ᠥᠯᠤ ᠴᠢᠳᠠᠬᠤ ᠲᠤᠯᠠ ᠬᠥᠮᠥᠨ ᠲᠥᠷᠥᠯᠬᠢᠲᠡᠨ ᠤ ᠥᠴᠢᠨᠡᠨ ᠲᠥᠴᠢᠨᠡᠨ ᠬᠠᠶᠢᠷ᠎ᠠ  ᠰᠡᠳᠬᠢᠯᠭᠡ ᠳᠤ ᠤᠬᠳᠤ ᠤᠷᠢᠶᠠᠯᠴᠠᠯᠳᠤᠵᠤ ᠪᠤᠯᠳᠠᠭ ᠦᠭᠡᠢ ᠠᠵᠢ᠃        ᠡᠪᠦᠯ ᠮᠣᠷᠢᠨ ᠬᠤᠷᠳᠤ ᠪᠠᠷ ᠶᠠᠭᠠᠷᠠᠭᠠᠳ ᠢᠷᠡᠳᠡᠭ ᠪᠢᠰᠢ᠂ ᠬᠠᠷᠢᠨ ᠨᠠᠮ ᠨᠠᠮᠵᠢᠭᠤᠨ ᠲᠠᠯᠪᠢᠭᠠᠳ ᠪᠠᠭᠤᠳᠠᠭ᠃ ᠡᠪᠦᠯ ᠤᠨ ᠴᠢᠮᠡᠭᠡ ᠨᠠᠮᠤᠷ ᠤᠨ ᠨᠠᠪᠴᠢᠰ ᠢ  ᠬᠥᠨᠳᠡᠶᠢᠬᠡᠨ ᠱᠠᠷᠴᠢᠭᠢᠨᠠᠭᠤᠯᠬᠤ ᠳᠤ ᠬᠦᠢᠲᠡᠨ ᠳᠤ ᠲᠡᠰᠪᠦᠷᠢᠲᠡᠢ ᠪᠣᠷᠣ ᠪᠣᠯᠵᠣᠮᠣᠷ ᠤᠳ ᠬᠤᠳᠠ ᠶᠢᠨ ᠠᠭᠠᠷ ᠳᠡᠭᠡᠭᠦᠷ ᠰᠦᠯᠵᠢᠯᠳᠦᠭᠰᠡᠨ ᠴᠠᠭᠢᠯᠭᠠᠠ ᠤᠲᠠᠰᠤᠨ  ᠳᠡᠭᠡᠷ᠎ᠡ᠂ ᠬᠥᠳᠡᠭᠡ ᠶᠢᠨ ᠬᠡᠷᠡᠮ ᠰᠠᠷᠠᠪᠴᠢ᠂ ᠡᠰᠡᠬᠦᠯ᠎ᠡ ᠮᠠᠯ ᠤᠨ ᠬᠠᠰᠢᠶᠠᠨ ᠳᠡᠭᠡᠷ᠎ᠡ ᠡᠩᠨᠡᠷᠡᠨ ᠰᠠᠭᠤᠭᠠᠳ ᠥᠴᠥᠬᠡᠨ ᠵᠢᠵᠢᠭ ᠪᠡᠶ᠎ᠡ ᠳᠤᠨᠢ ᠦᠵᠦᠭᠦᠷ ᠬᠢᠵᠠᠭᠠᠷ  ᠦᠭᠡᠢ ᠲᠣᠮᠣ ᠪᠡᠯᠡᠭ ᠬᠦᠷᠭᠡᠬᠦ ᠪᠠᠷ ᠪᠠᠶᠢᠭ᠎ᠠ ᠭᠠᠩᠭᠠᠩ ᠴᠠᠭᠠᠨ ᠡᠪᠦᠯ ᠢ ᠤᠭᠲᠤᠬᠤ ᠲᠤᠬᠠᠢ ᠨᠢᠵᠢᠭᠢᠷ ᠬᠤᠷᠠᠯ ᠢᠶᠠᠨ ᠬᠤᠷᠠᠯᠳᠤᠭᠤᠯᠳᠠᠭ᠃ ᠲᠡᠳᠡ ᠬᠠᠬᠢᠷ ᠬᠦᠢᠲᠡᠨ᠂  ᠲᠡᠰᠪᠦᠷᠢ ᠲᠡᠪᠴᠢᠶᠡᠷᠢ᠂ ᠬᠦᠴᠢᠷ ᠪᠡᠷᠬᠡ ᠶᠢ ᠤᠭᠲᠤᠬᠤ ᠪᠠᠷ ᠨᠢᠰᠳᠡᠭ ᠠᠮᠢᠳᠠᠠ ᠪᠣᠯᠵᠤ ᠲᠥᠷᠥᠭᠰᠡᠡ ᠤ ᠨᠢᠭᠡᠨ ᠠᠵᠠ ᠲᠠᠪᠢᠯᠠᠩ ᠬᠡᠮᠡᠨ ᠪᠤᠳᠤᠳᠠᠭ ᠪᠣᠯᠬᠤᠷ ᠡᠶᠢᠮᠦ  ᠪᠡᠯᠡᠭ ᠢ ᠡᠪᠦᠯ ᠬᠡᠷᠪᠡ ᠠᠪᠴᠢᠷᠠᠬᠤ ᠦᠭᠡᠢ ᠶᠤᠮ ᠪᠣᠯ ᠡᠪᠦᠯ ᠴᠤ ᠶᠠᠭᠤ ᠪᠤᠯᠬᠤ ᠶᠤᠮ ᠪᠣᠯ᠂ ᠪᠣᠯᠵᠣᠮᠣᠷ ᠴᠤ ᠶᠠᠭᠤ ᠪᠤᠯᠳᠠᠭ ᠶᠤᠮ ᠪᠣᠯ ᠭᠡᠵᠦ ᠭᠠᠶᠢᠬᠠᠨ  ᠱᠤᠯᠤᠭᠠᠨᠠᠯᠳᠤᠨ᠎ᠠ᠃        ᠡᠪᠦᠯ ᠴᠤ ᠶᠠᠭᠠᠬᠢᠬᠤ ᠪᠤᠢ᠂ ᠥᠪᠡᠷ ᠤᠨ ᠢᠶᠠᠨ ᠶᠠᠩᠵᠤ ᠪᠠᠷ ᠶᠠᠭᠠᠷᠠᠮ ᠦᠭᠡᠢ ᠪᠠᠭᠤᠨ᠎ᠠ᠃ ᠭᠡᠬᠦ ᠳᠡᠭᠡᠨ ᠲᠡᠷᠡ ᠬᠤᠩᠭᠤᠷᠴᠤᠬᠳᠤ ᠮᠣᠳᠣᠨ ᠤ ᠳᠣᠣᠷ᠎ᠠ  ᠪᠣᠯᠵᠣᠭᠰᠠᠨ ᠵᠠᠯᠠᠭᠤᠰ ᠢ ᠬᠤᠷᠳᠤᠬᠠᠨ ᠬᠤᠷᠢᠮ ᠢᠶᠠᠨ ᠬᠢᠭᠡᠷᠡᠢ ᠭᠡᠵᠦ ᠰᠢᠪᠠᠳᠠᠭᠤᠯᠤᠭᠠᠳ ᠪᠠᠶᠢᠳᠠᠭ ᠨᠢ ᠬᠥᠮᠥᠨ ᠲᠥᠷᠥᠯᠬᠢᠲᠡᠨ ᠬᠥᠭᠵᠢᠨ ᠦᠷᠡᠵᠢᠭᠡᠳ ᠯᠡ  ᠪᠠᠶᠢᠪᠠᠯ ᠡᠪᠦᠭᠡᠨ ᠪᠤᠭᠤᠷᠤᠯ ᠡᠪᠦᠯ ᠪᠢ ᠴᠤ ᠤᠶᠢᠳᠤᠨ ᠭᠠᠭᠴᠠᠭᠠᠷᠳᠠᠬᠤ ᠶᠣᠰᠣ ᠦᠭᠡᠢ ᠬᠡᠮᠡᠨ ᠪᠤᠳᠤᠬᠰᠠᠠ ᠳᠠᠭᠠᠨ ᠴᠤ ᠪᠢᠯᠢᠦ︕   
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ