ᠵᠤᠰᠠᠯᠠᠩ ᠤᠨ ᠨᠣᠭᠤᠭᠠᠨ ᠲᠡᠨᠵᠢ
ᠨᠡᠶᠢᠲᠡᠯᠡᠭᠰᠡᠨ ᠴᠠᠭ᠄
2025/2/12
       ᠭᠤᠷᠪᠠᠨ ᠵᠢᠯ ᠭᠠᠩᠳᠠᠭᠰᠠᠨ ᠨᠤᠲᠤᠭ ᠲᠤ ᠮᠢᠨᠢ ᠨᠠᠮᠤᠷ ᠤᠨ ᠠᠭᠤᠷ ᠤᠨ ᠪᠣᠯᠵᠤᠭ᠎ᠠ ᠪᠠᠷ ᠬᠤᠷ᠎ᠠ ᠪᠣᠷᠤᠭ᠎ᠠ ᠱᠠᠭᠢᠵᠤ᠂ ᠮᠠᠯᠴᠢᠨ ᠲᠦᠮᠡᠨ ᠤ ᠮᠠᠩᠨᠠᠢ ᠲᠡᠨᠢᠢᠯ᠎ᠡ᠃ ᠬᠤᠷ᠎ᠠ ᠶᠢᠨ ᠰᠢᠮ᠎ᠡ ᠪᠠᠷ ᠤᠮᠳᠠᠯᠠᠭᠳᠠᠭᠰᠠᠨ ᠵᠦᠢᠯ ᠪᠦᠷᠢ ᠶᠢᠨ ᠤᠷᠭᠤᠮᠠᠯ ᠤᠳ ᠰᠤᠭᠤᠷᠠᠵᠤ ᠪᠠᠶᠢᠨ᠎ᠠ ᠤᠤ ᠭᠡᠯᠲᠡᠢ ᠰᠠᠭᠰᠠᠶᠢᠨ ᠪᠠᠭᠰᠠᠶᠢᠨ ᠤᠷᠭᠤᠭᠠᠳ ᠬᠠᠰᠢᠶ᠎ᠠ  ᠬᠤᠷᠣᠭᠠᠨ ᠳᠤ ᠲᠡᠵᠢᠭᠡᠭᠳᠡᠨ ᠨᠤᠤᠬᠠᠨ ᠨᠢᠳᠦᠯᠡᠵᠦ ᠪᠠᠶᠢᠭᠰᠠᠨ ᠮᠠᠯ ᠰᠦᠷᠦᠭ ᠤᠳ ᠥᠳᠬᠡᠨ ᠰᠠᠬᠤᠯᠢᠭ ᠪᠡᠯᠴᠢᠭᠡᠷ ᠳᠡᠭᠡᠷ᠎ᠡ ᠴᠡᠪᠡᠷ ᠠᠭᠠᠷ ᠠᠮᠢᠰᠬᠤᠯᠯᠠᠨ ᠲᠠᠪᠠᠲᠠᠢ  ᠢᠳᠡᠰᠢᠯᠡᠨ᠎ᠡ᠃        ᠰᠢᠨ᠎ᠡ ᠲᠤᠮᠳᠠᠳᠤ ᠤᠯᠤᠰ ᠪᠠᠶᠢᠭᠤᠯᠤᠭᠳᠠᠭᠰᠠᠨ 75 ᠵᠢᠯ ᠤᠨ ᠤᠢ ᠶᠢ ᠪᠠᠶᠠᠷᠯᠠᠨ ᠪᠡᠯᠭᠡᠯᠡᠵᠦ᠂ ᠶᠡᠷᠦᠩᠬᠡᠢ ᠱᠦᠵᠢ ᠰᠢ ᠶᠢᠨ ᠫᠢᠩ ᠤᠨ ︽ᠮᠣᠩᠭᠤᠯ  ᠮᠣᠷᠢᠨ ᠤ ᠵᠣᠷᠢᠭ ᠰᠠᠨᠠᠭ᠎ᠠ︾᠎ ᠶᠢ  ᠭᠦᠨᠵᠡᠭᠡᠢ ᠲᠤᠭᠤᠰᠢᠯᠠᠭᠤᠯᠬᠤ ᠪᠠᠷ ᠮᠠᠨ ᠤ ᠪᠣᠷᠪᠢ ᠭᠠᠴᠠᠭᠠᠨ ᠠᠴᠠ ︽ᠮᠣᠷᠢᠲᠠᠢ ᠠᠶᠠᠯᠠᠯ︾ ᠨᠡᠷᠡᠮᠵᠢᠳᠦ ᠠᠳᠤᠭᠤᠨ ᠰᠣᠶᠣᠯ ᠤᠨ  ᠨᠠᠶᠢᠷ ᠢ ᠨᠢᠵᠢᠭᠢᠷ ᠰᠠᠶᠢᠬᠠᠨ ᠵᠣᠬᠢᠶᠠᠨ ᠪᠠᠶᠢᠭᠤᠯᠤᠯ᠎ᠠ᠃        ᠵᠤᠰᠠᠯᠠᠩ ᠤᠨ ᠮᠢᠨᠢ ᠪᠠᠷᠠᠭᠤᠨᠳᠡᠬᠢ ᠨᠣᠮᠢᠨ ᠨᠣᠭᠤᠭᠠᠨ ᠲᠡᠨᠵᠢᠨ ᠳᠡᠭᠡᠷ᠎ᠡ ᠶᠠᠩᠵᠤ ᠶᠠᠩᠵᠤ ᠶᠢᠨ ᠲᠡᠷᠭᠡ ᠮᠠᠰᠢᠨ ᠡᠩᠨᠡᠷᠡᠨ᠂ ᠥᠩᠭᠡ ᠥᠩᠭᠡ ᠶᠢᠨ  ᠲᠡᠷᠯᠢᠭ ᠢᠶᠠᠷ ᠭᠤᠶᠣᠭᠰᠠᠨ ᠨᠠᠭᠠᠳᠤᠮᠴᠢᠳ ᠭᠠᠷ ᠠᠳᠬᠤᠯᠴᠠᠨ ᠮᠡᠨᠳᠦᠯᠡᠯᠴᠡᠵᠦ᠂ ᠴᠠᠭ ᠤᠨ ᠤᠷᠤᠰᠬᠠᠯ᠂ ᠨᠡᠶᠢᠭᠡᠮ ᠤᠨ ᠬᠥᠭᠵᠢᠯᠲᠡ ᠶᠢ ᠱᠠᠭᠰᠢᠨ ᠪᠢᠰᠢᠷᠡᠨ  ᠮᠠᠭᠲᠠᠵᠠᠭᠠᠨ᠎ᠠ᠃        ᠤᠷᠳᠤ ᠤᠷᠳᠤ ᠵᠡᠯᠡᠨ ᠳᠡᠭᠡᠷ᠎ᠡ ᠪᠠᠷᠠᠭᠠᠨ ᠭᠤᠣᠯᠲᠠᠢ ᠮᠣᠷᠢᠳ ᠲᠡᠪᠬᠡᠶᠢᠵᠦ᠂ ᠥᠩᠭᠡᠲᠦ ᠲᠡᠷᠯᠢᠭ ᠤᠨ ᠡᠩᠭᠡᠷ ᠵᠠᠶᠢᠳᠠᠭᠠᠶᠢᠯᠠᠬᠰᠠᠨ ᠠᠳᠤᠭᠤᠴᠢᠳ ᠲᠠᠷᠭᠤᠨ  ᠠᠭᠲᠠ ᠶᠢᠨ ᠨᠢᠷᠤᠭᠤᠨ ᠳᠡᠭᠡᠷ᠎ᠡ ᠲᠠᠰᠢᠶᠠᠯᠳᠤᠨ ᠰᠠᠭᠤᠭᠠᠳ ᠴᠢᠯᠦᠭᠡᠲᠡᠢ ᠳᠠᠪᠬᠢᠯᠳᠤᠬᠤ ᠨᠢ ᠳᠡᠪᠡᠷᠡᠭᠦᠨ ᠪᠥᠭᠡᠳ ᠴᠣᠭᠯᠢᠭ᠃        ᠡᠷ᠎ᠡ ᠶᠢᠨ ᠭᠤᠷᠪᠠᠨ ᠨᠠᠭᠠᠳᠤᠮ ᠠᠴᠠ ᠥᠭᠰᠥᠭᠦᠯᠦᠭᠡᠳ ᠮᠣᠷᠢᠨ ᠤ ᠠᠯᠬᠤᠭ᠎ᠠ ᠤᠷᠤᠯᠳᠤᠭᠠᠨ᠂ ᠠᠳᠤᠭᠤᠨ ᠤ ᠵᠠᠰᠠᠯ ᠲᠣᠨᠣᠭᠯᠠᠯ ᠤᠨ ᠠᠳᠠᠯᠢᠳᠬᠠᠯ᠂ ᠴᠢᠳᠦᠷ  ᠨᠣᠭᠲᠣ ᠵᠠᠩᠭᠢᠳᠬᠤ᠂ ᠡᠮᠡᠭᠡᠯ ᠲᠥᠬᠦᠭᠡᠷᠬᠦ᠂ ᠡᠮᠨᠢᠭ ᠰᠤᠷᠭᠠᠬᠤ᠂ ᠬᠢᠯᠭᠠᠰᠤ ᠲᠠᠮᠤᠬᠤ ᠁ ᠭᠡᠳ ᠪᠢᠰᠢᠭᠦᠢ ᠠᠷᠪᠢᠨ ᠠᠳᠤᠭᠤᠨ ᠰᠣᠶᠣᠯ ᠳᠤ ᠬᠤᠯᠪᠣᠭᠳᠠᠭᠰᠠᠨ  ᠤᠷᠤᠯᠳᠤᠭᠠᠨ ᠮᠥᠷᠥᠶᠢᠴᠡᠭᠡᠨ ᠢ ᠥᠷᠨᠢᠭᠦᠯᠦᠨ ᠡᠳᠦᠢ ᠲᠡᠳᠦᠢ ᠣᠷᠣᠯᠴᠠᠭᠰᠠᠳ ᠤᠨ ᠡᠩᠭᠡᠷ ᠢ ᠮᠢᠯᠢᠶᠠᠪᠠ᠃        ᠭᠡᠭᠦᠦ ᠢᠪᠡᠭᠡᠬᠦ ᠨᠠᠷᠠᠨ ᠢᠶᠠᠷ ᠠᠷᠠᠳ ᠤᠨ  ᠲᠠᠭᠤᠴᠢᠳ ᠤᠨ ᠮᠥᠷᠥᠶᠢᠴᠡᠭᠡᠨ᠂ ᠤᠯᠠᠭᠠᠨᠮᠥ᠋ᠴᠢᠷ ᠤᠨ ᠲᠤᠬᠯᠠᠯᠳᠠ ᠪᠠᠷ ᠬᠥᠭᠵᠢᠯᠳᠦᠨ ᠪᠠᠶᠠᠰᠤᠯᠴᠠᠵᠤ᠂ ᠠᠭᠤᠤ  ᠶᠡᠭᠡ ᠰᠢᠨ᠎ᠡ ᠲᠤᠮᠳᠠᠳᠤ ᠤᠯᠤᠰ ᠤᠨ ᠢᠶᠠᠨ 75 ᠵᠢᠯ`᠎ ᠶᠢᠨ ᠤᠢ ᠶᠢᠨ ᠪᠠᠶᠠᠷ ᠢ ᠢᠯᠭᠤᠮ ᠤᠷᠤᠭᠰᠢᠲᠠᠢ ᠪᠡᠯᠭᠡᠯᠡᠨ ᠤᠳᠬ᠎ᠠ ᠲᠡᠭᠦᠯᠳᠡᠷ ᠥᠨᠳᠥᠷᠯᠡᠯ᠎ᠡ᠃        ︽ᠵᠤᠰᠠᠯᠠᠩ ᠤᠨ ᠨᠣᠭᠤᠭᠠᠨ ᠲᠡᠨᠵᠢᠨ ᠳᠡᠭᠡᠷ᠎ᠡ ᠭᠠᠴᠠᠭᠠᠨ ᠤ ᠪᠠᠨ ᠵᠣᠬᠢᠶᠠᠨ ᠪᠠᠶᠢᠭᠤᠯᠤᠯᠲᠠ ᠪᠠᠷ ᠤᠯᠤᠰ ᠣᠷᠣᠨ ᠤ ᠪᠠᠨ ᠪᠠᠰᠠ ᠨᠢᠭᠡᠨ ᠪᠠᠶᠠᠷ  ᠳᠤᠷᠠᠰᠬᠠᠯ ᠤᠨ ᠡᠳᠦᠷ ᠢ ᠲᠡᠮᠳᠡᠭᠯᠡᠯ᠎ᠡ ᠳ᠋ᠠ︕︾ ᠭᠡᠵᠦ ᠬᠥᠭᠡᠷᠦᠨ ᠲᠤᠬᠳᠤᠯᠤᠬᠰᠠᠨ ᠮᠢᠨᠤ ᠰᠡᠳᠬᠢᠯ ᠳᠤ ᠪᠠᠭ᠎ᠠ ᠶᠢᠨ ᠳᠤᠷᠠᠰᠤᠮᠵᠢ ᠭᠦᠪᠦᠷᠡᠪᠡ᠃        ᠮᠠᠨ ᠤ ᠪᠠᠷᠢᠭᠠᠳᠠ ᠠᠳᠤᠭᠤ ᠤᠯᠠᠨ ᠲᠠᠢ ᠪᠣᠯᠬᠤᠷ ᠮᠠᠨ ᠤ ᠵᠤᠰᠠᠯᠠᠩ ᠤᠨ ᠲᠡᠨᠵᠢᠨ ᠳᠡᠭᠡᠷ᠎ᠡ ᠶᠡᠷᠦᠨᠢ ᠵᠢᠯ ᠪᠦᠷᠢ ᠬᠥᠳᠡᠯᠮᠦᠷᠢᠴᠢᠨ ᠡᠮᠡᠭᠲᠡᠶᠢᠴᠦᠳ ᠤᠨ  ᠪᠠᠶᠠᠷ᠂ ᠬᠥᠳᠡᠯᠮᠦᠷᠢᠴᠢᠳ ᠤᠨ ᠪᠠᠶᠠᠷ᠂ ᠨᠠᠮ ᠪᠠᠶᠢᠭᠤᠯᠤᠭᠳᠠᠭᠰᠠᠨ ᠪᠠᠶᠠᠷ᠂ ᠤᠯᠤᠰ ᠪᠠᠶᠢᠭᠤᠯᠤᠭᠳᠠᠭᠰᠠᠨ ᠪᠠᠶᠠᠷ ᠵᠡᠷᠭᠡ ᠶᠢ ᠪᠡᠯᠭᠡᠯᠡᠭᠰᠡᠨ᠂ ᠠᠳᠤᠭᠤᠨ ᠰᠣᠶᠣᠯ ᠳᠤ  ᠬᠤᠯᠪᠣᠭᠳᠠᠭᠰᠠᠨ ᠤᠯᠠᠨ ᠵᠦᠢᠯ ᠤᠨ ᠠᠵᠢᠯᠯᠠᠭᠠᠨ ᠢ ᠥᠷᠭᠡᠨ ᠳᠡᠯᠭᠡᠷ ᠥᠷᠨᠢᠭᠦᠯᠳᠡᠭ᠃ ᠠᠳᠤᠭᠤᠨ ᠳᠡᠯᠯᠡᠭᠡᠨ ᠳᠤ ᠵᠠᠳᠠᠭᠠᠢ ᠨᠣᠭᠲᠣ ᠭᠠᠨᠵᠤᠭᠠᠯᠠᠨ᠂ ᠤᠷᠳᠤ ᠤᠷᠭ᠎ᠠ ᠨᠠᠬᠢᠯᠵᠠᠭᠤᠯᠤᠭᠰᠠᠨ ᠬᠡᠶᠢᠮᠣᠷᠢ ᠵᠢᠪᠬᠤᠭ᠎ᠠ ᠲᠠᠢ ᠠᠳᠤᠭᠤᠴᠢᠳ ᠵᠦᠭ ᠵᠦᠭ ᠠᠴᠠ  ᠬᠤᠷᠠᠨ ᠴᠤᠭᠯᠠᠵᠤ᠂ ᠣᠷᠤᠭ᠎ᠠ ᠤᠷᠭᠠᠯᠠᠨ᠂ ᠡᠮᠨᠢᠭ ᠵᠠᠶᠢᠳᠠᠯᠠᠵᠤ ᠁ ᠡᠷ᠎ᠡ ᠴᠢᠳᠠᠯ᠂ ᠵᠠᠯᠠᠭᠤ ᠨᠠᠰᠤ ᠪᠠᠷ ᠢᠶᠠᠨ ᠭᠠᠩᠭᠠᠷᠠᠨ᠎ᠠ᠃ ᠬᠡᠦᠬᠡᠳ ᠪᠠᠭᠠᠴᠤᠳ ᠲᠦᠯᠡᠭᠡ  ᠲᠦᠯᠡᠰᠢ ᠣᠶᠢᠷᠠᠲᠤᠭᠤᠯᠤᠨ᠂ ᠬᠥᠭᠰᠢᠳ ᠨᠠᠰᠤᠲᠠᠶᠢᠴᠤᠳ ᠭᠠᠯ ᠲᠦᠯᠡᠵᠦ ᠲᠠᠮᠠᠭ᠎ᠠ ᠤᠯᠠᠶᠢᠰᠬᠠᠨ ᠬᠠᠮ ᠲᠡᠮ ᠪᠤᠯᠵᠠᠭᠠᠨ᠎ᠠ᠃ ᠬᠠᠰᠢᠷ ᠲᠤᠷᠰᠢᠯᠭ᠎ᠠ ᠲᠠᠢ ᠠᠬᠠᠮᠠᠳ  ᠲᠣᠮᠣᠭᠠᠲᠠᠳ ᠨᠢ ᠲᠠᠭ᠎ᠠ ᠲᠠᠮᠠᠭᠠᠯᠠᠵᠤ᠂ ᠦᠷᠢᠶ᠎ᠡ ᠬᠠᠭᠠᠷᠢᠨ᠂ ᠭᠠᠷ ᠤᠨ ᠮᠡᠷᠭᠡᠵᠢᠯ ᠢᠶᠠᠨ ᠵᠠᠯᠭᠠᠮᠵᠢ ᠦᠶ᠎ᠡ ᠳᠡᠭᠡᠨ ᠤᠯᠠᠮᠵᠢᠯᠠᠨ᠎ᠠ᠃        ᠮᠠᠨ ᠤ ᠨᠤᠲᠤᠭ ᠲᠤ ᠨᠠᠰᠤ ᠪᠡᠶ᠎ᠡ ᠭᠦᠢᠴᠡᠭᠰᠡᠨ ᠯᠤᠵᠢᠷ ᠪᠦᠳᠦᠭᠦᠨ ᠱᠠᠷ ᠤᠨ ᠰᠢᠷᠢ ᠶᠢ ᠡᠯᠳᠡᠵᠦ ᠲᠠᠯᠬᠢᠳᠠᠨ᠂ ᠪᠢᠲᠡᠭᠦᠦ ᠵᠦᠰᠦᠵᠦ ᠵᠠᠩᠭᠢᠳᠤᠭᠰᠠᠨ ᠵᠠᠳᠠᠭᠠᠢ  ᠰᠤᠷ ᠨᠣᠭᠲᠣ ᠶᠢ ᠣᠷᠤᠭ᠎ᠠ ᠬᠠᠩᠭᠠᠯ ᠠᠭᠲᠠ ᠶᠢᠨ ᠲᠣᠯᠣᠭᠠᠢ ᠳᠤ ᠱᠠᠪᠬᠢᠲᠡᠯ᠎ᠡ ᠣᠷᠣᠭᠤᠯᠵᠤ᠂ ᠲᠠᠰᠬᠢᠲᠡᠯ᠎ᠡ ᠳᠤᠭᠲᠤᠷᠤᠨ ᠲᠣᠭᠲᠠᠭᠠᠳᠠᠭ ᠪᠢᠷ᠎ᠠ ᠲᠡᠩᠬᠡᠭᠡ ᠲᠠᠢ  ᠭᠠᠷᠮᠠᠭᠠᠢ ᠪᠦᠰᠡᠭᠦᠶᠢᠴᠦᠳ ᠪᠢᠰᠢᠭᠦᠢ ᠪᠠᠶᠢᠳᠠᠭ ᠤᠨ ᠳᠤᠮᠳᠠ ᠮᠠᠨ ᠤ ᠭᠠᠴᠠᠭᠠᠨ ᠤ ᠪᠠᠳᠮ᠎ᠠ ᠡᠭᠡᠴᠢ ᠠᠳᠤᠭᠤᠨ ᠤ ᠲᠣᠯᠣᠭᠠᠢ ᠶᠢ ᠠᠯᠳᠠᠨ᠎ᠠ ᠭᠡᠵᠦ ᠦᠭᠡᠢ᠃  ᠣᠨᠣᠭᠰᠠᠨ ᠮᠣᠷᠢ ᠨᠢ ᠡᠵᠡᠨ ᠤ ᠪᠠᠨ ᠰᠠᠨᠠᠭᠠᠨ ᠠᠴᠠ ᠭᠠᠵᠢᠨ᠎ᠠ ᠭᠡᠵᠦ ᠦᠭᠡᠢ᠃ ︽ᠵᠠ᠂ ᠬᠤᠶᠠᠭᠤᠯᠠ ᠪᠠᠨ ᠲᠡᠷᠡ ᠮᠣᠷᠢ ᠶᠢ ᠨᠣᠭᠲᠣᠯᠠᠨ᠎ᠠ ᠰᠢᠤ︕︾ ᠭᠡᠵᠦ ᠴᠢᠬᠢᠨ᠋ ᠳᠤᠨᠢ ᠰᠢᠪᠡᠨᠡᠭᠰᠡᠨ ᠤᠤ ᠭᠡᠯᠲᠡᠢ᠃ ᠪᠠᠷᠢᠬᠤ ᠭᠡᠰᠡᠨ ᠠᠳᠤᠭᠤᠨ ᠤ ᠬᠢᠨᠢ ᠳᠡᠷᠭᠡᠳᠡ ᠬᠡᠳᠦᠬᠡᠨ ᠬᠠᠷᠠᠶᠢᠵᠤ ᠭᠦᠢᠴᠡᠭᠡᠳ ᠵᠥᠪ ᠲᠠᠯ᠎ᠠ ᠳᠤᠨᠢ ᠵᠡᠭᠦᠭᠳᠡᠨ᠎ᠡ᠃ ᠡᠵᠡᠨ ᠤ ᠬᠢᠨᠢ  ᠬᠠᠶᠠᠭᠰᠠᠨ ᠨᠣᠭᠲᠣ ᠣᠷᠤᠭ᠎ᠠ ᠠᠳᠤᠭᠤᠨ ᠤ ᠲᠣᠯᠣᠭᠠᠢ ᠳᠤ ᠣᠷᠣᠩᠭᠤᠲᠠ ᠬᠤᠷᠳᠤᠴᠠ ᠪᠠᠨ ᠰᠠᠭᠠᠷᠠᠭᠤᠯᠤᠨ ᠡᠵᠡᠨ ᠳᠡᠭᠡᠨ ᠲᠡᠮ ᠥᠭᠬᠦ ᠨᠢ ᠪᠠᠭ᠋ᠠᠷᠬᠠᠯᠲᠠᠢ᠃  ᠪᠠᠳᠮ᠎ᠠ ᠡᠭᠡᠴᠢ ᠤᠷᠭ᠎ᠠ ᠶᠢᠨ ᠮᠣᠷᠢ ᠪᠠᠨ ᠳᠠᠪᠢᠷᠠᠨ ᠥᠨᠳᠡᠯᠵᠡᠬᠦ ᠡᠷᠡᠴᠦᠦᠯ ᠤᠨ ᠤᠷᠳᠤᠭᠤᠷ ᠲᠠᠭᠠᠷᠢᠵᠤ ᠣᠷᠣᠭᠠᠳ᠂ ᠵᠠᠳᠠᠭᠠᠢ ᠨᠣᠭᠲᠣ ᠰᠢᠳᠠᠨ ᠭᠠᠭᠴᠠ  ᠳᠤᠭᠲᠤᠷᠤᠨ ᠡᠷᠭᠢᠭᠦᠯᠬᠦ ᠳᠤ ᠬᠠᠷᠠᠭᠰᠠᠨ ᠪᠦᠭᠦᠨ ᠤᠤᠬᠠᠢ ᠬᠠᠰᠬᠢᠷᠤᠨ ᠠᠯᠠᠭ᠎ᠠ ᠨᠢᠵᠢᠭᠢᠨᠡᠭᠦᠯᠦᠨ᠎ᠡ᠃ ᠠᠳᠤᠭᠤᠨ ᠳᠡᠯᠯᠡᠭᠡᠨ ᠳᠡᠭᠡᠷ᠎ᠡ ᠪᠠᠳᠮ᠎ᠠ ᠡᠭᠡᠴᠢ ᠶᠢ ᠬᠠᠷᠠᠭᠰᠠᠨ  ᠡᠷᠡᠴᠦᠦᠯ ᠤᠨ ᠵᠠᠷᠢᠮ ᠨᠢ ᠤᠯᠠᠮ ᠬᠢᠨᠠᠭᠤᠷ ᠯᠠᠪᠳᠠᠭᠤᠨ ᠪᠤᠯᠳᠠᠭ ᠪᠣᠯ ᠬᠠᠷᠢᠨ ᠵᠠᠷᠢᠮ ᠨᠢ ᠪᠡᠶ᠎ᠡ ᠪᠠᠨ ᠮᠡᠳᠡᠨ ᠬᠤᠯᠠᠭᠤᠷ ᠲᠠᠶᠠᠯᠠᠨ᠎ᠠ᠃       ᠪᠤᠷᠭᠠᠰᠤᠨ ᠮᠣᠷᠢᠨ ᠠᠴᠠ ᠪᠠᠨ ᠪᠠᠭᠤᠭ᠎ᠠ ᠦᠭᠡᠢ ᠪᠢ ᠭᠦᠷᠳᠡᠯ᠎ᠡ ᠪᠠᠳᠮ᠎ᠠ ᠡᠭᠡᠴᠢ ᠰᠢᠭ ᠭᠠᠷᠮᠠᠭᠠᠢ ᠨᠤᠬᠳᠤᠴᠢᠨ ᠪᠤᠯᠬᠤ ᠪᠠᠷ ᠮᠠᠯ ᠤᠨ ᠪᠡᠯᠴᠢᠭᠡᠷ ᠲᠤ  ᠬᠤᠨᠢᠨ ᠤ ᠬᠦᠵᠦᠭᠦᠨ ᠳᠤ ︽ᠳᠡᠭᠡᠰᠦ ᠵᠡᠭᠦᠯᠭᠡᠨ︾ ᠬᠥᠭᠯᠡᠵᠦ ᠶᠠᠪᠤᠭᠰᠠᠨ ᠢᠶᠠᠨ ᠡᠷᠭᠢᠨ ᠳᠤᠷᠠᠰᠬᠤ ᠳᠤ ᠢᠨᠢᠶᠡᠳᠦᠮᠲᠡᠢ ᠯᠠ ᠪᠠᠶᠢᠳᠠᠭ᠃       ︽ᠬᠥᠳᠡᠯᠮᠦᠷᠢᠯᠡᠭᠰᠡᠨ ᠬᠥᠮᠥᠨ ᠳᠤ ᠬᠦᠨᠡᠰᠦ ᠬᠡᠷᠡᠭᠲᠡᠢ︾ ᠭᠡᠳ ᠮᠠᠨ ᠤ ᠪᠠᠷᠢᠭᠠᠳᠠ ᠶᠢᠨ ᠳᠠᠷᠤᠭ᠎ᠠ ᠶᠠᠮᠠᠷ ᠨᠢᠭᠡᠨ ᠬᠠᠮᠲᠤ ᠶᠢᠨ ᠬᠥᠳᠡᠯᠭᠡᠭᠡᠨ ᠳᠡᠭᠡᠷ᠎ᠡ ᠬᠤᠨᠢ  ᠮᠠᠯ ᠭᠠᠷᠭᠠᠵᠤ᠂ ᠡᠯᠪᠡᠭ ᠳᠡᠯᠪᠡᠭ ᠢᠳᠡᠭᠦᠯᠵᠦ ᠤᠤᠭᠤᠯᠭᠠᠨ᠂ ᠴᠠᠭ ᠡᠷᠢᠨ ᠳᠡᠭᠡᠨ ᠲᠣᠬᠢᠷᠠᠭᠰᠠᠨ ᠨᠠᠭᠠᠳᠤᠮ ᠲᠣᠭᠯᠠᠭᠠᠮ ᠡᠭᠦᠰᠬᠡᠳᠡᠭ᠃        ᠠᠳᠤᠭᠤᠴᠢᠳ ᠢᠰᠡᠭᠡᠢ ᠬᠤᠷᠮᠤᠰᠤ ᠳᠡᠪᠢᠰᠦᠨ ᠲᠣᠭᠤᠷᠢᠵᠤ ᠰᠠᠭᠤᠭᠠᠳ ᠣᠷᠤᠭ᠎ᠠ ᠲᠠᠭᠤᠳᠠᠭ ᠤᠷᠭ᠎ᠠ ᠶᠢᠨ ᠮᠣᠷᠢ᠂ ᠤᠨᠤᠭᠠᠨ ᠳᠤ ᠲᠣᠭᠲᠠᠳᠠᠭ ᠰᠠᠶᠢᠨ  ᠡᠷ᠎ᠡ᠂ ᠭᠠᠷᠮᠠᠭᠠᠢ ᠤᠷᠭᠠᠴᠢᠨ᠂ ᠱᠠᠯᠠᠮᠠᠭᠠᠢ ᠨᠤᠬᠳᠤᠴᠢᠨ᠂ ᠠᠷᠭᠤᠮᠠᠭ ᠭᠦᠯᠦᠭ ᠁ ᠭᠡᠳ ᠰᠣᠨᠣᠰᠤᠭᠠᠳ ᠰᠣᠨᠣᠰᠤᠭᠠᠳ ᠬᠠᠨᠤᠬᠤ ᠪᠠᠷ ᠦᠭᠡᠢ ᠤᠯᠠᠨ ᠰᠠᠶᠢᠬᠠᠨ  ᠦᠯᠢᠭᠡᠷ ᠲᠤᠮᠤᠭ ᠤᠳ ᠢ ᠬᠠᠭᠤᠴᠢᠯᠠᠨ᠂ ᠦᠭᠡᠨ ᠳᠤ ᠳᠤᠷᠠᠲᠠᠢ ᠨᠠᠮ᠎ᠠ ᠶᠢ ᠠᠮᠠᠨ ᠳᠠᠭᠠᠨ ᠤᠷᠤᠭᠤᠯᠬᠤ ᠠᠯᠳᠠᠨ᠎ᠠ᠃ ᠲᠡᠭᠡᠲᠡᠯ᠎ᠡ ᠬᠡᠨ ᠨᠢᠭᠡ ᠨᠢ᠄ ︽ᠮᠢᠷᠠᠯᠵᠠᠨ ᠴᠡᠴᠡᠭᠯᠡᠭᠰᠡᠨ ᠰᠠᠷᠠᠭᠤᠯ ᠲᠠᠯ᠎ᠠ ᠳᠤ ᠮᠠᠨᠳᠤᠭᠰᠠᠨ ᠨᠠᠷᠠ ᠨᠢ ᠭᠡᠶᠢᠭᠦᠯᠦᠨ᠎ᠡ ᠳ᠋ᠡ ᠭᠦ᠋ ᠁︾ ᠬᠡᠮᠡᠨ ︽ᠨᠢᠭᠡᠳᠦᠯ ᠤᠨ ᠠᠳᠤᠭᠤᠴᠢᠨ︾ ᠭᠡᠬᠦ ᠴᠣᠭᠯᠢᠭ ᠠᠶ᠎ᠠ ᠲᠠᠢ ᠰᠠᠶᠢᠬᠠᠨ ᠳᠠᠭᠤᠤ ᠶᠢ ᠡᠬᠢᠯᠡᠭᠦᠯᠬᠦ ᠳᠤ᠂  ᠪᠤᠰᠤᠳ ᠨᠢ ᠡᠯᠭᠦᠵᠦ ᠠᠪᠤᠭᠠᠳ᠄ ᠁ ᠰᠠᠯᠬᠢ ᠲᠠᠲᠠᠭᠰᠠᠨ ᠬᠡᠭᠡᠷ ᠤᠨ ᠮᠢᠨᠢ ᠶᠠᠪᠤᠳᠠᠯ ᠰᠠᠷ᠎ᠠ ᠪᠠᠷ ᠳᠠᠪᠬᠢᠪᠠᠴᠤ ᠵᠤᠬᠰᠤᠬᠤ ᠦᠭᠡᠢ ᠶᠠ ᠭᠦ᠋ ᠰᠠᠴᠤᠷᠠᠨ ᠮᠠᠨᠳᠤᠭᠰᠠᠨ ᠡᠬᠡ ᠣᠷᠣᠨ ᠤ ᠪᠠᠨ ᠲᠥᠯᠥᠭᠡ ᠨᠠᠰᠤ ᠪᠠᠷ ᠢᠶᠠᠨ ᠵᠢᠳᠬᠦᠪᠡᠴᠦ ᠬᠠᠨᠤᠬᠤ ᠦᠭᠡᠢ ᠳ᠋ᠧ ᠭᠦ᠋︾ ᠬᠡᠮᠡᠨ ᠤᠶᠠᠩᠭᠠᠲᠤ ᠳᠠᠭᠤᠤ ᠶᠢ ᠬᠠᠩᠭᠢᠨᠠᠲᠠᠯ᠎ᠠ ᠳᠠᠭᠤᠯᠠᠵᠠᠭᠠᠨ᠂ ᠵᠤᠰᠠᠯᠠᠩ ᠤᠨ ᠮᠢᠨᠢ ᠨᠣᠭᠤᠭᠠᠨ  ᠲᠡᠨᠵᠢ ᠶᠢ ᠬᠤᠲᠣᠯᠵᠠᠭᠤᠯᠤᠨ ᠪᠠᠶᠠᠰᠤᠯᠴᠠᠳᠠᠭ᠃        ᠨᠠᠷᠠ ᠬᠤᠷ᠎ᠠ ᠲᠡᠩᠴᠡᠭᠰᠡᠨ ᠨᠠᠯᠠᠭᠠᠷ ᠨᠠᠮᠤᠷ ᠤᠨ ᠲᠡᠨᠢᠭᠦᠨ ᠤᠯᠠᠷᠢᠯ ᠳᠤ ᠪᠠᠷᠢᠭᠠᠳᠠ ᠶᠢᠨ ᠢᠰᠡᠭᠡᠢ ᠬᠢᠬᠦ ᠬᠥᠭᠵᠢᠶᠡᠨ ᠲᠠᠢ ᠠᠵᠢᠯ ᠬᠥᠰᠢᠭᠡ ᠪᠠᠨ ᠰᠡᠬᠦᠳᠡᠭ᠃  ᠨᠢᠭᠡᠳᠦᠯ ᠪᠠᠷᠢᠭᠠᠳᠠ᠂ ᠠᠶᠢᠯ ᠰᠠᠭᠠᠬᠠᠯᠲᠠ ᠪᠠᠷ ᠢᠶᠠᠨ ᠴᠤᠭᠯᠠᠵᠤ᠂ ᠠᠬᠤᠷ ᠤᠨ ᠨᠣᠣᠰᠣ ᠪᠠᠨ ᠳᠡᠯᠭᠡᠨ᠂ ᠤᠯᠠᠭᠠᠨ ᠰᠤᠬᠠᠢ ᠪᠠᠷ ᠰᠠᠪᠠᠵᠤ᠂ ᠤᠷᠳᠤ ᠴᠠᠭᠠᠨ ᠢᠰᠡᠭᠡᠢ ᠪᠠᠨ  ᠵᠤᠯᠤᠵᠤ ᠡᠬᠢᠯᠡᠨ᠎ᠡ᠃ ᠢᠰᠡᠭᠡᠢ ᠵᠤᠯᠤᠬᠤ ᠳᠤ ᠭᠠᠵᠠᠷ ᠨᠢ ᠲᠡᠭᠰᠢ᠂ ᠢᠰᠡᠭᠡᠢ ᠲᠠᠲᠠᠬᠤ ᠳᠤ ᠲᠠᠯᠠᠪᠠᠢ ᠨᠢ ᠠᠭᠤᠳᠠᠮ᠂ ᠬᠤᠳᠳᠤᠭ ᠤᠨ ᠬᠢᠨᠢ ᠤᠰᠤ ᠭᠦᠢᠬᠡᠨ ᠁  ᠭᠡᠳ ᠪᠠᠰᠠ ᠯᠠ ᠮᠠᠨ ᠤ ᠵᠤᠰᠠᠯᠠᠩ ᠤᠨ ᠪᠠᠷᠠᠭᠤᠨ ᠲᠡᠨᠵᠢᠨ ᠳᠤ ᠬᠢᠳᠡᠭ ᠪᠠᠶᠢᠯ᠎ᠠ᠃        ᠦᠷ ᠤᠨ ᠭᠤᠵᠣᠩ ᠭᠡᠭᠡ ᠪᠠᠷ ᠠᠶᠢᠷᠠᠭ ᠲᠠᠷᠠᠭ ᠭᠠᠨᠵᠤᠭᠠᠯᠠᠭᠰᠠᠨ ᠢᠰᠡᠭᠡᠶᠢᠴᠢᠳ ᠵᠦᠭ ᠪᠦᠷᠢ ᠠᠴᠠ ᠴᠤᠭᠯᠠᠷᠠᠨ ᠡᠮᠡᠭᠲᠡᠶᠢᠴᠦᠳ ᠨᠢ ᠨᠣᠣᠰᠣ ᠰᠠᠪᠠᠨ᠂  ᠡᠷ᠎ᠡ ᠪᠦᠰᠡᠲᠡᠶᠢᠴᠦᠳ ᠨᠢ ᠵᠤᠯᠤᠬᠠᠢ ᠶᠢᠨ ᠲᠠᠯᠠᠪᠠᠢ ᠲᠡᠭᠰᠢᠯᠡᠬᠦ᠂ ᠳᠡᠭᠡᠰᠦ ᠴᠢᠷᠭ᠎ᠠ ᠪᠠᠵᠠᠭᠠᠬᠤ᠂ ᠡᠬᠢ ᠶᠢᠨ ᠢᠰᠡᠭᠡᠢ ᠤᠰᠤᠯᠠᠬᠤ ᠁ ᠠᠵᠢᠯ ᠳᠤ ᠬᠤᠷᠮᠣᠢ  ᠰᠢᠭᠤᠨ ᠬᠠᠨᠴᠤᠢ ᠰᠢᠮᠠᠯᠠᠨ ᠭᠠᠪᠰᠢᠭᠠᠶᠢᠯᠠᠵᠠᠭᠠᠨ᠎ᠠ᠃        ᠢᠰᠡᠭᠡᠢ ᠵᠤᠯᠤᠬᠤ ᠳᠠᠭᠠᠨ ᠴᠠᠭᠠᠷᠠᠭᠰᠠᠨ ᠠᠬᠠᠮᠠᠳ ᠲᠣᠮᠣᠭᠠᠲᠠᠳ ᠵᠤᠯᠤᠬᠠᠢ ᠵᠤᠯᠤᠵᠤ᠂ ᠵᠠᠯᠠᠭᠤ ᠢᠳᠡᠷᠴᠦᠳ ᠰᠠᠭᠤᠯᠠᠭ᠎ᠠ ᠰᠠᠭᠤᠯᠠᠭ᠎ᠠ ᠪᠠᠷ ᠤᠰᠤ ᠵᠥᠭᠡᠭᠡᠨ  ᠢᠰᠡᠭᠡᠢ ᠤᠰᠤᠯᠠᠨ᠎ᠠ᠃ ᠵᠤᠯᠤᠬᠠᠢ ᠵᠤᠯᠤᠬᠤ ᠳᠤ ᠵᠤᠵᠠᠭᠠᠨ ᠨᠢᠮᠭᠡᠨ ᠢ ᠨᠢ ᠲᠠᠭᠠᠷᠠᠭᠤᠯᠵᠤ᠂ ᠢᠰᠡᠭᠡᠢ ᠤᠰᠤᠯᠠᠬᠤ ᠳᠤ ᠵᠤᠯᠤᠬᠠᠢ ᠬᠠᠯᠭᠤᠨ ᠢᠰᠡᠭᠡᠢ  ᠬᠠᠭᠤᠳᠠᠰᠤᠷᠠᠬᠤ ᠶᠢ ᠬᠢᠴᠢᠶᠡᠳᠡᠭ᠃        ᠭᠠᠷ ᠲᠡᠩᠴᠡᠭᠰᠡᠨ ᠢᠰᠡᠭᠡᠶᠢᠴᠢᠳ ᠢᠰᠡᠭᠡᠢ ᠪᠠᠨ ᠤᠰᠤᠯᠠᠮᠠᠭᠴᠠ ᠤᠰᠤ ᠨᠢ ᠰᠢᠮᠡᠳᠬᠦ ᠠᠴᠠ ᠨᠢ ᠡᠮᠦᠨ᠎ᠡ ᠡᠬᠢ ᠶᠢᠨ ᠢᠰᠡᠭᠡᠢ ᠶᠢᠨ ᠲᠣᠯᠣᠭᠠᠢ ᠲᠠᠯ᠎ᠠ ᠠᠴᠠ  ᠨᠢ ᠨᠢᠭᠡᠨ ᠵᠢᠭᠳᠡ ᠴᠢᠩᠭ᠎ᠠ ᠬᠤᠶᠢᠪᠢᠳᠠᠨ᠎ᠠ᠃ ᠢᠰᠡᠭᠡᠢ ᠪᠠᠨ ᠬᠤᠶᠢᠪᠢᠳᠠᠵᠤ ᠣᠷᠢᠶᠠᠭᠠᠳ ᠴᠢᠷᠭ᠎ᠠ ᠶᠢᠨ ᠳᠡᠭᠡᠰᠦ ᠪᠠᠷ ᠴᠢᠷᠭᠠᠳᠠᠨ ᠢᠰᠡᠭᠡᠢ ᠬᠤᠶᠢᠪᠢᠳᠠᠬᠰᠠᠨ  ᠴᠢᠭᠯᠡᠯ ᠤᠨ ᠳᠠᠭᠠᠤ ᠲᠠᠲᠠᠳᠠᠭ᠃ ᠭᠤᠪᠢᠴᠤᠳ ᠢᠰᠡᠭᠡᠢ ᠪᠠᠨ ᠲᠡᠮᠡᠭᠡ ᠪᠠᠷ ᠲᠠᠲᠠᠳᠠᠭ ᠪᠣᠯ ᠠᠳᠤᠭᠤ ᠤᠯᠠᠨ ᠲᠠᠢ ᠮᠠᠨ ᠤ ᠪᠠᠷᠢᠭᠠᠳᠠ ᠶᠢᠨ ᠬᠢᠨ ᠮᠣᠷᠢ ᠪᠠᠷ ᠲᠠᠲᠠᠳᠠᠭ᠃  ᠨᠣᠶᠢᠲᠠᠨ ᠦᠷᠢᠶ᠎ᠡ ᠪᠠᠷ ᠢᠰᠡᠭᠡᠢ ᠲᠠᠲᠠᠪᠠᠯ ᠴᠡᠭᠡᠵᠢ ᠰᠠᠶᠢᠲᠠᠢ᠂ ᠪᠡᠶ᠎ᠡ ᠲᠣᠮᠣ ᠲᠠᠢ ᠪᠤᠯᠳᠠᠭ ᠬᠡᠮᠡᠨ ᠬᠠᠭᠠᠷᠢᠮᠠᠯ ᠦᠷᠢᠶ᠎ᠡ ᠪᠠᠷ ᠢᠷᠡᠬᠦ ᠢᠰᠡᠭᠡᠶᠢᠴᠢᠨ ᠴᠦ ᠪᠤᠢ᠃ ᠬᠠᠰᠢᠷ  ᠲᠤᠷᠰᠢᠯᠭ᠎ᠠ ᠲᠠᠢ ᠢᠰᠡᠭᠡᠢ ᠵᠠᠯᠠᠭᠴᠢ ᠠᠴᠠ ᠤᠷᠲᠤᠬᠠᠨ ᠮᠣᠳᠣ ᠪᠤᠶᠤ ᠰᠤᠬᠠᠢ ᠪᠠᠷᠢᠭᠠᠳ ᠢᠰᠡᠭᠡᠢ ᠵᠠᠯᠠᠬᠤ ᠶᠢᠨ ᠳᠠᠭᠠᠤ ᠵᠠᠯᠠᠭᠤ ᠪᠠᠭᠠᠴᠤᠳ ᠲᠤ ᠢᠰᠡᠭᠡᠢ ᠵᠠᠯᠠᠬᠤ  ᠤᠷ᠎ᠠ ᠤᠬᠠᠭᠠᠨ ᠢᠶᠠᠨ ᠤᠶᠢᠭ᠎ᠠ ᠦᠭᠡᠢ ᠵᠢᠭᠠᠵᠤ ᠤᠯᠠᠮᠵᠢᠯᠠᠨ᠎ᠠ᠃ ᠢᠰᠡᠭᠡᠢ ᠲᠣᠩᠭᠤᠷᠠᠭᠤᠯᠬᠤ ᠳᠤ ᠰᠢᠨ᠎ᠡ ᠢᠰᠡᠭᠡᠢ ᠨᠢ ᠡᠬᠢ ᠶᠢᠨ ᠢᠰᠡᠭᠡᠢ ᠲᠠᠢ ᠪᠠᠨ ᠪᠠᠭ᠎ᠠ ᠰᠠᠭ᠎ᠠ  ᠨᠠᠭᠠᠯᠳᠤᠪᠠᠯ ︽ᠳᠣᠯᠢᠶᠠᠭᠰᠠᠨ ᠢᠰᠡᠭᠡᠢ ᠰᠠᠶᠢᠬᠠᠨ ᠭᠠᠷᠳᠠᠭ︾ ᠬᠡᠮᠡᠨ ᠪᠡᠯᠭᠡᠰᠢᠶᠡᠳᠡᠭ᠃        ᠤᠷᠠᠳᠴᠤᠳ ᠪᠠᠭᠤᠭᠰᠠᠨ ᠢᠰᠡᠭᠡᠢ ᠪᠠᠨ ︽ᠨᠢᠯᠬ᠎ᠠ ᠢᠰᠡᠭᠡᠢ︾ ᠭᠡᠵᠦ ᠨᠡᠷᠡᠯᠡᠨ ᠪᠠᠶᠠᠨ ᠲᠦᠷᠦᠭᠦᠦ᠂ ᠡᠪᠴᠢᠭᠦᠨ ᠤ ᠪᠦᠳᠦᠷᠬᠡᠢ᠂ ᠬᠤᠳᠣᠭᠤᠳᠤᠨ ᠤ ᠠᠮᠠᠰᠠᠷ᠂  ᠴᠠᠢ᠂ ᠠᠷᠢᠬᠢ᠂ ᠰᠢᠬᠢᠷ ᠪᠤᠷᠠᠮ ᠁ ᠢᠶᠠᠷ ᠮᠢᠯᠢᠶᠠᠳᠠᠭ ᠵᠠᠩᠰᠢᠯ ᠲᠠᠢ᠃        ᠨᠢᠯᠬ᠎ᠠ ᠢᠰᠡᠭᠡᠢ ᠪᠠᠨ ᠬᠤᠶᠢᠪᠢᠳᠠᠬᠤ ᠶᠢᠨ ᠳᠠᠭᠠᠤ ᠤᠰᠤᠯᠠᠵᠤ ᠨᠢᠴᠦᠭᠦᠨ ᠲᠣᠬᠤᠢ ᠪᠠᠷ ᠢᠶᠠᠨ ᠨᠤᠬᠤᠯᠠᠨ ᠬᠤᠶᠢᠪᠢᠳᠠᠬᠤ ᠶᠢ ᠢᠰᠡᠭᠡᠢ ᠲᠣᠬᠤᠶᠢᠳᠠᠬᠤ ᠭᠡᠳᠡᠭ᠃ ᠢᠰᠡᠭᠡᠢ ᠲᠣᠬᠤᠶᠢᠳᠠᠬᠤ ᠳᠤ ᠢᠰᠡᠭᠡᠢ ᠶᠢᠨ ᠥᠷᠭᠡᠨ ᠨᠠᠷᠢᠨ ᠤ ᠬᠡᠮᠵᠢᠶ᠎ᠡ ᠪᠠᠷ ᠪᠠᠷᠢᠮᠵᠢᠶᠠᠯᠠᠨ ᠭᠡᠳᠦ ᠬᠡᠳᠦᠨ ᠬᠥᠮᠥᠨ ᠣᠷᠣᠯᠴᠠᠳᠠᠭ᠃ ᠢᠰᠡᠭᠡᠢ ᠲᠣᠬᠤᠶᠢᠳᠠᠬᠤ ᠳᠤ  ᠢᠰᠡᠭᠡᠢ ᠶᠢᠨ ᠠᠮᠠᠨ ᠳᠤ ᠲᠠᠭᠠᠷᠠᠬᠰᠠᠨ ᠬᠥᠮᠥᠨ ᠵᠢᠭᠳᠡ ᠬᠤᠶᠢᠪᠢᠳᠠᠬᠤ ᠦᠭᠡᠢ ᠦᠵᠦᠭᠦᠷ ᠭᠠᠷᠭᠠᠪᠠᠯ ︽ᠬᠠᠯᠠᠭᠤᠨ ᠨᠠᠮᠤᠷ ᠢᠶᠠᠷ ᠴᠠᠷᠢᠯ ᠭᠠᠷᠭᠠᠭᠠᠳ ᠮᠥᠰᠥ  ᠴᠠᠷᠢᠯᠳᠠᠬᠤ ᠶᠤᠮ ᠤᠤ︖︾ ᠭᠡᠵᠦ ᠱᠣᠭᠯᠠᠨ᠎ᠠ᠃ ᠳᠤᠮᠳᠠ ᠬᠡᠰᠡᠭ ᠢ ᠨᠢ ᠲᠣᠬᠤᠶᠢᠳᠠᠵᠤ ᠪᠠᠶᠢᠭ᠎ᠠ ᠬᠥᠮᠥᠰ ᠪᠤᠰᠢᠭᠤ ᠱᠠᠯᠠᠮᠠᠭᠠᠢ ᠬᠥᠳᠡᠯᠬᠦ ᠦᠭᠡᠢ ᠪᠣᠯ ᠡᠮᠦᠨ᠎ᠡ ᠨᠢ  ᠢᠰᠡᠭᠡᠢ ᠣᠪᠣᠭᠠᠷᠠᠨ ︽ᠳᠠᠪᠬᠤᠷ ᠪᠣᠯᠴᠢᠬᠠᠯ᠎ᠠ︾ ᠭᠡᠵᠦ ᠳᠣᠭᠤᠭᠢᠯᠠᠭᠤᠯᠤᠨ᠎ᠠ᠃ ᠨᠢᠯᠬ᠎ᠠ ᠢᠰᠡᠭᠡᠢ ᠶᠢ ᠬᠡᠳᠦᠢ ᠤᠯᠠᠨ ᠲᠣᠬᠤᠶᠢᠳᠠᠪᠠᠯ ᠲᠡᠳᠦᠢ ᠴᠢᠨᠠᠷᠯᠢᠭ ᠪᠤᠯᠳᠠᠭ᠃  ᠲᠡᠭᠡᠭᠡᠳ ᠯᠡ ᠠᠯᠢᠶ᠎ᠠ ᠬᠥᠭᠡᠷᠦᠦ ᠵᠠᠷᠢᠮ ᠨᠢ ᠬᠡᠨ ᠨᠢᠭᠡ ᠶᠢ ᠪᠠᠨ ᠨᠢᠴᠦᠭᠦᠨ ᠲᠣᠬᠤᠢ ᠪᠠᠷ ᠨᠢ ᠨᠣᠶᠢᠲᠠᠨ ᠭᠠᠵᠠᠷ ᠲᠣᠬᠤᠶᠢᠳᠠᠭᠤᠯᠤᠨ ᠢᠨᠢᠶᠡᠯᠳᠦᠵᠦ ᠬᠥᠭᠵᠢᠯᠳᠦᠨ᠎ᠡ᠃ ᠶᠡᠷᠦ ᠨᠢ ᠤᠯᠠᠨ ᠤ ᠠᠵᠢᠯ ᠬᠥᠭᠵᠢᠶᠡᠨ ᠲᠠᠢ ᠪᠠᠶᠢᠬᠤ ᠲᠤᠰᠤᠮ ᠢᠶᠠᠨ ᠳᠥᠬᠦᠭᠦᠰᠢᠲᠡᠢ ᠪᠠᠶᠢᠳᠠᠭ᠃        ᠲᠣᠬᠤᠶᠢᠳᠠᠭᠰᠠᠨ ᠢᠰᠡᠭᠡᠢ ᠶᠢᠨ ᠢᠶᠠᠨ ᠡᠬᠢ ᠠᠳᠠᠭ ᠢ ᠠᠭᠤᠯᠵᠠᠭᠤᠯᠤᠨ ᠴᠢᠳᠠᠯ ᠲᠡᠩᠴᠡᠭᠰᠡᠨ ᠲᠦᠷᠪᠡᠨ ᠬᠥᠮᠥᠨ᠂ ᠲᠦᠷᠪᠡᠨ ᠥᠨᠴᠥᠭ ᠠᠴᠠ ᠨᠢ ᠠᠳᠬᠤᠨ  ᠢᠰᠡᠭᠡᠢ ᠪᠠᠨ ᠳᠡᠭᠡᠭᠰᠢ ᠡᠷᠭᠦᠭᠡᠳ ᠲᠡᠭᠢᠨ ᠭᠠᠵᠠᠷ ᠬᠦᠴᠦᠲᠡᠢ ᠰᠠᠪᠠᠭᠤ ᠶᠢ ᠢᠰᠡᠭᠡᠢ ᠵᠢᠱᠢᠬᠦ ᠭᠡᠳᠡᠭ᠃ ᠢᠰᠡᠭᠡᠢ ᠵᠢᠱᠢᠬᠦ ᠳᠤ ᠲᠦᠷᠪᠡᠨ ᠬᠥᠮᠥᠨ ᠲᠤᠭ᠎ᠠ ᠬᠠᠰᠬᠢᠷᠤᠨ  ᠬᠦᠴᠦ ᠪᠠᠨ ᠲᠠᠭᠠᠷᠠᠭᠤᠯᠵᠤ ᠬᠦᠴᠦᠲᠡᠢ ᠵᠢᠱᠢᠨ᠎ᠡ᠃ ᠠᠯᠢᠶᠠᠷᠬᠠᠵᠤ ᠲᠣᠭᠯᠠᠬᠤ ᠳᠤᠷᠠᠲᠠᠢ ᠵᠠᠯᠠᠭᠤᠴᠤᠳ ᠠᠯᠢ ᠨᠢᠭᠡ ᠶᠢ ᠪᠠᠨ ᠱᠣᠭᠯᠠᠬᠤ ᠭᠡᠵᠦ ᠬᠤᠭᠤᠷᠣᠨᠳᠤ ᠪᠠᠨ  ᠨᠢᠳᠦ ᠢᠷᠮᠡᠯᠴᠡᠨ ᠭᠡᠨᠡᠳᠲᠡ ᠬᠦᠴᠦᠲᠡᠢ ᠳᠤᠭᠲᠤᠷᠴᠤ᠂ ᠰᠠᠨᠠᠮᠰᠠᠷ ᠦᠭᠡᠢ ᠪᠠᠶᠢᠭᠰᠠᠨ ᠬᠡᠨ ᠨᠢᠭᠡ ᠶᠢ ᠪᠠᠨ ᠨᠣᠶᠢᠲᠠᠨ ᠢᠰᠡᠭᠡᠢ ᠳᠡᠭᠡᠷ᠎ᠡ ᠤᠯᠠᠭᠠᠨ ᠨᠢᠭᠤᠷ ᠢᠶᠠᠷ ᠨᠢ  ᠬᠠᠷᠠᠭᠤᠯᠳᠠᠭᠤᠯᠵᠤ᠂ ᠵᠤᠰᠠᠯᠠᠩ ᠤᠨ ᠨᠣᠭᠤᠭᠠᠨ ᠲᠡᠨᠵᠢ ᠶᠢ ᠢᠨᠢᠶᠡᠳᠦ ᠪᠠᠶᠠᠰᠤᠯ ᠢᠶᠠᠷ ᠴᠠᠯᠭᠢᠭᠤᠯᠤᠨ᠎ᠠ᠃        ᠰᠢᠩᠭᠡᠬᠦ ᠶᠢᠨ ᠰᠢᠷ᠎ᠠ ᠨᠠᠷᠠᠨ ᠢᠶᠠᠷ ᠰᠡᠪᠢᠵᠦ ᠳᠡᠯᠭᠡᠭᠰᠡᠨ ᠲᠤᠩ ᠴᠠᠭᠠᠨ ᠵᠤᠵᠠᠭᠠᠨ ᠢᠰᠡᠭᠡᠢ ᠨᠦᠭᠦᠳ ᠠᠳᠡ ᠲᠡᠨᠳᠡ ᠦᠭᠡᠢ ᠴᠠᠶᠢᠯᠵᠠᠨ᠂ ᠢᠰᠡᠭᠡᠶᠢᠴᠢᠳ ᠤᠨ  ᠨᠥᠷᠢ ᠶᠡᠭᠡ ᠭᠦᠳᠡᠯᠮᠦᠷᠢ᠂ ᠤᠷ᠎ᠠ ᠲᠡᠮ ᠲᠠᠢ ᠮᠡᠷᠭᠡᠵᠢᠯ ᠢ ᠨᠢ ᠦᠨᠡᠯᠡᠨ ᠴᠠᠶᠢᠯᠵᠠᠳᠠᠭ᠃        ᠠᠵᠢᠯ ᠶᠠᠪᠤᠳᠠᠯ ᠳᠠᠭᠠᠨ ᠠᠪᠬᠠᠯᠵᠢᠲᠠᠢ ᠪᠠᠷᠢᠭᠠᠳᠠ ᠶᠢᠨ ᠳᠠᠷᠤᠭ᠎ᠠ ᠭᠤᠸᠠᠢ ᠬᠠᠮᠤᠭ ᠰᠡᠭᠦᠯᠴᠢ ᠶᠢᠨ ᠵᠤᠵᠠᠭᠠᠨ ᠴᠠᠭᠠᠨ ᠢᠰᠡᠭᠡᠢ ᠶᠢ ᠴᠠᠭᠠᠨ ᠢᠳᠡᠭᠡ ᠪᠠᠷ  ᠮᠢᠯᠢᠶᠠᠭᠠᠳ᠄ ︽ᠤᠯᠠᠨ ᠤ ᠬᠦᠴᠦ ᠪᠠᠷ ᠥᠨᠥᠳᠥᠷ ᠤᠨ ᠠᠵᠢᠯ ᠥᠯᠵᠡᠶᠢᠲᠡᠢ ᠥᠨᠳᠥᠷᠯᠡᠯ᠎ᠡ᠃ ᠨᠡᠶᠢᠭᠡᠮ ᠵᠢᠷᠤᠮ ᠤᠨ ᠪᠦᠲᠦᠭᠡᠨ ᠪᠠᠶᠢᠭᠤᠯᠤᠯᠲᠠ ᠳᠤ ᠬᠦᠴᠦ  ᠬᠥᠯᠥᠰᠦ ᠪᠠᠨ ᠤᠷᠤᠰᠬᠠᠭᠰᠠᠨ ᠭᠡᠰᠢᠭᠦᠳ ᠲᠡᠭᠡᠨ ᠲᠠᠯᠠᠷᠬᠠᠵᠤ ᠪᠠᠶᠢᠨ᠎ᠠ᠃ ᠨᠡᠩ ᠴᠦ ᠬᠢᠭᠰᠡᠨ ᠠᠵᠢᠯ᠂ ᠪᠦᠲᠦᠭᠡᠭᠰᠡᠨ ᠪᠦᠲᠦᠭᠡᠯ ᠢᠶᠠᠷ ᠢᠶᠠᠨ ᠤᠯᠤᠰ ᠤᠨ ᠪᠠᠶᠠᠷ ᠢᠶᠠᠨ  ᠬᠠᠮᠲᠤ ᠪᠠᠷ ᠢᠶᠠᠨ ᠪᠡᠯᠭᠡᠯᠡᠵᠦ ᠪᠠᠶᠢᠭ᠎ᠠ ᠳᠠᠭᠠᠨ ᠣᠯᠵᠠᠷᠬᠠᠨ ᠪᠠᠶᠠᠷᠯᠠᠵᠤ ᠪᠠᠶᠢᠨ᠎ᠠ︕︾ ᠭᠡᠬᠦ ᠲᠠᠢ ᠵᠡᠷᠭᠡ ᠤᠯᠠᠨ ᠢᠶᠠᠷ ᠢᠶᠠᠨ ᠨᠢᠵᠢᠭᠢᠨᠡᠲᠡᠯ᠎ᠡ ᠠᠯᠠᠭ᠎ᠠ ᠲᠠᠰᠢᠵᠠᠭᠠᠬᠤ ᠨᠢ  ᠪᠦᠷ ᠴᠦ ᠬᠥᠭᠵᠢᠯᠲᠡᠢ᠃        ︽ᠲᠠᠯ᠎ᠠ ᠨᠤᠲᠤᠭ ᠠᠴᠠ ᠲᠢᠶᠠᠨ ᠠᠨ ᠮᠧᠨ ᠲᠠᠯᠠᠪᠠᠢ ᠳᠤ ᠬᠦᠷᠴᠦ ᠢᠷᠡᠭᠡᠳ᠂ ᠠᠯᠳᠠᠨ ᠬᠤᠨᠳᠠᠭ᠎ᠠ ᠪᠠᠨ ᠡᠷᠭᠦᠨ ᠪᠠᠷᠢᠶ᠎ᠠ ᠭᠦᠢ᠁︾ ᠬᠡᠮᠡᠨ  ᠢᠰᠡᠭᠡᠶᠢᠴᠢᠳ ︽ᠮᠠᠭᠲᠠᠭᠠᠯ ᠳᠠᠭᠤᠤ︾᠎ ᠪᠠᠨ ᠬᠠᠩᠭᠢᠨᠠᠭᠤᠯᠤᠨ ᠳᠠᠭᠤᠯᠠᠭᠰᠠᠭᠠᠷ ᠦᠳᠡᠰᠢ ᠶᠢᠨ ᠰᠢᠷᠭᠠᠯ ᠲᠤᠯᠤᠩ ᠳᠤᠮᠳᠠᠭᠤᠷ ᠭᠡᠷ ᠭᠡᠷ ᠢᠶᠠᠨ ᠵᠣᠷᠢᠨ᠎ᠠ᠃        ᠨᠤᠲᠤᠭ ᠤᠨ ᠮᠢᠨᠢ ᠨᠣᠮᠢᠨ ᠨᠣᠭᠤᠭᠠᠨ ᠲᠡᠨᠵᠢ ᠠᠭᠤᠤ ᠤᠯᠤᠰ ᠤᠨ ᠮᠠᠨᠢ ᠥᠷᠭᠡᠨ ᠠᠭᠤᠳᠠᠮ ᠨᠤᠲᠤᠭ ᠳᠡᠪᠢᠰᠬᠡᠷ ᠲᠠᠢ ᠬᠠᠷᠢᠴᠠᠭᠤᠯᠪᠠᠯ ᠲᠤᠰᠤᠯ ᠤᠨ  ᠲᠡᠳᠦᠶᠢᠬᠡᠨ ᠵᠢᠵᠢᠭ  ᠴᠦ ᠡᠬᠡ ᠤᠯᠤᠰ ᠤᠨ ᠮᠠᠨᠢ ᠲᠡᠦᠬᠡᠨ ᠬᠠᠭᠤᠳᠠᠰᠤ ᠶᠢ ᠪᠢᠴᠢᠭᠯᠡᠭᠰᠡᠨ ᠠᠯᠢ ᠤᠯᠠᠨ ᠪᠠᠶᠠᠷ ᠳᠤᠷᠠᠰᠬᠠᠯ ᠤᠨ ᠡᠳᠦᠷ ᠢ ᠪᠤᠶᠢᠳᠠ ᠪᠥᠭᠯᠡᠭᠦᠦ  ᠬᠥᠳᠡᠭᠡ ᠶᠢᠨ ᠬᠥᠮᠥᠰ ᠲᠤ ᠲᠠᠨᠢᠭᠤᠯᠤᠭᠰᠠᠨ ᠥᠨᠢ ᠮᠥᠩᠬᠡ ᠶᠢᠨ ᠳᠤᠷᠠᠳᠬᠠᠯ ᠲᠠᠢ ᠪᠢᠯᠡ᠃        ᠥᠳᠬᠡᠨ ᠰᠠᠬᠤᠯᠢᠭ ᠪᠡᠯᠴᠢᠭᠡᠷ ᠲᠠᠢ᠂ ᠲᠡᠭᠰᠢ ᠴᠠᠯᠠᠭᠠᠢ ᠲᠠᠯ᠎ᠠ ᠲᠠᠢ ᠵᠤᠰᠠᠯᠠᠩ ᠤᠨ ᠮᠢᠨᠢ ᠨᠣᠮᠢᠨ ᠨᠣᠭᠤᠭᠠᠨ ᠲᠡᠨᠵᠢ - ᠮᠢᠨᠤ ᠰᠡᠳᠬᠢᠯ ᠵᠢᠷᠦᠬᠡᠨ ᠳᠠᠬᠢ  ᠠᠭᠤᠤ ᠶᠡᠭᠡ ᠡᠬᠡ ᠣᠷᠣᠨ︕ ᠤᠯᠤᠰ ᠢᠶᠠᠨ ᠬᠠᠶᠢᠷᠠᠯᠠᠬᠤ ᠬᠠᠶᠢᠷ᠎ᠠ ᠰᠡᠳᠬᠢᠯᠭᠡ ᠶᠢ ᠤᠮᠳᠠᠯᠠᠭᠰᠠᠨ ᠠᠰᠤᠷᠤ ᠲᠣᠮᠣ ︽ᠳᠡᠯᠡᠬᠡᠢ︾ ᠪᠤᠶᠤ︕    
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ