ᠨᠤᠲᠤᠭ ᠤᠨ ᠢᠶᠠᠨ ᠬᠠᠯᠠᠭᠤᠨ ᠡᠯᠡᠰᠦᠨ ᠳᠤ ᠪᠣᠷᠪᠢ ᠪᠠᠨ ᠰᠢᠷᠠᠵᠤ ᠤᠳᠠᠲᠠᠯ᠎ᠠ ᠰᠠᠭᠤᠬᠤ ᠳᠤ ᠤᠨᠢᠶᠠᠷᠲᠤᠭᠰᠠᠨ ᠮᠠᠩᠬᠠᠨ ᠲᠣᠯᠣᠭᠠᠳ ᠡᠷᠲᠡ ᠨᠠᠮᠤᠷ ᠤᠨ | ᠠᠭᠠᠭ ᠠᠮᠢᠰᠬᠤᠭ᠎ᠠ ᠪᠠᠷ ᠴᠣᠨᠤᠨ ᠰᠦᠢᠯᠡᠬᠢᠯᠡᠵᠦ ᠬᠢᠶᠠᠭ᠂ ᠰᠢᠷᠠᠯᠵᠢ ᠶᠢᠨ ᠡᠬᠡᠭᠦᠨ ᠦᠨᠦᠷ ᠬᠠᠮᠠᠷ ᠴᠣᠷᠭᠢᠨ᠎ᠠ᠃ ᠨᠤᠲᠤᠭ ᠲᠠᠭᠠᠨ ᠬᠠᠶᠢᠷᠠᠲᠠᠢ ᠲᠦᠮᠡ ᠲᠦᠮᠡᠨ | ᠬᠥᠮᠥᠨ ᠤ ᠵᠢᠷᠦᠬᠡᠨ ᠡᠭᠡᠰᠢᠭ ᠢ ᠳᠠᠭᠠᠭᠠᠵᠤ ᠬᠠᠶᠢᠷ᠎ᠠ ᠶᠢᠨ ᠲᠣᠷᠭᠠᠨ ᠰᠢᠪᠡᠨᠡᠭᠡ ᠪᠠᠨ ᠨᠤᠲᠤᠭ ᠤᠨ ᠰᠠᠯᠬᠢᠨ ᠤ ᠬᠤᠩᠭᠤᠷ ᠮᠥᠷᠥᠭᠡᠳᠦᠯ ᠢᠶᠠᠷ ᠰᠡᠪᠰᠢᠨ ᠰᠡᠪᠰᠢᠨ | ᠤᠨᠠᠭᠠᠬᠤ ᠳᠤ ᠴᠡᠴᠡᠭᠡᠰ ᠤᠨ ᠨᠡᠭᠦᠳᠡᠯ ᠳᠤ ᠪᠠᠷᠠᠭᠠᠨ ᠡᠭᠦᠯᠡ ᠴᠡᠯᠮᠡᠵᠦ ᠨᠠᠭᠤᠷ ᠤᠨ ᠭᠠᠯᠠᠭᠤᠳ ᠤᠨ ᠪᠤᠴᠠᠬᠤ ᠲᠠᠭᠤᠨ ᠭᠠᠩᠭᠠᠷ ᠭᠤᠩᠭᠤᠷ ᠲᠤᠭᠤᠯᠳᠠᠨ᠎ᠠ᠃ | ᠥᠷᠥᠮ᠎ᠡ ᠰᠦ ᠥᠳᠬᠡᠷᠡᠭᠰᠡᠨ ᠰᠠᠶᠢᠬᠠᠨ ᠤᠯᠠᠷᠢᠯ ᠭᠡᠵᠦ ᠡᠵᠢ ᠦᠷ ᠴᠦᠷ ᠢᠶᠠᠷ ᠪᠣᠰᠴᠤ ᠬᠡᠳᠦᠨ ᠦᠨᠢᠶ᠎ᠡ ᠪᠠᠨ ᠰᠢᠪᠳᠦᠷᠴᠦ ᠨᠠᠮᠤᠷ ᠤᠨ ᠰᠠᠭᠠᠯᠢ | ᠠᠪᠳᠠᠭ᠃ ᠲᠤᠭᠤᠯ ᠪᠢᠷᠠᠭᠤᠳ ᠤᠨ ᠮᠥᠭᠡᠷᠡᠯᠳᠦᠬᠦ ᠲᠠᠭᠤᠨ ᠰᠢᠩᠭᠡᠷᠡᠵᠦ ᠠᠶᠢᠯ ᠤᠨ ᠠᠪᠠᠭ᠎ᠠ ᠶᠢᠨ ᠪᠦᠳᠦᠭᠦᠨ ᠲᠠᠭᠤ ᠬᠤᠯᠠᠳᠠᠬᠤ ᠪᠠᠷ ᠳᠡᠭᠦᠦ ᠨᠠᠷ ᠢᠶᠠᠨ ᠰᠡᠷᠢᠭᠡᠨ | ᠡᠮᠦᠰᠬᠡᠵᠦ ᠵᠡᠭᠦᠯᠭᠡᠨ ᠢᠳᠡᠭᠦᠯᠵᠦ ᠤᠤᠭᠤᠯᠭᠠᠭᠠᠳ ᠬᠠᠰᠢᠶᠠᠨ ᠤ ᠯᠤᠤᠯᠢ ᠠᠷᠪᠠᠢ ᠦᠭᠲᠡᠭᠡᠵᠦ ᠭᠠᠭ᠋ᠠᠢ ᠲᠠᠭᠢᠶ᠎ᠠ ᠪᠠᠨ ᠲᠡᠵᠢᠭᠡᠳᠡᠭ᠃ ᠤᠯᠠᠭᠠᠨ ᠨᠠᠷᠠ ᠪᠤᠯᠲᠠᠶᠢᠵᠤ | ᠡᠷᠲᠡ ᠶᠢᠨ ᠰᠢᠭᠦᠳᠡᠷᠢ ᠡᠭᠰᠢᠬᠦ ᠪᠠᠷ ᠠᠪᠤ ᠮᠢᠨᠢ ᠬᠤᠨᠢᠨ ᠳᠠᠭᠠᠨ ᠭᠠᠷᠳᠠᠭ᠃ ᠰᠢᠯᠪᠢᠭᠦᠷ ᠫᠢᠰ ᠲᠠᠱ ᠳᠤᠤᠭᠠᠷᠴᠤ ᠬᠤᠨᠢᠨ ᠰᠦᠷᠦᠭ ᠠᠯᠭᠤᠷᠬᠠᠨ ᠢᠳᠡᠰᠢᠯᠡᠭᠰᠡᠭᠡᠷ | ᠪᠡᠯᠴᠢᠭᠡᠷ ᠲᠤ ᠲᠣᠭᠲᠠᠬᠤ ᠳᠤ ᠡᠵᠢ ᠬᠤᠶᠢᠨ᠎ᠠ ᠠᠴᠠ ᠨᠢ ᠭᠠᠭᠴᠠ ᠡᠯᠵᠢᠭᠡ ᠬᠥᠯᠯᠡᠭᠰᠡᠨ ᠲᠡᠷᠭᠡ ᠪᠠᠨ ᠴᠢᠷᠴᠦ ᠠᠵᠢᠯ ᠳᠠᠭᠠᠨ ᠶᠠᠪᠤᠳᠠᠭ᠃ ᠰᠠᠨᠳᠤᠤ ᠱᠠᠭᠢᠭᠤᠯᠤᠨ | ᠭᠢᠯᠠᠯᠵᠠᠭᠤᠯᠬᠤ ᠳᠤ ᠬᠢᠶᠠᠷᠠᠨ ᠤᠨᠠᠭᠰᠠᠨ ᠡᠪᠡᠰᠦ ᠪᠤᠬᠠᠯ ᠢ ᠣᠪᠣᠭᠠᠯᠠᠵᠤ᠂ ᠬᠠᠲᠠᠭᠰᠠᠨ ᠠᠯᠢᠰᠤ ᠪᠠᠨ ᠪᠤᠮᠪᠠᠯᠵᠠᠳᠠᠯᠠ ᠲᠡᠭᠡᠭᠡᠭᠡᠳ ᠢᠷᠡᠬᠦ ᠳᠤ ᠠᠯᠢᠰᠤᠨ ᠣᠪᠣᠭᠠᠨ ᠳᠤ | ᠨᠢᠭᠤᠯᠴᠠᠵᠤ ᠦᠰᠦ ᠲᠣᠯᠣᠭᠠᠢ ᠪᠠᠨ ᠰᠢᠷᠢᠯᠳᠦᠲᠡᠯᠡ ᠭᠦᠶᠦᠳᠡᠭ ᠪᠠᠶᠢᠯ᠎ᠠ ᠪᠢᠳᠠ᠃ | ᠡᠯᠵᠢᠭᠡᠨ ᠲᠡᠷᠭᠡ ᠬᠥᠭᠯᠡᠭᠦᠯᠵᠦ᠂ ᠲᠡᠷᠭᠡᠨ ᠶᠠᠰᠢᠩ ᠠᠴᠠ ᠠᠲᠤᠷᠢᠲᠠᠯ᠎ᠠ ᠵᠢᠭᠤᠷᠠᠵᠤ ᠰᠠᠭᠤᠬᠤ ᠳᠤ ᠬᠠᠳᠤᠭᠤᠷ᠂ ᠰᠠᠨᠳᠤᠤ ᠬᠠᠩᠭᠢᠷ ᠵᠢᠩᠭᠢᠷ ᠳᠤᠤᠭᠠᠷᠴᠤ | ᠬᠠᠳᠤᠯᠠᠩ ᠤᠨ ᠤᠯᠠᠷᠢᠯ ᠬᠠᠶᠠᠭᠠᠨ ᠳᠤ ᠪᠠᠭᠤᠨ᠎ᠠ᠃ ᠲᠡᠷᠡ ᠵᠢᠯ ᠤᠨ ᠨᠠᠮᠤᠷ ᠪᠢ ᠶᠡᠭᠡ ᠬᠦᠰᠡᠯ ᠡᠪᠦᠷᠯᠡᠵᠦ ᠮᠠᠩᠬᠠᠨ ᠨᠤᠲᠤᠭ ᠠᠴᠠ ᠬᠥᠯ ᠢᠶᠠᠨ ᠰᠤᠭᠤᠯᠵᠤ | ᠬᠦᠰᠡᠯ ᠤᠨ ᠲᠠᠷᠳᠠᠩ ᠬᠠᠷᠭᠤᠢ ᠵᠦᠭ ᠳᠡᠪᠳᠡᠷᠢᠭᠰᠡᠨ ᠶᠤᠮ᠃ ᠠᠷᠢᠭᠤᠨ ᠡᠷᠳᠡᠮ ᠢᠶᠠᠨ ᠰᠣᠶᠣᠷᠬᠠᠭᠰᠠᠨ ᠠᠴᠢᠲᠤ ᠪᠠᠭᠰᠢ ᠨᠠᠷ ᠮᠢᠨᠢ ᠡᠪᠦᠭᠡᠷᠡᠵᠦ᠂ ᠭᠠᠯ | ᠰᠢᠯ ᠤᠨ ᠢᠶᠠᠨ ᠴᠠᠭᠠᠨ᠎ᠠ ᠠᠴᠠ ᠭᠠᠷ ᠤᠲᠠᠰᠤ ᠱᠠᠭᠠᠶᠢᠨ ᠶᠢᠷᠲᠢᠨᠴᠦ ᠶᠢᠨ ᠰᠣᠨᠢᠨ ᠭᠠᠶᠢᠬᠠᠮᠰᠢᠭ ᠢ ᠠᠩᠬᠠᠷᠴᠤ ᠴᠠᠭ ᠦᠶ᠎ᠡ ᠶᠢᠨ ᠰᠠᠶᠢᠬᠠᠨ ᠳᠤ ᠪᠠᠶᠠᠰᠴᠤ ᠰᠠᠭᠤᠨ᠎ᠠ᠃ | ᠲᠦᠷᠪᠡᠨ ᠵᠢᠯ ᠥᠯᠥᠭᠡᠶᠢᠳᠡᠭᠰᠡᠨ ᠡᠬᠡ ᠰᠤᠷᠭᠠᠭᠤᠯᠢ ᠮᠢᠨᠢ ᠠᠶᠢᠯ ᠤᠨ ᠪᠠᠷᠠᠭᠤᠨ ᠲᠡᠨᠵᠢᠨ ᠳᠤ ᠡᠪᠡᠰᠦ ᠰᠦᠷᠡᠯ ᠤᠨ ᠳᠤᠮᠳᠠ ᠰᠦᠷ ᠮᠠᠭᠤᠲᠠᠢ ᠶᠣᠷᠳᠣᠶᠢᠨᠠ᠃ ᠠ᠂ | ᠠ᠋᠂ ᠢ᠂ ᠠᠷᠠᠪ ᠲᠤᠭ᠎ᠠ ᠶᠢ ᠲᠠᠨ ᠤ ᠪᠠᠨ ᠡᠪᠦᠷ ᠲᠤ ᠲᠣᠭᠯᠠᠨ ᠪᠠᠶᠢᠬᠤ ᠳᠠᠭᠠᠨ ᠨᠢᠳᠦᠯᠡᠭᠰᠡᠨ ᠶᠤᠮ ᠳ᠋ᠧ᠂ ᠰᠤᠷᠭᠠᠭᠤᠯᠢ ᠮᠢᠨᠢ︕ ᠠᠨᠳᠠ ᠶᠢᠨ ᠲᠠᠩᠭᠠᠷᠢᠭ | ᠡᠭᠡᠳᠡᠷᠡᠭᠰᠡᠨ ᠤᠨᠠᠭᠠᠨ ᠨᠠᠶᠢᠵᠠ ᠨᠠᠷ ᠲᠠᠷᠢᠶᠠᠨ ᠵᠤᠷᠬ᠎ᠠ ᠪᠠᠷ ᠬᠥᠯᠥᠰᠦ ᠪᠠᠨ ᠤᠷᠤᠰᠬᠠᠨ ᠵᠠᠮᠨᠠᠬᠤ ᠳᠤ ᠠᠪᠤ ᠡᠵᠢ ᠳᠤᠨᠢ ᠪᠢᠰᠢ᠂ ᠬᠤᠪᠢ ᠵᠠᠶᠠᠭᠠᠨ ᠳᠤᠨᠢ ᠭᠤᠮᠣᠳᠠᠵᠤ | ᠭᠠᠭᠴᠠᠭᠠᠷ ᠬᠤᠯᠠ ᠶᠠᠪᠤᠭᠰᠠᠨ ᠪᠢᠯᠡ᠃ ᠪᠢᠯᠢᠭ ᠤᠬᠠᠭᠠᠨ ᠤ ᠣᠩᠭᠤᠳ ᠬᠠᠶᠢᠷᠠᠯᠠᠭᠰᠠᠨ ᠨᠤᠲᠤᠭ ᠤᠨ ᠪᠤᠭᠤᠷᠤᠯᠴᠤᠳ ᠬᠤᠶᠢᠨ᠎ᠠ ᠬᠤᠶᠢᠨ᠎ᠠ ᠠᠴᠠ ᠪᠠᠨ | ᠬᠤᠷᠸ᠎ᠠ ᠶᠢᠨ ᠵᠢᠮ᠎ᠡ ᠪᠠᠷ ᠪᠤᠴᠠᠬᠤ ᠳᠤ ᠬᠠᠭᠤᠴᠢᠨ ᠦᠯᠢᠭᠡᠷ ᠤᠳ ᠰᠢᠨ᠎ᠡ ᠵᠣᠭᠤᠭ ᠢᠶᠠᠷ ᠰᠣᠯᠢᠭᠳᠠᠨ᠎ᠠ᠃ | ᠵᠠᠯᠠᠭᠤ ᠨᠠᠰᠤ ᠵᠠᠬ᠎ᠠ ᠠᠴᠠ ᠪᠠᠨ ᠵᠤᠯᠠᠷᠠᠵᠤ᠂ ᠢᠳᠡᠷ ᠨᠠᠰᠤᠨ ᠤ ᠢᠳᠡᠷᠡᠭᠦᠨ ᠵᠢᠪᠬᠤᠭ᠎ᠠ ᠪᠠᠷ ᠲᠠᠰᠢᠭᠤᠷᠳᠠᠭᠤᠯᠵᠤ ᠬᠢᠭᠰᠡᠨ᠂ ᠪᠦᠲᠦᠭᠡᠭᠰᠡᠨ ︽ᠬᠥᠷᠥᠩᠭᠡ︾ | ᠪᠠᠨ ᠬᠠᠨᠳᠢᠪᠯᠡᠬᠤ ᠪᠠᠷ ᠨᠤᠲᠤᠭ ᠤᠨ ᠢᠶᠠᠨ ᠪᠤᠭᠤᠷᠤᠯ ᠡᠷᠭᠢᠨ ᠳᠤ ᠤᠳᠠᠲᠠᠯ᠎ᠠ ᠰᠠᠭᠤᠬᠤ ᠳᠤ ᠲᠠᠰᠤᠷᠠᠬᠰᠠᠨ ᠤᠴᠢᠭ ᠵᠠᠯᠭᠠᠭᠳᠠᠵᠤ ᠬᠠᠶᠢᠷ᠎ᠠ ᠶᠢᠨ ᠲᠣᠷᠭᠠᠨ | ᠰᠢᠪᠡᠨᠡᠭᠡ ᠪᠠᠨ ᠭᠠᠵᠠᠷ ᠨᠤᠲᠤᠭ ᠲᠠᠭᠠᠨ ᠢᠯᠡᠭᠡᠨᠡᠮ᠃ | ᠠᠪᠤ ᠶᠢᠨ ᠬᠤᠨᠢᠨ ᠳᠤ ᠶᠠᠪᠤᠳᠠᠭ ᠪᠣᠷᠣ ᠴᠤᠪᠤᠭ᠎ᠠ᠂ ᠡᠵᠢ ᠶᠢᠨ ᠦᠲᠦᠷᠮ᠎ᠡ ᠳᠤ ᠣᠪᠣᠭᠠᠯᠠᠭᠰᠠᠨ ᠲᠠᠪᠤᠨ ᠲᠠᠷᠢᠶ᠎ᠠ ᠁ ᠡᠨᠡ ᠪᠦᠭᠦ ᠶᠠᠭᠤᠮ᠎ᠠ ᠠᠴᠠ | ᠰᠡᠳᠬᠢᠯ ᠤᠨ ᠲᠠᠮᠢᠷ ᠰᠡᠯᠭᠦᠭᠰᠡᠨ ᠬᠥᠮᠥᠨ ᠤ ᠦᠷ᠎ᠡ ᠪᠢ ᠨᠤᠲᠤᠭ ᠤᠰᠤᠨ ᠳᠠᠭᠠᠨ ᠲᠤᠰᠤᠯ ᠬᠦᠴᠦ ᠪᠠᠨ ᠡᠷᠭᠦᠵᠦ᠂ ᠬᠠᠶᠢᠷ᠎ᠠ ᠶᠢᠨ ᠥᠷᠢ ᠨᠥᠬᠦᠬᠦ ᠪᠠᠷ ᠶᠡᠭᠡ | ᠦᠢᠯᠡᠰ ᠤᠨ ᠭᠦᠯᠦᠭ ᠤᠨ ᠵᠢᠯᠣᠭᠤ ᠵᠠᠯᠠᠭᠰᠠᠨ ᠶᠤᠮ᠃ ᠤᠬᠠᠭᠠᠷᠠᠯ ᠲᠥᠭᠡᠷᠭᠡ᠂ ᠰᠣᠶᠣᠯ ᠪᠣᠯᠪᠠᠰᠤᠷᠠᠯ᠂ ᠦᠢᠯᠡᠰ ᠵᠢᠳᠬᠦᠯ ᠤᠨ ᠴᠢᠨᠳᠠᠮᠤᠨᠢ ᠲᠠᠮᠠᠭ᠎ᠠ ᠶᠢ | ᠵᠢᠷᠦᠬᠡᠨ ᠳᠡᠭᠡᠨ ᠳᠠᠷᠤᠵᠤ᠂ ᠵᠡᠭᠦᠳᠦᠨ ᠳᠡᠭᠡᠨ ᠲᠡᠪᠡᠷᠢᠵᠦ ᠦᠨᠦᠰᠦᠨ᠂ ᠠᠷᠤᠤᠬᠠᠨ ᠮᠥᠷᠥᠭᠡᠳᠦᠯ ᠤᠨ ᠲᠥᠯᠥᠭᠡ ᠮᠥᠩᠬᠡᠷᠡᠬᠦ ᠪᠠᠷ ᠴᠢᠷᠮᠠᠶᠢᠭᠰᠠᠨ ᠬᠡᠨ ᠨᠢᠭᠡᠨ | ᠬᠥᠮᠥᠨ ᠤ ᠬᠠᠯᠠᠭᠤᠨ ᠤᠷᠮᠠᠰ ᠢᠶᠠᠷ ᠰᠢᠷᠬ᠎ᠠ ᠪᠠᠨ ᠠᠨᠠᠭᠠᠵᠤ᠂ ᠪᠢᠯᠢᠭ ᠤᠨ ᠬᠦᠷᠡᠩ ᠤᠨ ᠵᠣ ᠶᠢ ᠴᠠᠩᠲᠤᠭᠤᠯᠤᠨ ᠭᠠᠯᠭᠢᠭᠤᠯᠵᠤ ᠶᠠᠪᠤᠬᠤ ᠳᠤ ᠬᠦᠰᠡᠯ ᠮᠥᠷᠥᠭᠡᠳᠦᠯ | ᠶᠠᠮᠠᠷᠬᠠᠨ ᠰᠠᠶᠢᠬᠠᠨ ᠪᠠᠶᠢᠯ᠎ᠠ᠃ | ᠵᠤᠨ ᠤ ᠴᠡᠴᠡᠭ ᠤᠨ ᠮᠢᠷᠠᠯᠵᠠᠭᠠᠨ ᠳᠤ ᠡᠷᠪᠡᠬᠡᠢ ᠵᠥᠭᠡᠢ ᠪᠥᠵᠢᠭᠯᠡᠨ᠂ ᠭᠦᠷᠡᠯᠵᠡᠭᠡᠨ᠎ᠡ ᠴᠠᠷᠴᠠᠬᠠᠢ ᠵᠢᠷᠭᠢᠨ ᠳᠣᠩᠭᠤᠳᠬᠤ ᠳᠤ ᠨᠠᠮᠤᠷ ᠤᠨ ᠲᠠᠩᠰᠤᠭ | ᠤᠯᠠᠷᠢᠯ ᠬᠠᠶᠢᠷ᠎ᠠ ᠨᠠᠶᠢᠷ ᠦᠭᠡᠢ ᠥᠮᠴᠢᠷᠬᠡᠨ ᠦᠷ᠎ᠡ ᠵᠢᠮᠢᠰ᠂ ᠡᠯᠪᠡᠭ ᠬᠤᠷᠢᠶᠠᠯᠲᠠ ᠶᠢᠨ ᠡᠭᠡᠰᠢᠭ ᠳᠠᠭᠤᠤ ᠪᠠᠷ ᠰᠦᠯᠡᠨ᠎ᠡ᠃ ᠡᠪᠦᠯ ᠢᠷᠡᠬᠦ ᠠᠴᠠ ᠡᠮᠦᠨ᠎ᠡ | ᠬᠦᠨᠡᠰᠦᠨ ᠤ ᠪᠦᠷᠢᠳᠬᠡᠯ ᠳᠤ ᠶᠠᠭᠠᠷᠠᠳᠠᠭ ᠬᠥᠮᠥᠰ ᠬᠠᠪᠤᠷ ᠤᠨ ᠠᠭᠤᠷ ᠢᠶᠠᠷ ᠠᠮᠤᠷᠵᠢᠵᠤ ᠰᠢᠨ᠎ᠡ ᠰᠣᠳᠣᠨ ᠶᠠᠭᠤᠮ᠎ᠠ ᠶᠢ ᠬᠦᠯᠢᠶᠡᠵᠦ ᠴᠥᠬᠦᠳᠡᠭ ᠴᠦ ᠨᠠᠰᠤᠨ ᠤ | ᠨᠠᠮᠤᠷ ᠲᠤ ᠲᠠᠷᠭᠤ ᠰᠠᠭᠤᠬᠤ ᠪᠠᠷ ᠨᠢᠯᠬᠠᠰᠠᠭ ᠪᠤᠳᠤᠯ ᠵᠡᠭᠦᠳᠦᠨ ᠠᠴᠠ ᠠᠷᠢᠯᠤᠨ᠎ᠠ᠃ | ᠰᠢᠨᠡᠬᠡᠨ ᠵᠠᠰᠠᠭᠰᠠᠨ ᠵᠠᠮ ᠭᠡᠷ ᠭᠡᠷ ᠤᠨ ᠡᠭᠦᠳᠡᠨ ᠳᠤ ᠨᠡᠪᠳᠡᠷᠡᠵᠦ᠂ ᠵᠠᠮ ᠲᠠᠭᠠᠬᠰᠠᠨ ᠭᠡᠷ ᠤᠳ ᠤᠨ ᠬᠦᠷᠢᠶ᠎ᠡ ᠬᠠᠰᠢᠶ᠎ᠠ ᠬᠥᠬᠡ᠂ ᠤᠯᠠᠭᠠᠨ ᠲᠤᠭᠤᠰᠭᠠ ᠪᠠᠷ | ᠠᠯᠠᠭᠯᠠᠨ ᠬᠡ ᠤᠭᠠᠯᠵᠠ ᠨᠢ ᠬᠡᠭᠡᠮᠰᠦᠭ ᠰᠠᠶᠢᠬᠠᠨ᠃ ᠪᠠᠶᠢᠰᠢᠩ ᠤᠨ ᠡᠭᠦᠳᠡᠨ ᠳᠤ ᠪᠦᠳᠦᠭᠦᠨ ᠲᠷᠠᠺᠲ᠋ᠣᠷ ᠬᠦᠷᠴᠢᠭᠢᠨᠡᠵᠦ ᠲᠠᠷᠢᠶ᠎ᠠ ᠬᠠᠳᠤᠬᠤ ᠮᠠᠰᠢᠨ᠂ ᠡᠪᠡᠰᠦ | ᠰᠦᠷᠡᠯ ᠳᠠᠷᠤᠰᠢᠭᠤᠯᠬᠤ ᠮᠠᠰᠢᠨ᠂ ᠬᠠᠳᠤᠯᠠᠩ ᠬᠤᠷᠢᠶᠠᠬᠤ ᠮᠠᠰᠢᠨ ᠁ ᠵᠠᠬ᠎ᠠ ᠳᠠᠷᠠᠭᠠᠯᠠᠨ ᠵᠢᠭᠳᠡᠷᠡᠵᠦ ᠴᠢᠨᠡᠭᠡᠯᠢᠭ ᠨᠡᠶᠢᠭᠡᠮ ᠤᠨ ᠥᠩᠭᠡ ᠲᠥᠷᠬᠦ ᠶᠢ | ᠮᠡᠳᠡᠭᠡᠯᠡᠬᠦ ᠳᠤ ᠪᠠᠶᠠᠵᠢᠯ ᠤᠨ ᠵᠠᠮ ᠢᠶᠠᠨ ᠡᠯᠭᠦᠭᠰᠡᠨ ᠮᠠᠯᠴᠢᠨ ᠲᠠᠷᠢᠶᠠᠴᠢᠨ ᠰᠣᠩᠭᠤᠭᠤᠯᠢ ᠶᠢᠨ ᠪᠢᠯᠧᠲ ᠢᠶᠠᠨ ᠲᠤᠰᠢᠶᠠᠭᠠᠳ ᠬᠠᠨᠤᠮᠵᠢᠳᠠᠢ᠃ ︽ᠠᠶᠢᠯ ᠬᠥᠮᠥᠨ ᠤ ᠠᠮᠢ | ᠨᠢᠭᠡ᠂ ᠰᠠᠭᠠᠬᠠᠯᠲᠠ ᠬᠥᠮᠥᠨ ᠤ ᠰᠠᠨᠠᠭ᠎ᠠ ᠨᠢᠭᠡ︾ ᠭᠡᠳᠡᠭ ᠰᠠᠨ᠃ ᠭᠠᠴᠠᠭᠠᠨ ᠳᠠᠷᠤᠭ᠎ᠠ᠂ ᠱᠦᠵᠢ ᠬᠡᠨ ᠬᠡᠨ ᠮᠠᠨᠢ ᠨᠠᠮ ᠤᠨ ᠲᠦᠷᠦ ᠶᠢᠨ ᠪᠣᠳᠣᠯᠭ᠎ᠠ ᠶᠢ | ᠲᠤᠭᠤᠰᠢᠯᠠᠭᠤᠯᠤᠨ ᠠᠶᠢᠯ ᠠᠶᠢᠮᠠᠭ ᠢᠶᠠᠨ ᠳᠠᠭᠠᠭᠤᠯᠤᠨ ᠥᠭᠡᠳᠡᠯᠡᠯ ᠬᠥᠭᠵᠢᠯ ᠤᠨ ᠴᠢᠯᠦᠭᠡᠲᠦ ᠬᠠᠷᠭᠤᠢ ᠶᠢ ᠵᠣᠷᠢᠳᠠᠭ ᠶᠤᠮ ᠪᠣᠯ ᠨᠤᠲᠤᠭ ᠤᠰᠤᠨ ᠤ ᠨᠠᠪᠳᠠᠭ | ᠰᠠᠪᠳᠠᠭ᠂ ᠡᠵᠡᠳ ᠰᠠᠬᠢᠭᠤᠰᠤ ᠮᠢᠨᠢ ᠪᠠᠶᠠᠰᠬᠤ ᠨᠢ ᠠ᠋᠃ | ᠨᠠᠪᠲᠠᠷᠬᠠᠢ ᠨᠣᠣᠷᠬᠠᠢ ᠰᠢᠪᠠᠷ ᠪᠠᠶᠢᠰᠢᠩ᠂ ᠰᠡᠲᠡᠷᠬᠡᠢ ᠵᠠᠳᠠᠭᠠᠢ ᠬᠠᠰᠢᠶ᠎ᠠ ᠰᠠᠷᠠᠪᠴᠢ ᠪᠠᠨ ᠰᠢᠨᠡᠳᠬᠡᠭᠰᠡᠨ ᠠᠪᠠᠭ᠎ᠠ ᠠᠨᠢᠶ᠎ᠠ ᠨᠠᠷ ᠤᠨ ᠲᠠᠭᠤ ᠱᠤᠤ | ᠥᠨᠳᠥᠷᠵᠢᠵᠦ ᠲᠠᠭᠢᠭᠠᠳ ᠲᠢᠶᠠᠨᠵᠢᠨ ︵ᠮᠠᠨ ᠤ ᠭᠠᠴᠠᠭ᠎ᠠ ᠶᠢᠨ ᠨᠢᠭᠡ ᠪᠦᠯᠦᠭ ᠬᠥᠮᠥᠰ ᠲᠢᠶᠠᠨᠵᠢᠨ ᠳᠤ ᠬᠦᠴᠦᠨ ᠤ ᠠᠵᠢᠯ ᠬᠢᠵᠦ ᠪᠤᠢ︶ ᠣᠷᠣᠵᠤ ᠬᠦᠴᠦ ᠶᠠᠪᠤᠬᠤ | ᠦᠭᠡᠢ᠂ ᠬᠡᠳᠦᠨ ᠮᠦ ᠲᠠᠷᠢᠶ᠎ᠠ ᠮᠢᠨᠢ ᠪᠢᠳᠡᠨ ᠳᠡᠭᠡᠨ ᠠᠮᠢ ᠠᠮᠢᠵᠢᠷᠠᠯ ᠪᠤᠯᠬᠤ ᠨᠢ᠂ ᠲᠡᠳᠬᠦᠮᠵᠢ ᠶᠢᠨ ᠮᠠᠯ ᠤᠨᠤᠭ᠎ᠠ ᠪᠠᠨ ᠮᠡᠨᠳᠦ ᠤᠨᠳᠤᠷᠤᠭᠤᠯᠤᠶᠠ᠂ ᠨᠤᠲᠤᠭ | ᠤᠰᠤᠨ ᠤ ᠪᠠᠨ ᠢᠵᠢᠯᠢ ᠲᠠᠰᠤᠯ ᠬᠥᠮᠥᠰ ᠲᠠᠢ ᠪᠠᠨ ᠤᠴᠠᠷᠠᠵᠤ ᠵᠣᠭᠤᠭᠳᠠᠬᠤ ᠳᠤ ᠰᠡᠳᠬᠢᠯ ᠰᠠᠨᠠᠭ᠎ᠠ ᠰᠠᠷᠠᠭᠤᠯᠵᠢᠨ᠎ᠠ ᠭᠡᠵᠦ ᠦᠭᠡ ᠵᠣᠭᠤᠭ ᠳᠡᠯᠭᠡᠵᠦ᠂ ᠣᠶᠣᠳᠠᠯ | ᠬᠠᠳᠬᠤᠮᠠᠯ ᠢᠶᠠᠨ ᠡᠬᠢᠯᠡᠭᠦᠯᠦᠨ᠎ᠡ᠃ ᠤᠬᠠᠭᠠᠨ ᠰᠠᠨᠠᠭ᠎ᠠ ᠪᠠᠨ ᠡᠵᠡᠮᠳᠡᠵᠦ᠂ ᠬᠦᠰᠡᠯ ᠲᠡᠮᠡᠦᠯᠦᠯ ᠤᠨ ᠵᠦᠭ ᠴᠢᠭ ᠢᠶᠠᠨ ᠠᠨᠳᠠᠭᠤᠷᠠᠯ ᠦᠭᠡᠢ ᠵᠥᠪ ᠡᠷᠭᠢᠭᠦᠯᠵᠦ᠂ ᠬᠥᠮᠥᠨ | ᠠᠷᠠᠳ ᠲᠠᠭᠠᠨ᠂ ᠨᠠᠮ ᠵᠠᠰᠠᠭ ᠲᠠᠭᠠᠨ ᠤᠶᠢᠭ᠎ᠠ ᠦᠭᠡᠢ ᠵᠢᠳᠬᠦᠬᠦ ᠤᠬᠠᠭᠠᠨ ᠤ ᠦᠷ ᠢ ᠴᠠᠶᠢᠯᠭᠠᠵᠤ ᠲᠦᠷᠦᠵᠦ ᠥᠰᠦᠭᠰᠡᠨ ᠴᠠᠭᠠᠨ ᠮᠠᠩᠬᠠᠨ ᠳᠠᠭᠠᠨ ᠴᠠᠬᠢᠷᠮ᠎ᠠ ᠰᠢᠭ᠋ | ᠠᠮᠢᠵᠢᠷᠠᠯ ᠤᠨ ᠬᠦᠴᠦᠨ ᠲᠠᠢ ᠤᠷᠭᠤᠬᠤ ᠶᠠᠭᠤᠲᠠᠢ ᠰᠠᠶᠢᠬᠠᠨ᠃ | ᠠᠮᠢᠳᠤᠷᠠᠯ ᠵᠢᠷᠤᠭ ᠰᠢᠭ᠋ ᠰᠠᠶᠢᠬᠠᠨ ᠪᠣᠯᠣᠯ᠎ᠠ᠂ ᠵᠢᠷᠤᠭ ᠰᠢᠭ᠋ ᠠᠮᠢᠳᠤᠷᠠᠯ ᠱᠠᠭᠯᠠᠭᠰᠠᠨ ᠣᠶᠣᠳᠠᠯ ᠨᠡᠩ ᠰᠠᠶᠢᠬᠠᠨ ᠠ᠋᠃ ᠭᠦᠭᠡᠬᠤᠳᠡ ᠪᠡᠭᠡᠵᠢᠩ ᠭᠦᠷᠳᠡᠯ᠎ᠠ | ᠶᠠᠪᠤᠵᠤ ᠲᠦᠰᠢᠶᠡᠲᠦ ᠬᠠᠳᠬᠤᠮᠠᠯ ᠤᠷᠠᠯᠠᠯ ᠢᠶᠠᠨ ᠭᠠᠶᠢᠬᠠᠭᠤᠯᠤᠭᠰᠠᠨ ᠠᠶᠢᠯ ᠤᠨ ᠪᠦᠰᠡᠭᠦᠶᠢᠴᠦᠳ ᠭᠠᠨᠵᠤᠭ᠎ᠠ ᠳᠦᠭᠦᠷᠡᠩ ᠪᠤᠴᠠᠵᠤ ᠶᠠᠪᠤᠨ᠎ᠠ᠃ ᠦᠢᠯᠡ | ᠬᠠᠶᠢᠴᠢ ᠪᠠᠨ ᠤᠷᠭᠢᠭᠠᠳ ᠠᠷᠪᠠ ᠬᠤᠷᠢᠨ ᠵᠢᠯ ᠪᠣᠯᠤᠭᠰᠠᠨ ᠠᠪᠠᠭᠠᠶᠢᠴᠤᠤᠯ ᠤᠲᠠᠰᠤ ᠵᠡᠭᠦᠦ ᠪᠠᠨ ᠰᠦᠪᠡᠯᠡᠨ ᠬᠠᠶᠠᠭᠳᠠᠭᠰᠠᠨ ᠬᠤᠷᠤᠭᠤᠪᠴᠢ ᠪᠠᠨ ᠡᠷᠢᠵᠦ | ᠮᠤᠩᠭᠢᠨᠠᠨ᠎ᠠ᠃ ᠳᠠᠯ᠎ᠠ ᠭᠦᠷᠦᠭᠰᠡᠨ ᠡᠵᠢ ᠮᠢᠨᠢ ᠭᠠᠯ ᠰᠢᠯ ᠵᠡᠭᠦᠵᠦ ᠬᠤᠷᠤᠭᠤᠨ ᠡᠷᠳᠡᠮ ᠢᠶᠠᠨ ᠰᠣᠷᠢᠵᠤ ᠡᠬᠢᠯᠡᠯ᠎ᠡ᠃ ᠣᠶᠣᠳᠠᠯ ᠬᠠᠳᠬᠤᠮᠠᠯ ᠢᠶᠠᠷ ᠶᠠᠳᠠᠭᠤ ᠶᠢ | ᠲᠡᠳᠬᠦᠬᠦ ᠤᠷᠢᠶᠠᠯᠠᠭ᠎ᠠ ᠶᠢ ᠲᠠᠭᠠᠨ ᠴᠤᠤᠷᠢᠶᠠᠲᠤᠵᠤ ᠱᠠᠪᠢ ᠬᠥᠮᠥᠵᠢᠭᠦᠯᠦᠭᠡᠳ ᠶᠠᠭᠠᠷᠠᠤ᠃ ᠮᠠᠰᠢᠨ ᠲᠧᠭᠨᠢᠭ ᠡᠵᠢ ᠶᠢ ᠨᠥᠷᠢ ᠭᠦᠳᠡᠯᠮᠤᠷᠢ ᠠᠴᠠ ᠴᠢᠯᠦᠭᠡᠯᠡᠵᠦ᠂ | ᠠᠵᠢᠯ ᠬᠢᠳᠡᠯ ᠠᠯᠳᠠᠬᠤ ᠳᠤ ᠬᠦᠷᠭᠡᠭᠰᠡᠨ᠂ ᠤᠳᠤ ᠠᠰᠢᠭᠦᠢ ᠰᠠᠶᠢᠨ ᠪᠣᠯᠣᠯ᠎ᠠ᠃ | ᠦᠨᠢᠶ᠎ᠡ ᠲᠤᠭᠤᠯ ᠤᠨ ᠮᠥᠭᠡᠷᠡᠯᠳᠦᠬᠦ ᠲᠠᠭᠤᠨ ᠳᠤ ᠦᠳᠡᠰᠢ ᠶᠢᠨ ᠪᠦᠷᠦᠢ ᠢᠳᠡᠭ ᠢᠳᠡᠭ ᠢᠶᠠᠷ ᠨᠠᠭᠠᠰᠢᠯᠠᠵᠤ ᠰᠡᠭᠦᠳᠡᠷᠰᠢᠭᠰᠡᠨ ᠰᠡᠳᠬᠢᠯ ᠤᠨ ᠬᠠᠶᠠᠭ᠎ᠠ ᠶᠢ | ᠪᠦᠷᠬᠦᠯᠡ᠃ ᠠᠮᠢᠳᠤᠷᠠᠯ ᠤᠨ ᠭᠡᠭᠡᠨ ᠮᠥᠷᠥᠭᠡᠳᠦᠯ ᠭᠦᠷᠳᠡᠯ᠎ᠡ ᠪᠠᠯᠠᠷᠠᠬᠤ ᠬᠠᠷᠠᠩᠭᠤᠢ ᠪᠦᠷᠦᠢ ᠠᠴᠠ ᠡᠮᠦᠨ᠎ᠡ ᠬᠢᠵᠦ ᠭᠦᠢᠴᠡᠳᠬᠡᠬᠦ ᠠᠵᠢᠯ ᠤᠨ ᠥᠷᠢ ᠪᠠᠨ ᠲᠣᠭᠠᠯᠠᠵᠤ | ᠬᠥᠰᠢᠭᠰᠡᠨ ᠰᠡᠳᠬᠢᠯ ᠢᠶᠠᠨ ᠳᠠᠭᠠᠭᠠᠵᠤ ᠶᠠᠳᠠᠨ ᠪᠤᠰᠬᠤ ᠳᠤ ᠲᠡᠭᠷᠢ ᠳᠤ ᠨᠠᠯᠠᠷᠠᠭᠰᠠᠨ ᠲᠤᠯᠤᠩ ᠰᠢᠷᠭᠠᠯᠲᠤᠨ ᠬᠤᠪᠢ ᠶᠢᠨ ᠭᠠᠳᠠᠨ᠎ᠠ ᠭᠤᠶᠣᠮᠰᠤᠭ᠃ | ᠲᠡᠷᠲᠡᠭᠡ ᠬᠥᠲᠥᠯ ᠠᠴᠠ ᠰᠡᠦᠬᠡ ᠮᠠᠰᠢᠨ ᠵᠢᠷᠪᠢᠯᠵᠡᠨ ᠵᠢᠷᠪᠢᠯᠵᠡᠨ ᠲᠠᠷᠢᠶᠠᠨ ᠤ ᠬᠥᠮᠥᠰ ᠭᠡᠷ ᠵᠦᠭ ᠢᠶᠠᠨ ᠣᠪᠣᠨ ᠴᠤᠪᠤᠨ ᠪᠤᠴᠠᠨ᠎ᠠ᠃ ᠡᠨᠡ ᠵᠢᠯ ᠨᠠᠷᠠᠨ | ᠬᠤᠸᠠᠷ ᠤᠨ ᠲᠠᠷᠢᠶ᠎ᠠ ᠢᠯᠡᠳᠲᠡ ᠪᠠᠭᠠᠰᠤᠭᠰᠠᠨ ᠪᠠᠶᠢᠨ᠎ᠠ᠃ ᠬᠡᠳᠦᠨ ᠵᠢᠯ ᠳᠠᠷᠠᠭᠠᠯᠠᠨ ᠨᠠᠷᠠᠨ ᠬᠤᠸᠠᠷ ᠨᠢ ᠨᠠᠮᠤᠷ ᠤᠨ ᠬᠤᠷᠢᠶᠠᠯᠲᠠ ᠶᠢᠨ ᠭᠤᠬ᠎ᠠ ᠦᠵᠦᠭᠦᠷ ᠲᠤ | ᠢᠯᠵᠢᠷᠡᠨ ᠰᠦᠢᠳᠴᠦ᠂ ᠬᠥᠷᠥᠩᠭᠡ ᠮᠥᠩᠭᠦ ᠪᠠᠨ ᠭᠦᠨᠳᠡᠷᠦᠨ ᠥᠷᠢ ᠰᠢᠷᠢ ᠳᠤ ᠪᠠᠷᠢᠯᠳᠤᠭᠰᠠᠨ ᠨᠤᠲᠤᠭ ᠤᠨ ᠠᠬ᠎ᠠ ᠳᠡᠭᠦᠦ ᠨᠠᠷ ᠡᠷᠳᠡᠨᠢ ᠰᠢᠰᠢ᠂ ᠰᠢᠷ᠎ᠠ ᠪᠤᠷᠴᠠᠭ | ᠭᠤᠣᠯᠳᠠᠭᠤ ᠲᠠᠷᠢᠯ᠎ᠠ᠃ ᠬᠤᠷᠢᠶᠠᠯᠲᠠ ᠶᠢᠨ ᠰᠠᠶᠢᠬᠠᠨ ᠳᠠᠭᠠᠨ ᠰᠣᠭᠲᠣᠭᠤᠷᠠᠭᠰᠠᠨ ᠬᠥᠮᠥᠰ ᠠᠴᠠ ᠠᠵᠠ ᠵᠢᠷᠭᠠᠯ ᠤᠨ ᠦᠨᠦᠷ ᠬᠠᠩᠬᠤᠯᠤᠨ᠎ᠠ᠃ ᠵᠢᠷᠭᠠᠯ ᠤᠨ | ᠢᠨᠢᠶᠡᠳᠦ ᠠᠴᠠ ᠲᠤᠭᠤᠯᠳᠠᠬᠤ ᠴᠠᠯᠭᠢᠶᠠᠨ ᠡᠬᠡ ᠭᠠᠵᠠᠷ ᠤᠨ ᠠᠭᠤᠷ ᠢᠶᠠᠷ ᠲᠠᠮᠵᠢᠨ ᠨᠠᠮᠠᠶᠢ ᠢᠯᠪᠢᠵᠦ ᠪᠠᠶᠢᠯ᠎ᠠ᠃ | ᠥᠪᠡᠷ ᠢ ᠪᠠᠨ ᠤᠷᠭᠤᠬᠤ ᠤᠯᠠᠭᠠᠨ ᠨᠠᠷᠠᠨ ᠢᠶᠠᠷ ᠴᠡᠨᠡᠭᠯᠡᠵᠦ ᠦᠷ ᠤᠨ ᠬᠢᠷᠠᠭᠤ ᠠᠴᠠ ᠬᠠᠷᠠᠮᠨᠠᠵᠤ ᠭᠡᠷ ᠵᠦᠭ ᠢᠶᠠᠨ ᠡᠷᠭᠢᠬᠦ ᠳᠤ ᠳ᠋ᠧᠩ ᠤᠨ ᠭᠡᠷᠡᠯ | ᠥᠭᠡᠳᠡ ᠠᠴᠠ ᠣᠴᠢᠯᠠᠨᠠ᠃ ᠲᠦᠷᠦᠭᠰᠡᠨ ᠭᠠᠷᠤᠭᠰᠠᠨ ᠭᠠᠵᠠᠷ ᠠᠴᠠ ᠪᠠᠨ ᠬᠠᠶᠢᠷ᠎ᠠ ᠶᠢᠨ ᠢᠯᠴᠢ ᠤᠭᠤᠭᠢᠭᠤᠯᠵᠤ ᠶᠡᠭᠡ ᠦᠢᠯᠡᠰ ᠤᠨ ᠲᠦᠷᠦᠭᠡ ᠭᠢᠰᠬᠢᠨ | ᠥᠨᠳᠡᠶᠢᠬᠦ ᠳᠤ ᠨᠤᠲᠤᠭ ᠤᠰᠤᠨ ᠤ ᠮᠠᠨᠢ ᠪᠤᠭᠤᠷᠤᠯᠴᠤᠳ ︽ᠦᠢᠯᠡᠰ ᠤᠨ ᠰᠠᠶᠢᠬᠠᠨ ᠳᠠᠭᠠᠨ ᠵᠢᠷᠭᠠᠭᠠᠷᠠᠢ︕︾ ᠭᠡᠵᠦ ᠰᠠᠴᠤᠯᠢ ᠡᠷᠭᠦᠨ ᠰᠢᠪᠡᠨᠡᠩᠬᠡᠨ ᠪᠠᠶᠢᠪᠠ᠃ | | | |