ᠡᠪᠦᠯ᠂ ᠰᠡᠪ ᠰᠡᠮᠡᠭᠡᠷ ᠠᠯᠬᠤᠭᠠᠳ ᠢᠷᠡᠯ᠎ᠡ᠃ ᠲᠡᠷᠡ ᠬᠠᠨ ᠳᠡᠯᠡᠬᠡᠢ ᠳᠤ ᠣᠷᠣᠰᠢᠬᠤ ᠶᠢᠨ ᠲᠥᠯᠥᠭᠡ ᠬᠠᠪᠤᠷ ᠠᠴᠠ ᠨᠠᠭᠠᠰᠢ ᠶᠡᠬᠡᠯ᠎ᠡ ᠬᠦᠰᠡᠮᠵᠢᠯᠡᠨ᠂ | ᠬᠠᠯᠠᠭᠤᠨ ᠵᠤᠠ ᠠᠴᠠ ᠮᠥᠷᠥᠭᠡᠳᠦᠯ ᠲᠡᠭᠦᠵᠦ᠂ ᠬᠤᠩᠭᠤᠷ ᠨᠠᠮᠤᠷ ᠠᠴᠠ ᠭᠤᠨᠢᠶᠠᠯ ᠳᠡᠭᠦᠷᠦᠭᠡᠳ ᠬᠤᠷᠳᠤ ᠨᠡᠮᠡᠨ ᠠᠶᠢᠰᠤᠢ᠃ ᠡᠪᠦᠯ ᠡᠷᠴᠢᠲᠡᠢ ᠪᠤᠯᠪᠠᠴᠤ ᠥᠯᠴᠢᠷ | ᠬᠠᠲᠠᠭᠤ ᠪᠣᠯᠬᠤᠷ ᠬᠥᠮᠥᠨ ᠤ ᠰᠡᠳᠬᠢᠯ ᠳᠤ ᠮᠥᠯᠢᠭᠦᠨ ᠴᠡᠪᠳᠡᠭ ᠰᠠᠨᠠᠭᠳᠠᠵᠤ᠂ ᠬᠡᠨ ᠴᠤ ᠭᠡᠰᠡᠨ ᠲᠡᠭᠦᠨ ᠤᠷᠤᠭᠤ ᠰᠡᠷᠡᠮᠵᠢᠯᠡᠬᠦ ᠬᠠᠷᠠᠴᠠ ᠤᠷᠭᠢᠭᠠᠳ ᠶᠠᠪᠤᠨ᠎ᠠ᠃ | ᠬᠠᠷᠠᠬᠤ ᠦᠭᠡᠢ ᠤᠤ︖ ᠪᠠᠶᠢᠭᠠᠯᠢ ᠶᠢᠨ ᠰᠢᠪᠠᠭᠤᠳ ᠪᠠᠶᠢᠲᠠᠯ᠎ᠠ ᠲᠡᠭᠦᠨ ᠠᠴᠠ ᠳᠠᠶᠢᠵᠢᠵᠤ ᠳᠤᠲᠠᠭᠠᠭᠠᠳ ᠳᠤᠯᠠᠭᠠᠨ ᠲᠠᠪᠠᠲᠠᠢ ᠣᠷᠣᠨ ᠢ ᠵᠣᠷᠢᠬᠤ ᠪᠤᠶᠤ ᠲᠠᠷ ᠢ ᠨᠢ | ᠰᠢᠯᠭᠠᠬᠤ ᠬᠠᠬᠢᠷ ᠬᠦᠢᠲᠡᠨ ᠢ ᠠᠷᠭᠠᠴᠠᠬᠤ ᠬᠡᠮᠡᠨ ᠡᠭᠦᠷ ᠣᠷᠣᠨ ᠢᠶᠠᠨ ᠡᠪᠲᠡᠶᠢᠬᠡᠨ ᠰᠢᠭ ᠵᠠᠰᠠᠨ᠎ᠠ᠃ ᠮᠣᠭᠠᠢ ᠮᠡᠯᠡᠬᠡᠢ ᠮᠡᠲᠦ ᠶᠢᠨ ᠢᠴᠡᠭᠡᠯᠡᠭᠰᠡᠳ ᠪᠦᠲᠦᠨ ᠡᠪᠦᠯ | ᠤᠨᠲᠠᠬᠤ ᠠᠴᠠ ᠪᠠᠨ ᠬᠠᠯᠠᠰᠢᠷᠠᠭᠰᠠᠨ ᠰᠢᠭ᠋ ᠲᠤᠭᠢ ᠰᠡᠷᠭᠡᠭ ᠪᠠᠶᠢᠭ᠎ᠠ ᠴᠠᠭ ᠵᠠᠢ ᠳᠠᠭᠠᠨ ᠠᠮᠵᠢᠨ ᠬᠥᠯ ᠦᠢᠮᠡᠭᠡᠨ ᠶᠡᠭᠡ ᠲᠠᠢ ᠭᠠᠵᠠᠷ ᠢᠶᠠᠷ ᠭᠡᠨᠡᠳᠲᠡ ᠭᠤᠯᠭᠤᠨ | ᠣᠴᠢᠭᠠᠳ ᠬᠡᠦᠬᠡᠳ ᠰᠢᠤᠬᠠᠳ ᠢ ᠠᠶᠤᠯᠭᠠᠨ ᠰᠣᠴᠢᠭᠠᠵᠤ᠂ ᠬᠠᠯᠲᠤᠰᠬᠢᠪᠡᠯ ᠮᠥᠨ ᠮᠣᠳᠣ ᠰᠢᠳᠠᠮ ᠤᠨ ᠭᠡᠨᠡᠨ ᠠᠶᠤᠯ ᠳᠤ ᠤᠴᠠᠷᠠᠳᠠᠭ ᠨᠢ ᠴᠤ ᠪᠤᠢ᠃ ᠢᠳᠤᠭᠠᠨ | ᠡᠷᠪᠡᠬᠡᠢ᠂ ᠣ ᠶᠢᠨ ᠡᠷᠪᠡᠬᠡᠢ᠂ ᠠᠯᠠᠭ ᠪᠠᠩᠵᠠᠯᠳᠤ ᠡᠷᠪᠡᠬᠡᠢ ᠴᠤ ᠲᠡᠶᠢᠮᠤ᠃ ᠲᠡᠳᠡ ᠬᠠᠳᠠᠵᠤ ᠬᠤᠷᠪᠣᠶᠢᠭᠰᠠᠨ ᠴᠡᠴᠡᠭᠡᠰ ᠤᠨ ᠥᠷᠴᠢᠭᠡᠷ ᠲᠠᠯᠪᠢ ᠳᠡᠭᠡᠷ᠎ᠡ ᠠᠲᠤᠷᠢᠨ | ᠰᠠᠭᠤᠭᠠᠳ᠂ ᠭᠠᠵᠠᠷ ᠨᠥᠮᠥᠷᠢᠯᠡᠭᠰᠡᠨ ᠨᠠᠪᠴᠢᠰ ᠰᠢᠭ᠋ ᠨᠢᠭᠡᠯᠡ ᠬᠡᠶᠢᠰᠦᠭᠡᠳ ᠤᠳᠬᠤ ᠭᠤᠨᠢᠭᠲᠤ ᠬᠤᠪᠢ ᠵᠠᠶᠠᠭᠠᠨ ᠳᠠᠭᠠᠨ ᠡᠩᠰᠡᠷᠡᠨ ᠬᠠᠷᠠᠮᠰᠠᠬᠤ ᠠᠶᠠᠲᠠᠢ ᠨᠢᠮᠭᠡᠨ | ᠪᠣᠷᠣ ᠲᠠᠯᠠᠪᠴᠢ ᠪᠠᠨ ᠢᠳᠡ ᠮᠠᠭᠤᠲᠠᠶᠢᠬᠠᠨ ᠳᠡᠪᠢᠯᠬᠢᠯᠡᠬᠦ ᠶᠤᠮ᠃ | ᠭᠠᠯᠪᠠ ᠶᠢᠷᠲᠢᠨᠴᠦ ᠶᠢᠨ ᠪᠣᠰᠤᠭ᠎ᠠ ᠵᠠᠢ ᠳᠤ ᠬᠥᠮᠥᠨ ᠬᠠᠰᠢᠯᠠ ᠬᠡᠴᠡᠭᠦᠦ᠃ ᠲᠡᠳᠡ ᠲᠥᠷᠪᠡᠡ ᠤᠯᠠᠷᠢᠯ ᠤᠨ ᠡᠭᠡᠯᠵᠢᠯᠡᠯ ᠢ ᠤᠷᠮ᠎ᠠ ᠵᠣᠷᠢᠭ ᠲᠠᠢ ᠤᠭᠲᠤᠵᠤ᠂ | ᠤᠷᠭᠤᠬᠤ ᠡᠪᠡᠰᠦ᠂ ᠳᠡᠯᠭᠡᠷᠡᠬᠦ ᠴᠡᠴᠡᠭᠡᠰ᠂ ᠰᠢᠷᠠᠯᠠᠬᠤ ᠨᠠᠪᠴᠢᠰ᠂ ᠰᠢᠵᠢᠷᠳᠡᠭᠦ ᠮᠥᠰᠥ ᠶᠢ ᠭᠠᠶᠢᠬᠠᠯᠲᠠᠢ ᠰᠢᠷᠳᠡᠠ ᠬᠤᠭᠤᠷ ᠴᠤᠭᠤᠷ ᠤᠨ ᠰᠠᠶᠢᠬᠠᠨ ᠡᠭᠡᠰᠢᠭ ᠳᠡᠭᠡᠷ᠎ᠡ | ᠬᠤᠭᠤᠯᠠᠢ ᠶᠢᠨ ᠲᠤᠩᠭᠠᠯᠠᠭ ᠢᠶᠠᠨ ᠰᠢᠯᠭᠠᠯᠴᠠᠬᠤ ᠳᠠᠭᠠᠨ ᠴᠠᠰᠤᠲᠤ ᠲᠠᠯ᠎ᠠ᠂ ᠮᠥᠰᠥᠲᠦ ᠤᠷᠭᠢᠯ ᠪᠡᠯᠡᠭᠯᠡᠭᠰᠡᠨ ᠪᠠᠶᠢᠭᠠᠯᠢ ᠶᠢᠨ ᠬᠦᠨᠳᠦᠲᠦ ᠵᠣᠴᠢᠨ ᠡᠪᠦᠯ ᠢ | ︽ᠥᠩᠰᠢᠭ ᠤᠯᠠᠷᠢᠯ ᠶᠤᠮ ᠰᠢᠤ︾ ᠬᠡᠮᠡᠨ ᠪᠠᠭ᠋ᠠᠷᠬᠠᠨ᠎ᠠ᠃ ᠲᠡᠳᠡ ᠡᠯᠪᠡᠭ ᠬᠤᠷᠢᠶᠠᠭᠰᠠᠨ ᠲᠠᠷᠢᠶ᠎ᠠ ᠪᠠᠨ ᠬᠠᠳᠠᠭᠠᠯᠠᠵᠤ᠂ ᠮᠠᠯ ᠤᠨᠤᠭ᠎ᠠ ᠪᠠᠨ ᠳᠤᠯᠠᠭᠠᠨ | ᠡᠪᠦᠯᠵᠢᠶᠡᠨ ᠳᠡᠭᠡᠨ ᠣᠷᠣᠭᠤᠯᠴᠢᠬᠠᠭᠠᠳ ᠬᠦᠢᠲᠡᠨ ᠢ ᠰᠥᠷᠬᠦ ᠬᠠᠳᠠᠠ ᠵᠣᠷᠢᠭ ᠢᠶᠠᠨ ᠠᠯᠢ ᠡᠷᠲᠡ ᠠᠴᠠ ᠬᠤᠷᠴᠠᠯᠠᠨ᠎ᠠ᠃ | ᠡᠪᠦᠯ᠂ ᠬᠠᠶᠠ ᠬᠠᠶᠠ ᠬᠠᠥᠭᠢᠠ ᠱᠤᠤᠭᠢᠭᠠᠳ ᠵᠤᠳ ᠰᠢᠭᠤᠷᠭᠠᠨ ᠠᠪᠴᠢᠷᠠᠳᠠᠭ᠃ ᠶᠢᠷᠲᠢᠨᠴᠦ ᠶᠢᠨ ᠬᠥᠮᠥᠨ ᠳᠡᠩᠳᠡᠭᠦᠦ ᠶᠡᠭᠡ ᠠᠮᠤᠷ ᠵᠢᠷᠭᠠᠯᠠᠩ ᠳᠤ | ᠪᠢᠯᠠᠭᠤᠷᠠᠵᠤ ᠮᠡᠳᠡᠬᠦ ᠲᠤᠯᠠ ᠲᠠᠷ ᠬᠦᠴᠦᠨ ᠢ ᠨᠢ ᠰᠢᠯᠭᠠᠵᠤ᠂ ᠡᠷᠴᠢ ᠵᠣᠷᠢᠭ ᠢ ᠨᠢ ᠬᠥᠪᠴᠢᠯᠡᠬᠦ ᠬᠡᠮᠡᠨ ᠣᠷᠴᠢᠯᠠᠩ ᠪᠠᠶᠢᠭᠠᠯᠢ ᠶᠢᠨ ᠤᠠᠴᠠᠭᠠᠢ ᠵᠠᠷᠯᠢᠭ ᠢᠶᠠᠷ ᠡᠪᠦᠯ | ᠭᠤᠸᠠᠢ ᠲᠡᠶᠢᠨᠬᠦ ᠦᠰᠦ ᠭᠡᠵᠢᠭᠡ ᠪᠠᠨ ᠪᠣᠰᠬᠠᠨ᠂ ᠦᠵᠡᠬᠦ ᠨᠢᠳᠦ ᠪᠠᠨ ᠡᠷᠡᠶᠢᠯᠭᠡᠨ ᠰᠦᠷᠳᠡᠲᠦᠭᠡᠢ᠂ ᠡᠮᠢᠶᠡᠲᠦᠭᠡᠢ ᠬᠡᠮᠡᠨ ᠠᠭᠰᠤᠮ ᠲᠠᠯᠪᠢᠬᠤ ᠠᠵᠢ᠃ ᠲᠡᠭᠡᠭᠦᠯᠡᠷ | ᠬᠥᠮᠥᠰ ᠨᠣᠪ ᠨᠣᠮᠣᠬᠠᠨ ᠪᠣᠯᠴᠢᠬᠠᠭᠠᠳ ᠣᠷᠣᠰᠢᠨ ᠠᠮᠢᠳᠤᠷᠠᠬᠤ ᠳᠤᠯᠠᠭᠠᠨ ᠥᠷᠭᠦᠭᠡ᠂ ᠤᠤᠭᠤᠵᠤ ᠢᠳᠡᠬᠦ ᠶᠢᠨ ᠦᠨᠳᠦᠰᠦᠨ ᠱᠠᠭᠠᠷᠳᠠᠯᠭ᠎ᠠ ᠶᠢᠨ ᠢᠶᠠᠨ ᠲᠥᠯᠥᠭᠡ | ᠴᠡᠪᠳᠡᠭ ᠡᠪᠦᠯ ᠤᠨ ᠬᠦᠢᠲᠡᠨ ᠡᠪᠦᠷ ᠲᠤ ᠴᠢᠨᠡᠭᠡ ᠮᠡᠳᠡᠡ ᠲᠡᠯᠴᠢᠯᠡᠨ ᠳᠠᠪᠬᠢᠵᠠᠭᠠᠨᠠ᠃ ᠬᠥᠳᠡᠭᠡ ᠭᠠᠳᠠᠭ᠎ᠠ ᠶᠢᠨ ᠦᠵᠡᠮᠵᠢ ᠤᠶᠢᠳᠤᠩᠭᠤᠢ ᠢᠯᠥᠮᠭᠡᠡ᠃ ᠨᠠᠭᠤᠷ | ᠪᠦᠷᠢᠳᠦ᠂ ᠭᠤᠣᠯ ᠭᠤᠷᠤᠬ᠎ᠠ ᠨᠢᠰ ᠲᠢᠰ ᠬᠥᠯᠳᠡᠵᠦ᠂ ᠮᠣᠳᠣᠳ ᠴᠠᠩ ᠰᠠᠭᠰᠤᠷᠭ᠎ᠠ ᠪᠠᠨ ᠲᠠᠭᠠᠭᠠ ᠶᠠᠳᠠᠮᠠᠷ ᠳᠡᠩᠬᠡᠯᠵᠡᠨ᠂ ᠲᠤᠪᠤ ᠲᠣᠯᠣᠭᠠᠳ ᠡᠯᠴᠢᠯ ᠦᠭᠡᠢ | ᠭᠠᠭᠴᠠᠭᠠᠷᠳᠠᠯ ᠤᠨ ᠳᠤᠮᠳᠠ ᠪᠤᠯᠠᠬᠳᠠᠬᠰᠠᠠ ᠶᠤᠮ ᠰᠢᠭ᠋ ᠲᠣᠪ ᠳᠤᠭᠤᠶᠢᠬᠠᠨ ᠲᠤᠮᠪᠤᠶᠢᠬᠤ ᠶᠤᠮ ᠠᠵᠢ᠃ ᠠᠭᠤᠯᠠ ᠯᠡ ᠡᠭᠡᠰᠢᠭ ᠲᠠᠳᠠᠠ ᠢᠰᠬᠡᠷᠬᠦ ᠰᠠᠯᠬᠢᠨ ᠢ | ᠬᠠᠩᠭᠠᠢ ᠲᠣᠮᠣ ᠪᠡᠶ᠎ᠡ ᠪᠠᠷ ᠢᠶᠠᠨ ᠬᠠᠰᠢᠨ ᠵᠣᠭᠰᠣᠭᠠᠭᠠᠳ ᠥᠪᠡᠷ ᠤᠨ ᠬᠢᠨᠢ ᠨᠥᠮᠥᠷᠢ ᠳᠤ ᠪᠠᠶᠢᠭ᠎ᠠ ᠬᠥᠮᠥᠨ ᠠᠮᠢᠳᠠᠠ ᠳᠤ ᠬᠦᠢᠲᠡᠨ ᠨᠣᠶᠢᠲᠠᠨ ᠤ ᠬᠠᠯᠠ | ᠠᠮᠰᠠᠭᠤᠯᠬᠤ ᠦᠭᠡᠢ ᠭᠡᠰᠡᠨ ᠰᠢᠭ ᠲᠠᠩᠭᠠᠷᠢᠭ ᠪᠠᠲᠤ ᠰᠦᠨᠳᠡᠷᠯᠡᠨ᠎ᠡ᠃ ᠬᠠᠷᠠᠬᠤ ᠳᠤ ᠪᠦᠷ ᠠᠮᠢ ᠦᠭᠡᠢ᠂ ᠠᠮᠢᠵᠢᠷᠠᠯ ᠦᠭᠡᠢ ᠰᠢᠭ ᠪᠠᠶᠢᠪᠠᠴᠤ ᠦᠨᠡᠨ ᠳᠡᠭᠡᠨ ᠠᠮᠢ | ᠠᠮᠢᠵᠢᠷᠠᠯ ᠢ ᠲᠡᠳᠡ ᠵᠢᠷᠦᠬᠡᠨ ᠲᠠᠮᠢᠷ ᠢᠶᠠᠷ ᠢᠶᠠᠨ ᠡᠴᠢᠨ᠎ᠡ ᠲᠠᠯᠳᠠ ᠳᠠᠭᠠᠨ ᠬᠠᠳᠠᠭᠠᠯᠠᠵᠤ ᠪᠠᠶᠢᠭ᠎ᠠ ᠶᠤᠮ᠃ ᠮᠠᠯᠴᠢᠳ ᠲᠡᠪᠡᠯ ᠵᠤᠪᠴᠠᠭ᠎ᠠ ᠪᠠᠷ ᠢᠶᠠᠨ ᠭᠤᠶᠣᠯᠠᠵᠤ᠂ | ᠬᠠᠬᠢᠷ ᠡᠪᠦᠯ ᠢ ᠬᠠᠳᠠᠭ ᠲᠠᠳᠠᠠ ᠬᠦᠨᠳᠦᠳᠬᠡᠨ ᠤᠭᠲᠤᠳᠠᠭ ᠨᠢ ᠪᠠᠶᠢᠭᠠᠯᠢ ᠳᠡᠯᠡᠬᠡᠢ ᠪᠠᠨ ᠬᠢᠵᠠᠭᠠᠯᠠᠰᠢ ᠦᠭᠡᠢ ᠬᠦᠨᠳᠦᠳᠬᠡᠨ ᠪᠢᠰᠢᠷᠡᠵᠦ᠂ ᠬᠠᠶᠢᠷᠠᠯᠠᠨ ᠪᠠᠭ᠋ᠠᠷᠬᠠᠵᠤ | ᠪᠠᠶᠢᠭ᠎ᠠ ᠶᠢᠨ ᠢᠯᠡᠷᠡᠯ ᠰᠢᠤ ᠳ᠋ᠠ᠃ | ᠤᠯᠠᠷᠢᠯ ᠤᠨ ᠡᠬᠢᠨ ᠢ ᠬᠠᠪᠤᠷ ᠬᠡᠮᠡᠨ ᠣᠨᠴᠠᠯᠠᠨ ᠨᠡᠷᠡᠶᠢᠳᠦᠭᠰᠡᠨ ᠪᠣᠯᠬᠤᠷ ᠡᠪᠦᠯ ᠨᠢ ᠡᠴᠦᠰ ᠤᠨ ᠤᠯᠠᠷᠢᠯ ᠪᠠᠶᠢᠵᠠᠢ᠃ ᠮᠥᠰᠥ ᠴᠠᠰᠤ ᠪᠠᠷ ᠢᠶᠠᠨ ᠮᠠᠯᠠᠭᠠᠢ | ᠲᠢᠲᠢᠮ ᠪᠤᠯᠭᠠᠬᠰᠠᠠ ᠡᠪᠦᠯ ᠬᠡᠮᠡᠬᠦ ᠴᠠᠭ ᠵᠠᠢ ᠮᠠᠨᠢ ᠡᠪᠦᠭᠡᠨ ᠪᠤᠭᠤᠷᠤᠯ ᠬᠠᠷᠠᠴᠠ ᠪᠠᠷ ᠢᠶᠠᠨ ᠨᠢᠯᠬ᠎ᠠ ᠬᠠᠪᠤᠷ᠂ ᠵᠠᠯᠠᠭᠤ ᠵᠤᠠ᠂ ᠢᠳᠡᠷ ᠨᠠᠮᠤᠷ ᠤᠨ ᠥᠰᠤᠠ ᠪᠣᠶᠢᠵᠢᠵᠤ᠂ | ᠥᠪᠡᠷ ᠤᠨ ᠶᠠᠩᠵᠤ ᠪᠠᠷ ᠣᠷᠣᠰᠢᠨ᠂ ᠣᠷᠴᠢᠯᠠᠩ ᠤᠨ ᠵᠢᠮ᠎ᠡ ᠶᠣᠰᠣ ᠶᠢ ᠪᠡᠶᠡᠯᠡᠭᠦᠯᠦᠨ ᠭᠡᠷᠡᠴᠢᠯᠡᠬᠦ ᠭᠦᠷᠳᠡᠯ᠎ᠡ ᠨᠢᠳᠦ ᠪᠠᠷ ᠢᠶᠠᠨ ᠦᠵᠡᠨ᠂ ᠴᠢᠬᠢ ᠪᠠᠷ ᠢᠶᠠᠨ | ᠰᠣᠨᠣᠰᠴᠤ᠂ ᠣᠷᠴᠢᠯ ᠤᠨ ᠶᠣᠰᠣᠨ ᠤ ᠪᠦᠭᠦ ᠶᠠᠪᠤᠴᠠ ᠶᠢ ᠲᠡᠭᠦᠯᠳᠡᠷ ᠣᠶᠢᠯᠠᠭᠠᠨ᠂ ᠶᠢᠷᠲᠢᠨᠴᠦ ᠶᠢᠨ ᠬᠥᠮᠥᠨ ᠳᠤ ᠵᠠᠪᠠᠯ ᠬᠠᠯᠠᠭᠤᠨ ᠬᠦᠢᠲᠡᠨ᠂ ᠳᠤᠯᠠᠭᠠᠨ ᠰᠡᠷᠢᠭᠦᠨ ᠤ | ᠠᠮᠲᠠ ᠦᠵᠡᠭᠦᠯᠵᠦ᠂ ᠬᠠᠬᠢᠷ ᠴᠡᠪᠳᠡᠭ᠂ ᠬᠠᠷᠭᠢᠰ ᠲᠤᠬᠰᠢᠠ ᠨᠡᠷ᠎ᠡ ᠣᠯᠬᠤ ᠠᠴᠠ ᠪᠠᠨ ᠤᠬᠳᠤ ᠪᠤᠴᠠᠰᠢ ᠦᠭᠡᠢ ᠶᠠᠩᠵᠤ ᠪᠠᠷ ᠪᠠᠶᠢᠭᠠᠯᠢ ᠶᠢᠨ ᠵᠠᠷᠯᠢᠭ ᠢ ᠥᠪᠡᠷ | ᠤᠨ᠋ ᠢᠶᠠᠨ ᠪᠡᠶ᠎ᠡ ᠳᠡᠭᠡᠷ᠎ᠡ ᠪᠡᠶᠡᠯᠡᠭᠦᠯᠵᠡᠢ᠃ ᠥᠪᠡᠷ ᠢᠶᠠᠨ ᠪᠤᠭᠤᠷᠤᠯ ᠪᠣᠯᠴᠢᠬᠠᠭᠰᠠᠨ ᠲᠤᠯᠠ ᠬᠠᠰᠬᠢᠷᠬᠤ ᠲᠠᠭᠤᠠ ᠨᠢ ᠵᠢᠪᠬᠤᠯᠠᠩᠲᠠᠢ ᠴᠢᠩᠭ᠎ᠠ᠂ ᠡᠭᠡᠭᠡ ᠯᠡ ᠦᠷ᠎ᠡ | ᠬᠤᠶᠢᠴᠢᠰ ᠢᠶᠠᠨ ᠵᠠᠩᠨᠠᠨ ᠰᠤᠷᠭᠠᠵᠤ ᠪᠠᠶᠢᠭ᠎ᠠ ᠡᠪᠦᠭᠡᠨ ᠰᠢᠭ ᠢᠶᠠᠷ ᠬᠥᠮᠥᠨ ᠲᠥᠷᠥᠯᠬᠢᠲᠡᠨ᠂ ᠠᠮᠢᠳᠠᠠ ᠭᠤᠣᠯᠲᠠᠨ ᠢ ᠢᠳᠡ ᠬᠦᠴᠦᠲᠡᠢ ᠰᠢᠯᠪᠢᠭᠦᠷᠳᠡᠵᠦ᠂ ᠬᠠᠶᠠ | ᠬᠠᠶᠠ ᠡᠬᠡ ᠳᠡᠯᠡᠬᠡᠢ ᠳᠡᠭᠡᠷ᠎ᠡ ᠴᠠᠰᠤ ᠪᠦᠵᠢᠩᠨᠡᠭᠦᠯᠥᠠ ᠲᠠᠭᠢᠠ ᠲᠥᠷᠥᠭᠦ ᠬᠠᠪᠤᠷ ᠤᠨ ᠲᠥᠯᠥᠭᠡ ᠢᠷᠡᠭᠡᠳᠦᠢ ᠶᠢᠨ ᠳᠡᠪᠢᠰᠬᠡᠷ ᠢ ᠨᠢ ᠭᠠᠶᠢᠬᠠᠯᠲᠠᠢ ᠭᠤᠶᠤ ᠤᠷᠠᠯᠠᠵᠤ | ᠥᠭᠬᠦ ᠠᠵᠢ᠃ ᠢᠩᠭᠢᠵᠦ ᠶᠠᠷᠢᠬᠤ ᠳᠤ ᠤᠯᠠᠷᠢᠯ ᠤᠨ ᠡᠴᠦᠰ ᠪᠤᠯᠬᠤ ᠡᠪᠦᠯ ᠮᠠᠨᠢ ᠦᠨᠡᠨ ᠳᠡᠭᠡᠨ ᠡᠬᠢᠨ ᠤ ᠤᠯᠠᠷᠢᠯ ᠬᠠᠪᠤᠷ ᠤᠨ ᠢᠶᠠᠨ ᠡᠭᠦᠰᠬᠡᠯ ᠪᠡᠶ᠎ᠡ ᠶᠤᠮ ᠪᠠᠶᠢᠨ᠎ᠠ᠃ | | ᠡᠪᠦᠯ ᠪᠣᠯ ᠦᠷ᠎ᠡ ᠳ᠋ᠦᠩ᠃ ᠬᠠᠪᠤᠷ ᠤᠨ ᠲᠠᠷᠢᠶᠠᠯᠠᠭ᠎ᠠ᠂ ᠵᠤᠠ ᠤ ᠠᠷᠠᠴᠢᠯᠠᠭ᠎ᠠ᠂ ᠨᠠᠮᠤᠷ ᠤᠨ ᠬᠤᠷᠢᠶᠠᠯᠲᠠ ᠳᠤ ᠬᠡᠨ ᠨᠢ ᠠᠵᠢᠯᠴᠢ᠂ ᠬᠡᠨ ᠨᠢ ᠬᠤᠶᠢᠷᠭᠤ | ᠪᠠᠶᠢᠯ᠎ᠠ ᠭᠡᠳᠡᠭ ᠢ ᠡᠪᠦᠯ ᠭᠡᠷᠡᠴᠢᠯᠡᠵᠦ ᠥᠭᠳᠡᠭ᠃ ᠲᠥᠯ ᠤᠨ ᠤᠯᠠᠷᠢᠯ ᠤᠨ ᠶᠠᠭᠠᠷᠠᠤ ᠴᠠᠭ ᠴᠤ ᠰᠡᠦᠬᠡ ᠮᠠᠰᠢᠨ ᠲᠠᠢ ᠰᠠᠶᠢᠬᠠᠨ ᠵᠠᠯᠠᠭᠤᠰ ᠬᠤᠳᠠ ᠣᠷᠣᠭᠠᠳ | ᠭᠠᠩᠭᠠᠯᠠᠵᠤ ᠪᠠᠶᠢᠪᠠ ᠤᠤ᠂ ᠲᠥᠯ ᠤᠨ ᠤᠭᠤᠲᠠ ᠡᠭᠦᠷᠦᠭᠡᠳ ᠰᠥᠷᠥᠭ ᠲᠠᠭᠠᠵᠤ ᠪᠠᠶᠢᠪᠠ ᠤᠤ ᠭᠡᠳᠡᠭ ᠢ ᠮᠥᠩᠭᠦᠨ ᠰᠠᠬᠠᠯ ᠰᠢᠪᠳᠤᠷᠤᠬᠰᠠᠠ ᠡᠪᠦᠯ ᠡᠪᠦᠭᠡ ᠮᠢᠩᠭᠠᠨ | ᠪᠠᠷ᠎ᠠ ᠶᠢᠨ ᠠᠯᠤᠰ ᠠᠴᠠ ᠲᠣᠯᠢᠳᠠᠨ ᠬᠠᠷᠠᠴᠢᠬᠠᠬᠤ ᠭᠡᠳᠡᠭ ᠢ ᠢᠲᠡᠭᠡᠬᠦ ᠤᠤ ᠲᠠ︖ ᠡᠪᠡᠰᠦ ᠪᠣᠷᠳᠤᠭ᠎ᠠ ᠪᠠᠨ ᠡᠯᠪᠡᠭ ᠣᠷᠣᠭᠤᠯᠵᠤ᠂ ᠬᠠᠰᠢᠶ᠎ᠠ ᠰᠠᠷᠠᠪᠴᠢ ᠪᠠᠨ | ᠬᠠᠩᠭᠢ ᠵᠠᠰᠠᠭᠠᠳ ᠬᠥᠯᠳᠡᠭᠦᠦ ᠬᠦᠢᠲᠡᠨ᠂ ᠵᠤᠳ ᠭᠠᠮᠰᠢᠭ ᠲᠠᠢ ᠲᠡᠮᠡᠴᠡᠯᠴᠡᠬᠦ ᠤᠷᠠᠨ ᠤᠬᠠᠭ᠎ᠠ ᠪᠠᠨ ᠰᠡᠯᠪᠢᠵᠦ ᠪᠠᠶᠢᠪᠠ ᠤᠤ ᠦᠭᠡᠢ ᠤᠤ ᠭᠡᠳᠡᠭ ᠢ ᠴᠢᠨᠢ ᠡᠪᠦᠯ | ᠡᠪᠦᠭᠡ ᠤᠳᠠᠯ ᠦᠭᠡᠢ ᠰᠢᠯᠭᠠᠬᠤ ᠪᠠᠷ ᠢᠷᠡᠴᠢᠬᠡᠨ᠎ᠡ ᠭᠡᠳᠡᠭ ᠢ ᠬᠡᠷᠡᠭ ᠴᠤ ᠦᠭᠡᠢ ᠵᠣᠭᠤᠭ ᠬᠡᠮᠡᠨ ᠬᠡᠩᠬᠦᠯᠵᠡᠵᠦ ᠪᠠᠶᠢᠪᠠ ᠤᠤ ᠲᠠ︖ ᠨᠠᠶᠢᠷ ᠬᠠᠶᠢᠷ᠎ᠠ ᠦᠭᠡᠢ | ᠪᠥᠭᠡᠳ ᠲᠥᠪ ᠶᠡᠬᠡᠮᠰᠦᠭ ᠡᠪᠦᠯ ᠬᠡᠮᠡᠭᠴᠢ ᠶᠢᠨ ᠦᠵᠡᠯ ᠰᠠᠨᠠᠭᠠᠨ ᠳᠤ ᠡᠭᠡᠯ ᠪᠣᠷᠣᠴᠤᠤᠯ᠂ ᠡᠩ ᠤᠨ ᠮᠠᠯᠴᠢᠨ᠂ ᠡᠰᠡᠬᠦᠯ᠎ᠡ ᠡᠷᠬᠢᠮ ᠶᠡᠬᠡᠴᠦᠦᠯ ᠭᠡᠭᠴᠢ ᠤᠬᠳᠤ | ᠢᠯᠭᠠᠭ᠎ᠠ ᠪᠠᠶᠢᠳᠠᠭ ᠦᠭᠡᠢ ᠬᠤᠷᠸ᠎ᠠ ᠶᠢᠨ ᠬᠤᠮᠤᠬᠠᠶᠢᠴᠤᠳ ᠲᠡᠳᠦᠢ ᠪᠢᠯᠡ᠃ ᠲᠤᠯᠳᠤᠭᠠᠨᠠᠬᠤ᠂ ᠲᠡᠪᠴᠢᠶᠡᠷᠢ ᠠᠯᠳᠠᠬᠤ᠂ ᠲᠤᠩ ᠶᠠᠯᠢᠮ ᠦᠭᠡᠢ ᠬᠠᠷᠢᠶᠠᠯ ᠵᠦᠬᠡᠯ | ᠲᠡᠭᠦᠨ ᠤ ᠰᠣᠨᠣᠷ ᠲᠤ ᠬᠠᠷᠢᠨ ᠤᠬᠳᠤ ᠣᠷᠣᠳᠠᠭ ᠦᠭᠡᠢ᠃ | ᠡᠪᠦᠯ᠂ ᠥᠳᠡᠯᠥᠭᠡ ᠨᠠᠰᠤᠲᠠᠳ ᠢ ᠬᠠᠯᠠᠭᠤᠨ ᠬᠠᠨᠵᠤ᠂ ᠵᠥᠭᠡᠯᠡᠨ ᠣᠷᠣ ᠳᠡᠭᠡᠷ᠎ᠡ ᠪᠠᠶᠢᠯᠭᠠᠵᠤ᠂ ᠦᠷ᠎ᠡ ᠬᠡᠦᠬᠡᠳ ᠨᠢ ᠴᠠᠢ ᠱᠥᠯᠥ ᠣᠶᠢᠷᠠᠲᠤᠭᠤᠯᠤᠨ᠂ ᠨᠢᠯᠬ᠎ᠠ | ᠵᠢᠭᠠᠯ ᠤᠳ ᠨᠢ ᠡᠪᠦᠳᠦᠭ ᠲᠣᠭᠤᠷᠢᠨ ᠡᠷᠬᠡᠯᠡᠵᠦ ᠲᠤᠨᠢᠷᠬᠠᠬᠤ ᠶᠢ ᠥᠪᠡᠷ ᠤᠨ ᠢᠶᠠᠨ ᠱᠠᠭᠠᠷᠳᠠᠯᠭ᠎ᠠ ᠬᠡᠮᠡᠨ ᠵᠠᠷᠯᠠᠳᠠᠭ᠃ ᠡᠶᠢᠮᠦᠷᠬᠦᠦ ᠤᠭᠢ ᠠᠮᠢᠳᠤᠯᠢᠭ ᠤᠷᠠᠨ | ᠵᠢᠷᠤᠭ ᠤᠨ ᠥᠵᠡᠰᠭᠦᠯᠡᠩ ᠢ ᠲᠤᠮᠳᠠᠳᠤ ᠶᠢᠨ ᠦᠨᠳᠦᠰᠦᠲᠡᠨ ᠤ ᠰᠢᠯᠢᠳᠡᠭ ᠬᠡᠪ ᠰᠤᠷᠲᠠᠯ ᠬᠡᠮᠡᠨ ᠰᠠᠯᠬᠢᠨ᠂ ᠵᠤᠳ ᠰᠢᠭᠤᠷᠭᠠᠨ᠂ ᠴᠠᠰᠤᠲᠤ ᠤᠷᠭᠢᠯ᠂ ᠮᠥᠰᠥᠲᠦ | ᠲᠠᠯ᠎ᠠ ᠳᠤ ᠭᠦᠷᠳᠡᠯ᠎ᠡ ᠥᠪᠡᠷ ᠤᠨ ᠭᠡᠯᠡ ᠪᠠᠷ ᠢᠶᠠᠨ ᠶᠠᠷᠢᠵᠤ ᠥᠭᠭᠦᠨ᠎ᠡ᠃ ᠥᠪᠡᠷ ᠢᠶᠠᠨ ᠣᠷᠴᠢᠯᠠᠩ ᠤᠨ ᠲᠡᠷᠲᠡᠭᠡ ᠠᠴᠠ ᠢᠷᠡᠭᠰᠡᠨ ᠪᠣᠯᠬᠤᠷ ᠤᠠᠴᠠᠭᠠᠢ ᠷᠢᠳᠢ | ᠰᠢᠳᠢ ᠶᠢ ᠣᠯᠵᠤ᠂ ᠳᠡᠯᠡᠬᠡᠢ ᠶᠢᠨ ᠪᠥᠮᠪᠥᠷᠴᠡᠭ ᠤᠨ ᠤᠮᠠᠷᠠᠲᠤ ᠬᠡᠰᠡᠭ ᠢ ᠦᠯᠡᠳᠡᠭᠡᠯ ᠦᠭᠡᠢ ᠵᠤᠭᠠᠯᠠᠴᠢᠬᠠᠭᠠᠳ᠂ ᠵᠠᠷᠢᠮ ᠳᠠᠭᠠᠨ ᠭᠤᠨᠢᠵᠤ᠂ ᠵᠠᠷᠢᠮ ᠳᠠᠭᠠᠨ ᠳᠠᠭᠤᠯᠠᠳᠠᠭ | ᠴᠤ ᠪᠠᠶᠢᠭᠠᠯᠢ ᠶᠢᠨ ᠵᠢᠮ᠎ᠡ ᠬᠡᠮᠡᠬᠦ ᠲᠡᠭᠷᠢ ᠶᠢᠨ ᠵᠠᠷᠯᠢᠭ ᠢ ᠵᠥᠷᠢᠴᠡᠨ ᠥᠯᠤ ᠴᠢᠳᠠᠬᠤ ᠲᠤᠯᠠ ᠬᠥᠮᠥᠨ ᠲᠥᠷᠥᠯᠬᠢᠲᠡᠨ ᠤ ᠥᠴᠢᠨᠡᠨ ᠲᠥᠴᠢᠨᠡᠨ ᠬᠠᠶᠢᠷ᠎ᠠ | ᠰᠡᠳᠬᠢᠯᠭᠡ ᠳᠤ ᠤᠬᠳᠤ ᠤᠷᠢᠶᠠᠯᠴᠠᠯᠳᠤᠵᠤ ᠪᠤᠯᠳᠠᠭ ᠦᠭᠡᠢ ᠠᠵᠢ᠃ | ᠡᠪᠦᠯ ᠮᠣᠷᠢᠨ ᠬᠤᠷᠳᠤ ᠪᠠᠷ ᠶᠠᠭᠠᠷᠠᠭᠠᠳ ᠢᠷᠡᠳᠡᠭ ᠪᠢᠰᠢ᠂ ᠬᠠᠷᠢᠨ ᠨᠠᠮ ᠨᠠᠮᠵᠢᠭᠤᠨ ᠲᠠᠯᠪᠢᠭᠠᠳ ᠪᠠᠭᠤᠳᠠᠭ᠃ ᠡᠪᠦᠯ ᠤᠨ ᠴᠢᠮᠡᠭᠡ ᠨᠠᠮᠤᠷ ᠤᠨ ᠨᠠᠪᠴᠢᠰ ᠢ | ᠬᠥᠨᠳᠡᠶᠢᠬᠡᠨ ᠱᠠᠷᠴᠢᠭᠢᠨᠠᠭᠤᠯᠬᠤ ᠳᠤ ᠬᠦᠢᠲᠡᠨ ᠳᠤ ᠲᠡᠰᠪᠦᠷᠢᠲᠡᠢ ᠪᠣᠷᠣ ᠪᠣᠯᠵᠣᠮᠣᠷ ᠤᠳ ᠬᠤᠳᠠ ᠶᠢᠨ ᠠᠭᠠᠷ ᠳᠡᠭᠡᠭᠦᠷ ᠰᠦᠯᠵᠢᠯᠳᠦᠭᠰᠡᠨ ᠴᠠᠭᠢᠯᠭᠠᠠ ᠤᠲᠠᠰᠤᠨ | ᠳᠡᠭᠡᠷ᠎ᠡ᠂ ᠬᠥᠳᠡᠭᠡ ᠶᠢᠨ ᠬᠡᠷᠡᠮ ᠰᠠᠷᠠᠪᠴᠢ᠂ ᠡᠰᠡᠬᠦᠯ᠎ᠡ ᠮᠠᠯ ᠤᠨ ᠬᠠᠰᠢᠶᠠᠨ ᠳᠡᠭᠡᠷ᠎ᠡ ᠡᠩᠨᠡᠷᠡᠨ ᠰᠠᠭᠤᠭᠠᠳ ᠥᠴᠥᠬᠡᠨ ᠵᠢᠵᠢᠭ ᠪᠡᠶ᠎ᠡ ᠳᠤᠨᠢ ᠦᠵᠦᠭᠦᠷ ᠬᠢᠵᠠᠭᠠᠷ | ᠦᠭᠡᠢ ᠲᠣᠮᠣ ᠪᠡᠯᠡᠭ ᠬᠦᠷᠭᠡᠬᠦ ᠪᠠᠷ ᠪᠠᠶᠢᠭ᠎ᠠ ᠭᠠᠩᠭᠠᠩ ᠴᠠᠭᠠᠨ ᠡᠪᠦᠯ ᠢ ᠤᠭᠲᠤᠬᠤ ᠲᠤᠬᠠᠢ ᠨᠢᠵᠢᠭᠢᠷ ᠬᠤᠷᠠᠯ ᠢᠶᠠᠨ ᠬᠤᠷᠠᠯᠳᠤᠭᠤᠯᠳᠠᠭ᠃ ᠲᠡᠳᠡ ᠬᠠᠬᠢᠷ ᠬᠦᠢᠲᠡᠨ᠂ | ᠲᠡᠰᠪᠦᠷᠢ ᠲᠡᠪᠴᠢᠶᠡᠷᠢ᠂ ᠬᠦᠴᠢᠷ ᠪᠡᠷᠬᠡ ᠶᠢ ᠤᠭᠲᠤᠬᠤ ᠪᠠᠷ ᠨᠢᠰᠳᠡᠭ ᠠᠮᠢᠳᠠᠠ ᠪᠣᠯᠵᠤ ᠲᠥᠷᠥᠭᠰᠡᠡ ᠤ ᠨᠢᠭᠡᠨ ᠠᠵᠠ ᠲᠠᠪᠢᠯᠠᠩ ᠬᠡᠮᠡᠨ ᠪᠤᠳᠤᠳᠠᠭ ᠪᠣᠯᠬᠤᠷ ᠡᠶᠢᠮᠦ | ᠪᠡᠯᠡᠭ ᠢ ᠡᠪᠦᠯ ᠬᠡᠷᠪᠡ ᠠᠪᠴᠢᠷᠠᠬᠤ ᠦᠭᠡᠢ ᠶᠤᠮ ᠪᠣᠯ ᠡᠪᠦᠯ ᠴᠤ ᠶᠠᠭᠤ ᠪᠤᠯᠬᠤ ᠶᠤᠮ ᠪᠣᠯ᠂ ᠪᠣᠯᠵᠣᠮᠣᠷ ᠴᠤ ᠶᠠᠭᠤ ᠪᠤᠯᠳᠠᠭ ᠶᠤᠮ ᠪᠣᠯ ᠭᠡᠵᠦ ᠭᠠᠶᠢᠬᠠᠨ | ᠱᠤᠯᠤᠭᠠᠨᠠᠯᠳᠤᠨᠠ᠃ | ᠡᠪᠦᠯ ᠴᠤ ᠶᠠᠭᠠᠬᠢᠬᠤ ᠪᠤᠢ᠂ ᠥᠪᠡᠷ ᠤᠨ ᠢᠶᠠᠨ ᠶᠠᠩᠵᠤ ᠪᠠᠷ ᠶᠠᠭᠠᠷᠠᠮ ᠦᠭᠡᠢ ᠪᠠᠭᠤᠨ᠎ᠠ᠃ ᠭᠡᠬᠦ ᠳᠡᠭᠡᠨ ᠲᠡᠷᠡ ᠬᠤᠩᠭᠤᠷᠴᠤᠬᠳᠤ ᠮᠣᠳᠣᠨ ᠤ ᠳᠣᠣᠷ᠎ᠠ | ᠪᠣᠯᠵᠣᠭᠰᠠᠨ ᠵᠠᠯᠠᠭᠤᠰ ᠢ ᠬᠤᠷᠳᠤᠬᠠᠨ ᠬᠤᠷᠢᠮ ᠢᠶᠠᠨ ᠬᠢᠭᠡᠷᠡᠢ ᠭᠡᠵᠦ ᠰᠢᠪᠠᠳᠠᠭᠤᠯᠤᠭᠠᠳ ᠪᠠᠶᠢᠳᠠᠭ ᠨᠢ ᠬᠥᠮᠥᠨ ᠲᠥᠷᠥᠯᠬᠢᠲᠡᠨ ᠬᠥᠭᠵᠢᠨ ᠦᠷᠡᠵᠢᠭᠡᠳ ᠯᠡ | ᠪᠠᠶᠢᠪᠠᠯ ᠡᠪᠦᠭᠡᠨ ᠪᠤᠭᠤᠷᠤᠯ ᠡᠪᠦᠯ ᠪᠢ ᠴᠤ ᠤᠶᠢᠳᠤᠨ ᠭᠠᠭᠴᠠᠭᠠᠷᠳᠠᠬᠤ ᠶᠣᠰᠣ ᠦᠭᠡᠢ ᠬᠡᠮᠡᠨ ᠪᠤᠳᠤᠬᠰᠠᠠ ᠳᠠᠭᠠᠨ ᠴᠤ ᠪᠢᠯᠢᠦ︕ | | |