ᠥᠭᠡᠳᠡ ᠬᠡᠶᠢᠮᠣᠷᠢ ᠲᠠᠢ 2025 ᠣᠨ ᠮᠢᠨᠢ
ᠨᠡᠶᠢᠲᠡᠯᠡᠭᠰᠡᠨ ᠴᠠᠭ᠄
2025/1/7
       ᠮᠥᠩᠭᠦᠨ ᠴᠠᠭᠠᠨ ᠰᠠᠷᠠᠨ ᠤ ᠬᠠᠪᠢᠷᠭᠠᠯᠠᠵᠤ ᠲᠡᠷᠭᠡᠯᠰᠢᠬᠦ ᠶᠢᠨ ᠭᠡᠯᠪᠡᠷᠢ ᠮᠡᠲᠦ ᠵᠢᠷᠦᠬᠡ ᠮᠢᠨᠢ ᠬᠠᠭᠤᠴᠢᠨ ᠵᠢᠯ ᠢᠶᠠᠨ ᠦᠳᠡᠬᠦ ᠳᠡᠭᠡᠨ ᠤᠶᠠᠷᠠᠵᠤ  ᠬᠠᠩᠭᠠᠶᠢᠷᠠᠭᠠᠳ ᠰᠢᠨ᠎ᠡ ᠣᠨ ᠢᠶᠠᠨ ᠤᠭᠲᠤᠬᠤ ᠳᠠᠭᠠᠨ ᠳᠣᠭᠳᠣᠯᠵᠤ ᠳᠦᠭᠦᠷᠳᠡᠭ ᠨᠢ ᠦᠨᠡᠨ ᠪᠠᠶᠢᠵᠠᠢ᠃        ᠣᠨ ᠵᠢᠯ ᠭᠡᠵᠦ ᠤᠷᠤᠰᠬᠠᠯ ᠨᠢ ᠲᠠᠲᠠᠭᠤᠷᠠᠬᠤ ᠦᠭᠡᠢ ᠮᠥᠩᠬᠡ ᠶᠢᠨ ᠭᠤᠣᠯ ᠴᠦ ᠶᠤᠮ ᠤᠤ︖ ᠡᠰᠡᠬᠦᠯ᠎ᠡ ᠢᠷᠡᠵᠦ ᠪᠤᠴᠠᠬᠤ ᠭᠡᠶᠢᠴᠢᠨ ᠴᠦ ᠶᠤᠮ ᠤᠤ︖  ᠨᠢᠭᠡ ᠮᠡᠳᠡᠬᠦ ᠳᠤ 2024 ᠣᠨ ᠮᠢᠨᠢ ᠪᠢᠳᠡᠨ ᠳᠤ ᠦᠯᠢᠭᠡᠷ ᠲᠡᠦᠬᠡ᠂ ᠦᠨᠡᠨ ᠮᠥᠨ ᠢᠶᠠᠨ ᠦᠯᠡᠳᠡᠭᠡᠭᠡᠳ ᠠᠶᠠᠷᠯᠠᠨ ᠰᠠᠯᠬᠤ ᠳᠤ 2025 ᠣᠨ ᠮᠢᠨᠢ ᠤᠷᠢᠨ  ᠳᠤᠯᠠᠭᠠᠨ ᠬᠠᠪᠤᠷ ᠢᠶᠠᠨ ᠳᠠᠭᠠᠭᠤᠯᠤᠭᠠᠳ ᠡᠭᠦᠳᠡᠨ ᠪᠣᠱᠣᠭᠠᠨ ᠳᠡᠭᠡᠷ᠎ᠡ ᠬᠠᠩᠬᠤᠯᠲᠠᠯ᠎ᠠ ᠮᠦᠰᠢᠶᠡᠭᠰᠡᠭᠡᠷ ᠭᠦᠷᠦᠭᠡᠳ ᠢᠷᠡᠯ᠎ᠡ᠃ ᠬᠥᠮᠥᠨ ᠵᠤᠨ ᠳᠠᠭᠠᠨ ᠵᠣᠪᠠᠵᠤ  ᠵᠢᠷᠭᠠᠬᠤ ᠶᠢᠨ ᠠᠮᠲᠠ ᠶᠢ ᠮᠡᠳᠡᠭᠦᠯᠳᠡᠭ ᠨᠢ ᠣᠨ ᠵᠢᠯ ᠲᠠ ᠪᠠᠶᠢᠭᠰᠠᠨ ᠠᠵᠤᠭᠤ︕        ᠰᠢᠨ᠎ᠡ ᠣᠨ ᠳᠤ ᠶᠠᠭᠤ ᠪᠦᠭᠦᠨ ᠰᠢᠨ᠎ᠡ ᠪᠠᠷ ᠡᠬᠢᠯᠡᠨ᠎ᠡ᠃ ᠬᠠᠬᠢᠷ ᠬᠦᠢᠲᠡᠨ ᠡᠪᠦᠯ ᠢ ᠨᠢᠴᠦᠭᠦᠨ ᠲᠤᠭᠤᠯᠤᠬᠰᠠᠨ ᠤᠢ ᠮᠣᠳᠣ ᠬᠥᠬᠡᠷᠡᠨ ᠨᠣᠭᠤᠭᠠᠷᠠᠬᠤ ᠳᠤ  ᠲᠤᠷᠤᠨ᠎ᠠ ᠵᠦᠭ ᠲᠡᠮᠡᠦᠯᠵᠦ ᠵᠢᠳᠬᠦᠭᠰᠡᠨ ᠭᠤᠣᠯ ᠮᠥᠷᠡᠨ ᠮᠥᠰᠥ ᠪᠠᠨ ᠢᠰᠬᠦᠯᠵᠦ ᠡᠷᠬᠡ ᠴᠢᠯᠦᠭᠡᠲᠡᠢ ᠱᠤᠤᠭᠢᠭᠠᠳ ᠤᠷᠳᠤ ᠶᠢᠨ ᠳᠠᠭᠤᠤ ᠰᠢᠭ᠋ ᠤᠷᠮ᠎ᠠ ᠶᠢ  ᠰᠡᠷᠭᠦᠭᠡᠵᠦ ᠵᠣᠷᠢᠭ ᠢ ᠮᠢᠨᠢ ᠢᠷᠯᠡᠨ᠎ᠡ᠃ ᠠᠭᠤᠯᠠᠰ ᠬᠤᠷᠠᠭᠰᠠᠨ ᠴᠠᠰᠤ ᠪᠠᠨ ᠰᠢᠯᠭᠡᠭᠡᠵᠦ ᠨᠠᠷᠠᠨ ᠵᠦᠭ ᠥᠨᠳᠡᠯᠵᠡᠬᠦ ᠳᠤ ᠬᠠᠶᠢᠯ ᠤᠨ ᠤᠰᠤᠨ ᠭᠤᠤ ᠵᠢᠯᠠᠭ᠎ᠠ ᠪᠠᠷ  ᠭᠤᠷᠴᠢᠭᠢᠨᠠᠨ ᠤᠷᠤᠰᠤᠨ᠎ᠠ᠃ ᠠᠮᠢᠳᠤᠷᠠᠯ ᠥᠭᠡᠳᠡ ᠲᠠᠢ ᠤᠷᠤᠭᠤ ᠲᠠᠢ ᠭᠡᠳᠡᠭ ᠢ ᠠᠭᠤᠯᠠᠰ ᠪᠢᠳᠡᠨ ᠳᠤ ᠦᠵᠡᠭᠦᠯᠳᠡᠭ ᠴᠦ ᠪᠣᠯᠪᠠ ᠤᠤ︖ ᠡᠰᠡᠬᠦᠯ᠎ᠡ ᠮᠥᠩᠬᠡ  ᠪᠤᠰᠤ ᠬᠤᠷᠸ᠎ᠠ ᠶᠢᠨ ᠨᠢᠭᠤᠴᠠ ᠶᠢ ᠲᠠᠨᠢᠭᠤᠯᠬᠤ ᠬᠡᠮᠡᠨ ᠥᠭᠭᠢᠶᠡᠮᠦᠷ ᠰᠠᠨᠠᠳᠠᠭ ᠴᠦ ᠪᠢᠯᠢᠦ⁈ ᠲᠠᠭᠤ ᠦᠭᠡᠢ ᠠᠭᠤᠯᠠᠰ ᠤᠨ ᠲᠤᠩᠭᠠᠯᠠᠭ ᠤᠬᠠᠭᠠᠨ ᠭᠡᠵᠦ  ᠶᠠᠭᠠᠬᠢᠭᠰᠠᠨ ᠭᠤᠶᠤ︕ ᠠᠭᠤᠯᠠᠰ ᠢ ︽ᠡᠪᠬᠡᠭᠰᠡᠨ ᠰᠤᠳᠤᠷ︾ ᠭᠡᠵᠦ ᠤᠶᠠᠩᠭᠠᠯᠠᠵᠤ ᠰᠢᠯᠦᠭᠯᠡᠬᠦ ᠨᠢ ᠪᠤᠷᠤᠭᠤ ᠦᠭᠡᠢ᠃        ᠢᠴᠡᠭᠡᠯᠡᠭᠰᠡᠨ ᠠᠮᠢᠲᠠᠳ ᠨᠠᠷᠠ ᠵᠢᠪᠠᠷ ᠢᠶᠠᠨ ᠬᠠᠷᠠᠭᠠᠳ ᠨᠠᠶᠢᠷᠠᠮᠳᠠᠭᠤ ᠣᠷᠣᠰᠢᠨ᠎ᠠ ᠭᠡᠵᠦ ᠶᠠᠭᠤᠲᠠᠢ ᠵᠢᠷᠭᠠᠯ ᠪᠢᠯᠡ︖ ᠲᠦᠮᠡᠨ ᠪᠣᠳᠠᠰ ᠳᠡᠯᠭᠡᠷᠡᠭᠰᠡᠨ  ᠲᠠᠶᠢᠪᠤᠩ ᠠᠮᠤᠭᠤᠯᠠᠩ ᠣᠷᠴᠢᠨ ᠠᠬᠤᠢ ᠲᠠᠢ ᠠᠭᠤᠯᠵᠠᠨ ᠵᠣᠯᠭᠠᠭᠤᠯᠳᠠᠭ ᠨᠢ ᠡᠰᠡᠨᠢᠯ ᠤᠨ ᠬᠠᠪᠤᠷ ᠪᠤᠶᠤ ᠡᠯᠢᠭᠡᠰᠡᠭ ᠰᠢᠨ᠎ᠡ ᠣᠨ ᠤ ᠢᠪᠡᠭᠡᠯ ᠬᠠᠶᠢᠷ᠎ᠠ ᠪᠢᠵᠡ᠃        ︽ᠣᠨ ᠵᠢᠯ ᠥᠭᠰᠥᠬᠦ ᠲᠤᠰᠤᠮ ᠭᠦᠷᠦᠨ ᠲᠦᠷᠦ ᠮᠢᠨᠢ ᠬᠦᠴᠦᠷᠬᠡᠭᠵᠢᠨ᠎ᠡ᠂ ᠬᠥᠮᠥᠨ ᠵᠤᠨ ᠤ ᠠᠮᠢᠳᠤᠷᠠᠯ ᠬᠥᠭᠵᠢᠨ᠎ᠡ᠃ ᠬᠦᠰᠡᠯ ᠮᠥᠷᠥᠭᠡᠳᠦᠯ ᠮᠢᠨᠢ  ᠪᠡᠶᠡᠯᠡᠭᠳᠡᠨ᠎ᠡ᠂ ᠬᠦᠷᠬᠦ ᠢᠷᠡᠭᠡᠳᠦᠢ ᠮᠢᠨᠢ ᠣᠶᠢᠷᠠᠲᠤᠨ᠎ᠠ︾ ᠭᠡᠵᠦ ᠰᠢᠨ᠎ᠡ ᠣᠨ ᠢᠶᠠᠨ ᠪᠠᠶᠠᠷ ᠲᠠᠢ ᠤᠭᠲᠤᠬᠤ ᠳᠤ ᠥᠩᠭᠡᠷᠡᠵᠦ ᠬᠤᠯᠠᠳᠠᠭᠰᠠᠨ ᠪᠠᠭ᠎ᠠ ᠨᠠᠰᠤᠨ ᠤ  ᠤᠴᠠᠷᠠᠯ ᠲᠣᠬᠢᠶᠠᠯᠳᠤᠯ ᠲᠡᠷᠡ ᠴᠠᠭ ᠦᠶ᠎ᠡ ᠲᠠᠢ ᠪᠠᠨ ᠤᠢ ᠤᠬᠠᠭᠠᠨ ᠳᠤ ᠣᠪᠣᠨ ᠴᠤᠪᠤᠨ ᠣᠷᠣᠵᠤ ᠢᠷᠡᠨ᠎ᠡ ᠁        ᠪᠠᠭ᠎ᠠ ᠪᠠᠶᠢᠬᠤ ᠳᠤ᠂ ᠠᠶᠢᠯ ᠤᠯᠠᠨ ᠢᠶᠠᠷ ᠢᠶᠠᠨ ᠪᠠᠷᠢᠭᠠᠳᠠ ᠶᠢᠨ ᠬᠦᠷᠢᠶᠡᠨ ᠳᠤ ᠴᠤᠭᠯᠠᠷᠠᠵᠤ ᠲᠤᠭ ᠮᠠᠨᠳᠤᠭᠤᠯᠬᠤ ᠶᠣᠰᠣᠯᠠᠯ ᠳᠤ ᠣᠷᠤᠯᠴᠠᠬᠤ ᠨᠢ ᠰᠢᠨ᠎ᠡ  ᠣᠨ ᠢᠶᠠᠨ ᠤᠭᠲᠤᠬᠤ ᠬᠠᠮᠤᠭ ᠤᠨ ᠭᠦᠷ ᠬᠥᠭᠵᠢᠶᠡᠨᠲᠡᠢ᠂ ᠤᠳᠬ᠎ᠠ ᠠᠭᠤᠯᠭ᠎ᠠ ᠲᠠᠢ ᠦᠢᠯᠡ ᠠᠵᠢᠯᠯᠠᠭ᠎ᠠ ᠪᠠᠶᠢᠵᠤ ᠪᠢᠯᠡ᠃ ᠤᠯᠤᠰ ᠤᠨ ᠰᠦᠯᠳᠡ ᠳᠠᠭᠤᠤ ᠥᠨᠳᠥᠷ  ᠮᠣᠳᠣᠨ ᠳᠡᠭᠡᠷ᠎ᠡ ᠡᠯᠭᠦᠭᠰᠡᠨ ᠬᠤᠣᠰ ᠯᠠᠪᠠᠷ ᠠᠴᠠ ᠬᠠᠩᠭᠢᠨᠠᠨ ᠳᠠᠭᠤᠷᠢᠰᠬᠤ ᠪᠠᠷ ᠴᠡᠷᠢᠭ ᠬᠤᠪᠴᠠᠰᠤ ᠲᠠᠢ ᠬᠡᠳᠦᠨ ᠵᠠᠯᠠᠭᠤᠰ ᠪᠠᠷᠢᠭᠠᠳᠠ ᠶᠢᠨ ᠭᠡᠷ ᠠᠴᠠ ᠬᠤᠶᠠᠷ  ᠮᠥᠷ ᠢᠶᠠᠷ ᠵᠢᠭᠳᠡ ᠠᠯᠬᠤᠭᠰᠠᠭᠠᠷ ᠭᠠᠷᠴᠤ ᠢᠷᠡᠭᠰᠡᠨ ᠢᠶᠠᠨ ᠬᠦᠷᠢᠶᠡᠨ ᠤ ᠵᠡᠭᠦᠨ ᠡᠮᠦᠨ᠎ᠡ ᠬᠦᠷᠴᠦ ᠤᠯᠤᠰ ᠤᠨ ᠲᠤᠭ ᠮᠠᠨᠳᠤᠭᠤᠯᠤᠨ᠎ᠠ᠃        ᠮᠠᠨ ᠤ ᠭᠠᠴᠠᠭᠠᠨ ᠤ ᠬᠢᠨ ᠤᠯᠤᠰ ᠤᠨ ᠲᠤᠭ ᠮᠠᠨᠳᠤᠭᠤᠯᠬᠤ ᠶᠣᠰᠣᠯᠠᠯ ᠢᠶᠠᠷ ᠠᠷᠭ᠎ᠠ ᠶᠢᠨ ᠤᠯᠠᠷᠢᠯ ᠤᠨ ᠰᠢᠨ᠎ᠡ ᠣᠨ ᠢ ᠤᠭᠲᠤᠬᠤ ᠵᠤᠷᠰᠢᠯ ᠢᠶᠠᠨ ᠤᠳᠤ  ᠴᠦ ᠭᠡᠰᠡᠨ ᠪᠠᠷᠢᠮᠲᠠᠯᠠᠭᠰᠠᠭᠠᠷ᠃ ᠡᠵᠢ ᠶᠢᠨ ᠬᠡᠯᠡᠬᠦ ᠪᠠᠷ ︽ᠠᠶᠢᠯ ᠤᠨ ᠱᠦᠵᠢ ᠲᠤᠪᠳᠤᠨ ᠡᠪᠦᠭᠡ ᠠᠴᠠ ᠯᠡ ᠡᠬᠢᠯᠡᠭᠰᠡᠨ ᠁︾ ᠭᠡᠳᠡᠭ᠃ ᠪᠢ ᠳᠠᠩᠳᠠ ᠭᠠᠶᠢᠬᠠᠨ  ᠰᠣᠨᠢᠷᠬᠠᠵᠤ ᠲᠤᠪᠳᠤᠨ ᠡᠪᠦᠭᠡ ᠶᠢᠨ ᠲᠤᠬᠠᠢ ᠡᠵᠢ ᠠᠴᠠ ᠪᠠᠨ ᠠᠰᠠᠭᠤᠬᠤ ᠳᠤ ︽ᠡᠬᠡ ᠣᠷᠣᠨ᠂ ᠠᠷᠠᠳ ᠲᠦᠮᠡᠨ ᠳᠡᠭᠡᠨ ᠲᠤᠶᠢᠯ ᠤᠨ ᠬᠠᠶᠢᠷᠠᠲᠠᠢ᠃ ᠨᠡᠷ᠎ᠡ  ᠨᠢᠳᠡᠷ ᠲᠡᠭᠡᠨ ᠲᠡᠩᠴᠡᠭᠰᠡᠨ ᠨᠢᠭᠡᠨ ᠡᠪ ᠬᠠᠮᠲᠤ ᠨᠠᠮ ᠤᠨ ᠭᠡᠰᠢᠭᠦᠨ ᠪᠣᠯᠣᠨ᠎ᠠ︾ ᠭᠡᠵᠦ ᠲᠠᠶᠢᠯᠪᠤᠷᠢᠯᠠᠨ ᠶᠠᠷᠢᠵᠤ ᠥᠭᠴᠡᠢ᠃        ᠤᠳᠤ ᠤᠯᠤᠰ ᠤᠨ ᠲᠤᠭ ᠮᠠᠨᠳᠤᠭᠤᠯᠬᠤ ᠳᠤ ᠭᠠᠴᠠᠭᠠᠨ ᠤ ᠨᠢᠭᠲᠠᠯᠠᠨ ᠪᠤᠳᠤᠬᠴᠢ ᠭᠡᠷ ᠳᠣᠲᠣᠷᠠᠬᠢ ᠲᠠᠭᠤ ᠲᠣᠮᠣᠷᠠᠭᠤᠯᠤᠭᠴᠢ ᠮᠠᠰᠢᠨ ᠤ ᠪᠠᠨ ᠵᠢᠵᠢᠭᠬᠡᠨ  ᠳᠠᠷᠤᠪᠴᠢ ᠪᠠᠷ ᠬᠦᠷᠢᠶᠡᠨ ᠳᠤᠮᠳᠠ ᠠᠴᠠ ᠵᠠᠬᠢᠷᠤᠨ᠎ᠠ᠃ ᠰᠢᠨᠵᠢᠯᠡᠬᠦ ᠤᠬᠠᠭᠠᠨ ᠤ ᠬᠥᠭᠵᠢᠯᠲᠡ ᠶᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃ ᠦᠳᠡᠰᠢ ᠶᠢᠨ  ᠰᠡᠯᠡᠭᠦᠨ ᠳᠤ ᠭᠠᠴᠠᠭᠠᠨ ᠤ ᠬᠦᠷᠢᠶᠡᠨ ᠳᠤ ᠥᠩᠭᠡ ᠪᠦᠷᠢ ᠶᠢᠨ ᠬᠤᠸᠠᠷ ᠫᠤᠤᠵᠢᠩ ᠰᠥᠨᠢ ᠶᠢᠨ ᠣᠭᠲᠠᠷᠭᠤᠢ ᠳᠤ ᠰᠣᠯᠣᠩᠭᠠᠷᠠᠨ᠎ᠠ᠃        ︽ᠨᠠᠮ ᠲᠦᠷᠦ ᠶᠢᠨ ᠰᠠᠶᠢᠨ ᠢᠶᠠᠷ ᠤᠳᠤ ᠴᠢᠨᠢ ᠡᠳᠦᠷ ᠪᠣᠯᠭᠠᠨ ᠰᠢᠨᠡᠯᠡᠵᠦ ᠪᠤᠢ︾ ᠭᠡᠵᠦ ᠡᠪᠦᠭᠡᠳ ᠤᠨ ᠵᠣᠭᠤᠭ ᠦᠷᠭᠦᠯᠵᠢᠯᠡᠭᠡᠳ ᠬᠥᠳᠡᠭᠡ ᠨᠤᠲᠤᠭ ᠲᠤ  ᠬᠥᠭᠵᠢᠯ ᠤᠨ ᠠᠭᠤᠷ ᠠᠮᠢᠰᠬᠤᠯ ᠪᠢᠯᠬᠠᠨ᠎ᠠ᠃ ᠵᠠᠯᠠᠭᠤ ᠠᠮᠠᠷᠠᠭ ᠬᠤᠣᠰ ᠤᠳ ᠮᠠᠰᠢᠨ ᠲᠡᠷᠭᠡ ᠪᠠᠨ ᠵᠢᠯᠤᠭᠤᠳᠴᠤ ᠬᠤᠳᠠ ᠣᠷᠣᠭᠠᠳ ᠨᠢᠳᠦ ᠪᠠᠨ ᠬᠤᠵᠢᠷᠯᠠᠵᠤ  ᠰᠡᠳᠬᠢᠯ ᠰᠠᠨᠠᠭ᠎ᠠ ᠪᠠᠨ ᠰᠡᠷᠭᠦᠭᠡᠵᠦ ᠢᠷᠡᠨ᠎ᠡ᠃ ᠡᠰᠡᠨᠢᠯ ᠤᠨ ᠬᠠᠪᠤᠷ ᠰᠠᠭᠠᠲᠠᠭᠰᠠᠨ ᠬᠥᠳᠡᠭᠡ ᠨᠤᠲᠤᠭ ᠤᠨ ᠰᠢᠨ᠎ᠡ ᠨᠢᠭᠡᠨ ᠣᠨ ᠪᠠᠶᠠᠷ ᠭᠦᠷ ᠲᠠᠢ ᠲᠤᠤᠵᠠ ᠪᠠᠨ  ᠬᠠᠶᠢᠴᠢᠯᠠᠳᠠᠭ ᠶᠤᠮ ᠪᠠᠶᠢᠨ᠎ᠠ᠃        ᠤᠷᠠᠨ ᠬᠥᠬᠦᠭᠡ ᠤᠢ ᠬᠥᠪᠴᠢ ᠳᠤ ᠤᠶᠠᠬᠠᠨ ᠢᠷᠠᠭᠤ ᠳᠣᠩᠭᠤᠳᠴᠤ        ᠤᠷᠤᠭ ᠬᠠᠯᠵᠠᠨ ᠪᠤᠭᠤ ᠬᠠᠳᠠ ᠠᠰᠬ᠎ᠠ ᠲᠠᠮᠵᠢᠨ ᠤᠷᠤᠮᠳᠠᠵᠤ        ᠣᠲᠣᠷ ᠨᠡᠭᠦᠳᠡᠯ ᠤᠨ ᠴᠤᠪᠤᠭ᠎ᠠ ᠠᠯᠤᠰ ᠲᠤ ᠰᠤᠨᠤᠯᠵᠠᠨ ᠬᠤᠯᠠᠳᠠᠵᠤ        ᠤᠨᠠᠭᠠᠨ ᠨᠤᠲᠤᠭ ᠤᠨ ᠬᠠᠪᠤᠷ ᠤᠳᠬ᠎ᠠ ᠲᠡᠭᠦᠯᠳᠡᠷ ᠰᠠᠨᠠᠭᠳᠠᠨ᠎ᠠ ᠁ ᠭᠡᠰᠡᠨ ᠨᠢᠭᠡᠨ ᠰᠢᠯᠦᠭᠴᠢ ᠶᠢᠨ ︽ᠬᠠᠪᠤᠷ︾ ᠬᠡᠮᠡᠬᠦ ᠢᠷᠠᠭᠤ ᠨᠠᠶᠢᠷᠠᠭ ᠤᠨ ᠮᠥᠷ  ᠪᠠᠳᠠᠭ ᠮᠢᠨᠤ ᠰᠡᠷᠡᠯ ᠢ ᠴᠢᠪᠬᠠᠳᠠᠨ ᠵᠢᠷᠦᠬᠡᠨ ᠳᠤ ᠮᠢᠨᠢ ᠭᠡᠷᠡᠯᠲᠦᠨ᠎ᠡ᠃ ᠲᠡᠶᠢᠮᠦ ᠠ᠋᠂ ᠰᠢᠨ᠎ᠡ ᠣᠨ ᠢᠶᠠᠨ ᠤᠭᠲᠤᠬᠤ ᠳᠤ ᠰᠥᠨᠢ ᠨᠢ ᠭᠦᠷᠳᠡᠯ᠎ᠡ ᠰᠡᠳᠬᠢᠯ ᠳᠤ  ᠳᠤᠯᠠᠭᠠᠨ᠂ ᠲᠦᠭᠡᠭᠰᠡᠨ ᠣᠳᠣᠳ ᠨᠢ ᠨᠠᠷᠠᠪᠴᠢᠨ ᠳᠡᠭᠡᠷ᠎ᠡ ᠰᠠᠭᠤᠭᠠᠳ ᠶᠠᠭᠤ ᠨᠢᠭᠡ ᠰᠢᠪᠡᠨᠡᠮᠡᠷ᠂ ᠨᠠᠷᠠ ᠨᠢ ᠴᠦ ᠤᠤᠯ ᠠᠴᠠ ᠪᠠᠨ ᠡᠷᠲᠡ ᠤᠷᠭᠤᠭᠠᠳ ᠨᠠᠳᠠ  ᠤᠷᠤᠭᠤ ᠢᠨᠢᠶᠡᠭᠰᠡᠭᠡᠷ ᠢᠷᠡᠬᠦ‍ ᠰᠢᠭ ᠪᠤᠳᠤᠬᠳᠠᠭᠠᠳ ᠪᠠᠶᠢᠳᠠᠭ ᠢ ᠦᠭᠡ ᠪᠠᠷ ᠬᠡᠷᠬᠢᠨ ᠵᠦᠢᠷᠯᠡᠬᠦ ᠪᠤᠢ︕        ᠵᠡᠭᠦᠳᠦᠨ ᠳᠤ ᠮᠢᠨᠢ ᠴᠢ ᠭᠡᠷᠡᠯ ᠪᠣᠯᠵᠤ ᠰᠣᠯᠣᠩᠭ᠎ᠠ ᠶᠢᠨ ᠥᠩᠭᠡ ᠪᠠᠷ ᠰᠠᠴᠤᠷᠠᠵᠤ ᠢᠷᠡᠨ᠎ᠡ᠂        ᠵᠢᠷᠦᠬᠡᠨ ᠳᠤ ᠮᠢᠨᠢ ᠴᠢ ᠵᠠᠮᠴᠢ ᠪᠣᠯᠵᠤ ᠤᠶᠠᠬᠠᠨ ᠳᠠᠭᠤᠤ ᠪᠠᠷ ᠬᠠᠩᠭᠢᠨᠠᠵᠤ ᠢᠷᠡᠨ᠎ᠡ᠂        ᠵᠥᠩᠨᠡᠯ ᠳᠤ ᠮᠢᠨᠢ ᠴᠢ ᠰᠢᠯᠦᠭ ᠪᠣᠯᠵᠤ ᠵᠢᠷᠭᠠᠯ ᠤᠨ ᠮᠦᠰᠢᠶᠡᠳᠦ ᠪᠠᠷ ᠠᠩᠬᠢᠯᠵᠤ ᠢᠷᠡᠨ᠎ᠡ᠂        ᠵᠦᠢᠴᠢᠯᠡᠯ ᠳᠤ ᠮᠢᠨᠢ ᠴᠢ ᠬᠦᠰᠡᠯ ᠪᠣᠯᠵᠤ ᠰᠠᠶᠢᠬᠠᠨ ᠤ ᠢᠷᠦᠭᠡᠯ ᠢᠶᠠᠷ ᠭᠢᠯᠠᠯᠵᠠᠵᠤ ᠢᠷᠡᠨ᠎ᠡ᠂        ᠥᠶᠥᠭ ᠲᠠᠩᠰᠤᠭ ᠠᠮᠢᠳᠤᠷᠠᠯ᠂ ᠥᠷᠨᠢᠵᠦ ᠳᠡᠯᠭᠡᠷᠡᠬᠦ ᠶᠢᠨ ᠵᠦᠩ᠂ ᠡᠩᠬᠡ ᠠᠮᠤᠭᠤᠯᠠᠩ ᠣᠷᠣᠰᠢᠬᠤᠢ᠂ ᠠᠯᠢᠪᠠ ᠪᠦᠭᠦᠨ ᠴᠢᠮ᠎ᠠ ᠠᠴᠠ ᠰᠢᠨ᠎ᠡ ᠪᠠᠷ  ᠡᠬᠢᠯᠡᠨ᠎ᠡ -       ᠥᠭᠡᠳᠡ ᠬᠡᠶᠢᠮᠣᠷᠢ ᠲᠠᠢ 2025 ᠣᠨ ᠮᠢᠨᠢ︕  
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ