︽ᠭᠡᠭᠡᠨ ᠥᠷᠯᠥᠭᠡ - ᠬᠡᠷᠡᠯᠳᠦ ᠡᠬᠢᠯᠡᠯ︾᠃ | ᠥᠷᠯᠥᠭᠡ ᠰᠠᠶᠢᠬᠠᠨ ᠠ᠋︕ | ᠬᠥᠮᠥᠨ ᠤ ᠠᠮᠢᠳᠤᠷᠠᠯ ᠡᠳᠦᠷ ᠪᠦᠷᠢ ᠪᠠᠨ ᠳᠠᠪᠲᠠᠨ ᠦᠷᠭᠦᠯᠵᠢᠯᠡᠳᠡᠭ ᠴᠦ ᠡᠷᠲᠡᠯᠡᠨ ᠪᠣᠰᠴᠤ ᠪᠠᠶᠢᠭᠠᠯᠢ ᠳᠡᠯᠡᠬᠡᠢ ᠶᠢᠨ ᠠᠭᠤᠳᠠᠮ ᠴᠢᠯᠦᠭᠡ ᠶᠢ ᠪᠠᠭ᠋ᠠᠷᠬᠠᠨ᠂ | ᠴᠡᠪᠡᠷ ᠠᠷᠢᠭᠤᠨ ᠠᠭᠠᠷ ᠢ ᠭᠦᠨ ᠠᠮᠢᠰᠬᠤᠯᠯᠠᠬᠤ ᠳᠤ ᠪᠡᠶ᠎ᠡ ᠰᠡᠳᠬᠢᠯ ᠠᠷᠢᠭᠤᠰᠤᠨ ᠲᠤᠩᠭᠠᠯᠠᠭᠰᠢᠵᠤ ᠡᠨᠡ ᠡᠳᠦᠷ ᠤᠨ ᠠᠯᠢᠪᠠ ᠪᠦᠭᠦᠨ ᠴᠣ ᠰᠢᠨ᠎ᠡ ᠪᠠᠷ ᠡᠬᠢᠯᠡᠵᠦ | ᠡᠳᠦᠷᠵᠢᠨ ᠪᠠᠶᠠᠷ ᠪᠠᠶᠠᠰᠤᠯ ᠲᠠᠢ ᠥᠭᠡᠳᠡᠷᠬᠡᠭ ᠶᠠᠪᠤᠬᠤ ᠶᠢᠨ ᠰᠢᠳᠢ ᠶᠢ ᠲᠠᠨ ᠳᠤ ᠣᠯᠭᠤᠵᠤ ᠴᠢᠳᠠᠳᠠᠭ ᠶᠤᠮ᠃ ᠤᠮᠠᠷᠠᠲᠤ ᠣᠷᠣᠨ ᠤ ᠮᠢᠨᠢ ᠲᠦᠷᠪᠡᠨ ᠤᠯᠠᠷᠢᠯ ᠤᠨ | ᠥᠷᠯᠥᠭᠡ ᠪᠣᠯᠭᠠᠨ ᠥᠪᠡᠷ ᠥᠪᠡᠷ ᠤᠨ ᠥᠩᠭᠡ ᠪᠠᠷ ᠢᠶᠠᠨ ᠭᠤᠸ᠎ᠠ ᠰᠠᠶᠢᠬᠠᠨ ᠡᠷᠴᠢ ᠡᠨᠧᠷᠭᠢ ᠲᠠᠢ ᠪᠠᠶᠢᠳᠠᠭ ᠢ ᠠᠵᠢᠯᠴᠢ ᠭᠦᠳᠡᠯᠮᠦᠷᠢᠴᠢ ᠬᠥᠮᠥᠨ ᠠᠷᠠᠳ ᠮᠢᠨᠢ | ᠠᠨᠳᠠᠬᠤ ᠦᠭᠡᠢ᠃ | ᠪᠠᠭ᠎ᠠ ᠪᠠᠶᠢᠬᠤ ᠳᠤ ᠲᠡᠰᠭᠢᠮ᠎ᠡ ᠬᠦᠢᠲᠡᠨ ᠡᠪᠦᠯ ᠤᠨ ᠴᠠᠭ ᠡᠵᠢ ᠮᠢᠨᠢ ᠡᠷᠲᠡ ᠪᠣᠰᠴᠤ᠂ ᠭᠠᠯ ᠬᠥᠭᠵᠢᠭᠡᠵᠦ ᠭᠡᠷ ᠢᠶᠠᠨ ᠳᠤᠯᠠᠭᠠᠯᠠᠳᠠᠭ ᠰᠠᠨ᠃ | ᠳᠠᠭᠠᠷᠠᠬᠤ ᠳᠠᠭᠠᠨ ᠲᠦᠷᠪᠡᠨ ᠮᠥᠴᠢ ᠪᠠᠨ ᠠᠲᠤᠷᠢᠭᠠᠳ ᠬᠡᠪᠲᠡᠵᠦ ᠪᠠᠶᠢᠭᠰᠠᠨ ᠪᠢᠳᠠ ᠭᠡᠷ ᠬᠠᠯᠠᠰᠬᠤ ᠪᠠᠷ ᠲᠠᠭᠢᠭᠠᠳ ᠠᠮᠲᠠᠲᠤ ᠨᠣᠶᠢᠷ ᠲᠠᠭᠠᠨ ᠣᠷᠣᠴᠢᠬᠠᠳᠠᠭ | ᠪᠠᠶᠢᠭᠰᠠᠨ ᠳ᠋ᠠ᠂ ᠢᠩᠭᠢᠲᠡᠯ᠎ᠡ ᠠᠪᠤ ᠮᠢᠨᠢ ︽ᠵᠠ᠂ ᠮᠢᠨᠤ ᠬᠡᠦᠬᠡᠳ ᠪᠣᠰᠴᠠᠭ᠎ᠠ᠂ ᠪᠥᠭᠰᠡᠨ ᠳᠡᠭᠡᠷ᠎ᠡ ᠴᠢᠨᠢ ᠨᠠᠷᠨ ᠲᠤᠰᠤᠯ᠎ᠠ ᠰᠢᠤ︾᠂ ︽ᠪᠠᠷᠰ ᠴᠠᠭ ᠲᠤ ᠪᠤᠰᠬᠤ ᠦᠭᠡᠢ | ᠪᠣᠯ ᠡᠳᠦᠷ ᠤᠨ ᠠᠵᠢᠯ ᠬᠤᠴᠣᠷᠤᠨ᠎ᠠ᠂ ᠪᠠᠭ᠎ᠠ ᠨᠠᠰᠤᠨ ᠳᠠᠭᠠᠨ ᠰᠤᠷᠬᠤ ᠦᠭᠡᠢ ᠪᠣᠯ ᠨᠠᠰᠤᠨ ᠤ ᠶᠠᠪᠤᠳᠠᠯ ᠬᠤᠴᠣᠷᠤᠨ᠎ᠠ︾ ᠭᠡᠵᠦ ᠬᠤᠯᠪᠤᠭ᠎ᠠ ᠬᠤᠷᠰᠢᠶ᠎ᠠ ᠦᠭᠡ ᠪᠠᠷ | ᠮᠠᠨᠤᠰ ᠢ ᠦᠭᠦᠭᠡᠷᠳᠦᠯ ᠤᠷᠮᠠᠰᠢᠭᠤᠯᠤᠯ ᠲᠠᠢ ᠰᠡᠷᠢᠭᠡᠬᠦ ᠳᠤ ᠪᠢᠳᠠ ᠠᠬ᠎ᠠ ᠳᠡᠭᠦᠦ ᠬᠡᠳᠦᠭᠦᠯᠡ ᠪᠠᠨ ᠠᠯᠢᠶᠠᠷᠬᠠᠨ ᠬᠥᠭᠡᠷᠦᠯᠳᠦᠭᠰᠡᠭᠡᠷ ᠪᠣᠰᠴᠠᠭᠠᠳᠠᠭ᠃ ᠠᠭᠠᠭ ᠲᠠᠢ | ᠴᠠᠢ ᠶᠢᠨ ᠦᠨᠦᠷ ᠦᠷᠦᠭᠡ ᠳᠦᠭᠦᠷᠡᠩ ᠬᠠᠩᠬᠤᠯᠴᠢᠬᠠᠭᠰᠠᠨ ᠰᠠᠮᠰᠠ ᠰᠡᠷᠪᠡᠭᠡᠨᠡᠭᠦᠯᠦᠨᠡ᠂ ᠪᠢᠳᠠ ᠭᠠᠯ ᠤᠨ ᠢᠯᠴᠢᠨ ᠳᠤ ᠬᠠᠪ ᠬᠠᠯᠠᠭᠤᠬᠠᠨ ᠪᠣᠯᠤᠭᠰᠠᠨ ᠬᠤᠪᠴᠠᠰᠤ | ᠬᠤᠨᠠᠷ ᠢᠶᠠᠨ ᠤᠷᠤᠯᠳᠤᠨ ᠡᠮᠦᠰᠴᠦ᠂ ᠠᠪᠤ ᠡᠵᠢ ᠠᠴᠠ ᠪᠠᠨ ᠮᠠᠭᠲᠠᠭᠠᠯ ᠣᠯᠬᠤ ᠪᠠᠷ ᠶᠠᠭᠠᠷᠠᠳᠠᠭ ᠪᠢᠯᠡ᠃ ᠬᠡᠦᠬᠡᠳ ᠨᠠᠰᠤᠨ ᠤ ᠡᠳᠦᠷ ᠪᠦᠷᠢ ᠡᠶᠢᠮᠦᠷᠬᠦᠦ ᠬᠠᠯᠠᠭᠤᠨ | ᠳᠤᠯᠠᠭᠠᠨ ᠬᠠᠶᠢᠷ᠎ᠠ ᠬᠠᠯᠠᠮᠵᠢ ᠲᠠᠢ ᠡᠬᠢᠯᠡᠳᠡᠭ ᠪᠠᠶᠢᠭᠰᠠᠨ ᠢᠶᠠᠨ ᠪᠤᠳᠤᠪᠠᠯ ᠰᠠᠶᠢᠬᠠᠨ ᠠ᠋︕ | ᠭᠤᠪᠢ ᠶᠢᠨ ᠲᠤᠬᠰᠢᠨ ᠨᠣᠶᠠᠨ ᠬᠤᠲᠤᠭᠲᠤ ᠳ᠋ᠠᠨᠽᠠᠨᠷᠠᠪᠵᠠᠢ ᠠᠴᠠ ︽ᠪᠠᠳᠠᠷᠠᠵᠤ ᠳᠡᠭᠡᠭᠰᠢᠯᠡᠬᠦ ᠶᠢᠨ ᠦᠨᠳᠦᠰᠦ ᠰᠡᠷᠢᠭᠦ᠂ ᠰᠠᠨᠠᠬᠤ᠂ ᠲᠡᠮᠡᠦᠯᠬᠦ ᠭᠤᠷᠪᠠ᠂ | ᠪᠠᠯᠠᠷᠠᠵᠤ ᠳᠣᠷᠣᠶᠢᠲᠠᠬᠤ ᠶᠢᠨ ᠲᠡᠮᠳᠡᠭ ᠤᠨᠲᠠᠬᠤ᠂ ᠮᠠᠷᠲᠠᠬᠤ᠂ ᠲᠡᠷᠰᠯᠡᠬᠦ ᠭᠤᠷᠪᠠ︾ ᠭᠡᠵᠦ ᠪᠡᠶ᠎ᠡ᠂ ᠭᠡᠯᠨ᠂ ᠰᠡᠳᠬᠢᠯ ᠢᠶᠠᠨ ᠡᠭᠡᠨᠡᠭᠲᠡ ᠬᠢᠨᠠᠵᠤ ᠶᠠᠪᠤᠬᠤ ᠶᠢᠨ ᠡᠷᠳᠡᠨᠢ | ᠮᠡᠲᠦ ᠦᠭᠡ ᠶᠢ ᠬᠠᠶᠢᠷᠠᠯᠠᠵᠤ ᠦᠯᠡᠳᠡᠭᠡᠭᠰᠡᠨ ᠰᠠᠨ᠃ ︽ᠡᠷᠲᠡ ᠪᠣᠰᠪᠠᠯ ᠨᠢᠭᠡ ᠶᠢ ᠦᠵᠡᠨ᠎ᠡ︾ ᠭᠡᠳᠡᠭ ᠢᠶᠠᠷ ᠦᠷ ᠢ ᠳᠠᠭᠤᠳᠠᠨ ᠰᠡᠷᠢᠭᠡᠭᠰᠡᠨ ᠪᠣᠯᠵᠣᠮᠣᠷ ᠤᠨ | ᠱᠤᠯᠤᠭᠠᠨᠠᠭᠠ᠂ ᠤᠨᠢᠶᠠᠷ ᠬᠥᠰᠢᠭᠡᠯᠡᠭᠰᠡᠨ ᠠᠯᠤᠰ ᠤᠨ ᠪᠠᠷ᠎ᠠ᠂ ᠰᠢᠭᠦᠳᠡᠷᠢ ᠡᠮᠬᠦᠭᠰᠡᠨ ᠡᠪᠡᠰᠦ ᠴᠡᠴᠡᠭ ᠤᠨ ᠠᠩᠬᠢᠯᠤᠮ᠎ᠠ ᠦᠨᠦᠷ᠂ ᠱᠢᠷᠦ ᠰᠤᠪᠤᠳ ᠰᠢᠭ᠋ | ᠪᠣᠯᠪᠠᠰᠤᠷᠠᠭᠰᠠᠨ ᠦᠷ᠎ᠡ ᠵᠢᠮᠢᠰ ᠁ ᠥᠷᠯᠥᠭᠡ ᠬᠠᠷᠠᠭᠳᠠᠬᠤ ᠲᠡᠷᠨ ᠪᠦᠭᠦᠨ ᠴᠢᠮ᠎ᠠ ᠳᠤ ᠰᠠᠨᠠᠭᠠᠨ ᠳᠤ ᠦᠭᠡᠢ ᠭᠤᠸ᠎ᠠ ᠰᠠᠶᠢᠬᠠᠨ ᠤ ᠬᠦᠷᠲᠡᠭᠡᠯ ᠱᠠᠩᠨᠠᠬᠤ ᠨᠢ | ᠯᠠᠪᠲᠠᠢ ᠰᠢᠤ᠃ | ᠪᠢ ᠤᠳᠤ ᠴᠦ ᠭᠡᠰᠡᠨ ᠥᠷᠯᠥᠭᠡ ᠳᠡᠭᠡᠨ ᠡᠷᠲᠡ ᠪᠣᠰᠴᠤ ᠴᠠᠢ ᠪᠠᠨ ᠤᠤᠭᠤᠬᠤ ᠠᠴᠠ ᠡᠮᠦᠨ᠎ᠡ ᠠᠰᠠᠷ ᠠᠴᠠ ᠪᠠᠨ ᠪᠠᠭᠤᠵᠤ ᠬᠦᠷᠢᠶᠡᠨ ᠳᠤᠮᠳᠠ ᠠᠯᠬᠤᠬᠤ | ᠪᠤᠶᠤ ᠲᠠᠮᠢᠷ ᠬᠢᠬᠦ ᠵᠠᠩᠰᠢᠯ ᠲᠠᠢ᠃ ᠡᠨᠡ ᠵᠢᠵᠢᠭ ᠬᠤᠷᠢᠶᠠᠯᠠᠯ ᠤᠨ ᠬᠦᠷᠢᠶ᠎ᠡ ᠠᠭᠤᠵᠢᠮ᠂ ᠳᠤᠮᠳᠠ ᠨᠢ ᠪᠠᠷᠤᠭ ᠲᠦᠷᠪᠡᠨ ᠵᠠᠭᠤᠨ ᠮᠧᠲᠷ ᠤᠷᠳᠤ ᠴᠤᠪᠤᠭ᠎ᠠ ᠲᠠᠢ᠃ | ᠲᠠᠯᠠᠪᠠᠢ ᠶᠢᠨ ᠭᠠᠳᠠᠭᠤᠷ ᠳᠥᠷᠪᠡᠯᠵᠢᠯᠡᠨ ᠵᠠᠰᠠᠵᠤ ᠬᠤᠶᠠᠷ ᠬᠠᠵᠠᠭᠤ ᠪᠠᠷ ᠨᠢ ᠠᠷᠴᠠ ᠮᠣᠳᠣ᠂ ᠴᠡᠴᠡᠭ ᠬᠤᠸᠠᠷ ᠢᠶᠠᠷ ᠴᠢᠮᠡᠭᠰᠡᠨ ᠡᠨᠡ ᠴᠤᠪᠤᠭ᠎ᠠ ᠪᠠᠷ ᠰᠡᠯᠡᠭᠦᠴᠡᠨ | ᠠᠯᠬᠤᠬᠤ ᠪᠤᠶᠤ ᠠᠭᠤᠳᠠᠮ ᠲᠠᠯᠠᠪᠠᠢ ᠳᠤᠮᠳᠠ ᠡᠯ᠎ᠡ ᠵᠦᠢᠯ ᠤᠨ ᠲᠠᠮᠢᠷ ᠤᠨ ᠬᠥᠳᠡᠯᠭᠡᠭᠡᠨ ᠬᠢᠬᠦ᠂ ᠳᠠᠭᠤᠤ ᠳᠠᠭᠤᠯᠠᠵᠤ ᠬᠤᠭᠤᠯᠠᠢ ᠪᠠᠨ ᠪᠤᠯᠪᠠᠰᠤᠷᠠᠭᠤᠯᠬᠤ ᠁ | ᠶᠠᠩᠵᠤ ᠪᠦᠷᠢ ᠶᠢᠨ ᠬᠥᠮᠥᠰ ᠤᠨ ᠳᠤᠮᠳᠠ ᠠᠴᠠ ᠨᠢᠭᠡ ᠨᠠᠰᠤᠲᠠᠨ ᠢ ᠪᠢ ᠲᠣᠳᠣ ᠲᠠᠨᠢᠨ᠎ᠠ - ᠬᠥᠯ ᠮᠠᠭᠤᠲᠠᠢ ᠡᠨᠡ ᠨᠠᠰᠤᠲᠠᠨ ᠲᠠᠶᠠᠭ ᠲᠤᠯᠴᠢᠬᠠᠭᠰᠠᠨ ᠪᠠᠷᠤᠭ | ᠣᠷᠣᠨ ᠳᠠᠭᠠᠨ ᠰᠢᠬᠠᠭᠤ ᠵᠦᠳᠡᠭᠦᠬᠡᠨ ᠠᠯᠬᠤᠳᠠᠭ᠃ ᠶᠠᠭ ᠤᠳᠤ ᠡᠨᠡ ᠴᠠᠭ ᠮᠥᠴᠡ ᠪᠠᠨ ᠨᠠᠨᠳᠢᠩᠨᠠᠵᠤ ᠪᠠᠶᠢᠭ᠎ᠠ ᠨᠢ ᠥᠨᠥᠳᠥᠷ ᠢᠶᠠᠨ ᠪᠦᠲᠦᠨ ᠰᠠᠶᠢᠬᠠᠨ ᠪᠠᠶᠢᠯᠭᠠᠶ᠎ᠠ | ᠭᠡᠰᠡᠨ ᠬᠥᠮᠥᠨ ᠪᠣᠯᠭᠠᠨ ᠤ ᠬᠦᠰᠡᠯ ᠪᠠᠶᠢᠨ᠎ᠠ ᠭᠡᠳᠡᠭ ᠢ ᠬᠡᠯᠡᠬᠦ ᠶᠠᠭᠤᠨ︕ ᠬᠠᠶ᠋ᠨ ᠨᠠᠰᠤᠲᠠᠨ ᠲᠠᠢ ᠬᠠᠷᠭᠤᠬᠤ ᠦᠭᠡᠢ ᠪᠣᠯ ︽ᠪᠡᠶ᠎ᠡ ᠨᠢ ᠵᠦᠭᠡᠷ ᠴᠦ ᠪᠣᠯ ᠤᠤ︾ | ᠭᠡᠰᠡᠨ ᠪᠤᠳᠤᠯ ᠣᠷᠣᠳᠠᠭ ᠨᠢ ᠠᠮᠤᠭᠤᠯᠠᠩ ᠥᠷᠯᠥᠭᠡ ᠪᠠᠨ ᠨᠢᠳᠦ ᠳᠦᠭᠦᠷᠡᠩ ᠬᠠᠷᠠᠶ᠎ᠠ ᠭᠡᠰᠡᠨ ᠮᠢᠨᠤ ᠰᠠᠨᠠᠭ᠎ᠠ ᠶᠤᠮ᠃ | ᠨᠠᠰᠤᠲᠠᠨ ᠡᠨᠡ ᠳᠥᠷᠪᠡᠯᠵᠢᠯᠡᠭᠰᠡᠨ ᠴᠤᠪᠤᠭ᠎ᠠ ᠶᠢ ᠤᠯᠠᠨ ᠤᠳᠠᠭ᠎ᠠ ᠠᠮᠤᠰᠬᠢᠵᠦ ᠪᠠᠶᠢᠮᠠᠨ ᠨᠢᠭᠡ ᠡᠷᠭᠢᠵᠦ ᠪᠠᠷᠠᠨ᠎ᠠ᠂ ᠲᠡᠭᠡᠲᠡᠯ᠎ᠡ ᠪᠠᠨ ᠡᠷᠲᠡ ᠣᠷᠣᠢ ᠭᠤᠷᠪᠠ | ᠤᠳᠠᠭ᠎ᠠ ᠠᠯᠬᠤᠬᠤ ᠪᠠᠨ ᠪᠠᠲᠤᠯᠠᠳᠠᠭ᠃ ᠪᠢ ᠨᠠᠰᠤᠲᠠᠨ ᠤ ᠠᠷᠤ ᠠᠴᠠ ᠬᠥᠭᠡᠭᠡᠵᠦ ᠭᠦᠢᠴᠡᠭᠰᠡᠭᠡᠷ ᠬᠠᠵᠠᠭᠤ ᠪᠠᠷ ᠨᠢ ᠰᠦᠷᠴᠢᠭᠢᠨᠡᠲᠡᠯᠡ ᠵᠥᠷᠢᠵᠦ ᠭᠠᠷᠬᠤ ᠪᠠᠨ | ᠲᠦᠪᠡᠭᠰᠢᠶᠡᠵᠦ ᠠᠷᠤ ᠠᠴᠠ ᠨᠢ ᠠᠭᠠᠵᠢᠮᠬᠠᠨ ᠲᠠᠭᠠᠬᠰᠠᠭᠠᠷ ᠨᠠᠰᠤᠲᠠᠨ ᠠᠮᠠᠷᠠᠨ ᠵᠤᠬᠰᠤᠬᠤ ᠦᠶ᠎ᠡ ᠬᠠᠵᠠᠭᠤ ᠪᠠᠷ ᠨᠢ ᠨᠠᠮᠬᠠᠨ ᠠᠯᠬᠤᠭᠰᠠᠭᠠᠷ ᠥᠩᠭᠡᠷᠡᠵᠦ ᠭᠠᠷᠤᠨ᠎ᠠ᠃ | ᠲᠡᠭᠡᠭᠦᠯᠡᠷ ᠨᠠᠰᠤᠲᠠᠨ ᠭᠤᠸᠠᠢ ᠲᠣᠯᠣᠭᠠᠢ ᠪᠠᠨ ᠲᠤᠭᠢᠰᠭᠢᠭᠠᠳ ᠢᠨᠢᠶᠡᠮᠰᠦᠭᠯᠡᠵᠦ ᠯᠨ ᠪᠠᠶᠢᠳᠠᠭ ᠰᠠᠨ᠃ ᠶᠡᠷᠦᠳᠡᠭᠡᠨ ᠨᠠᠰᠤᠲᠠᠨ ᠪᠤᠭᠤᠷᠤᠯ ᠤᠳ ᠢᠶᠠᠨ ᠬᠠᠷᠠᠭᠰᠠᠭᠠᠷ | ᠶᠠᠭᠠᠬᠢᠬᠤ ᠠᠷᠭ᠎ᠠ ᠦᠭᠡᠢ ᠦᠷᠦᠪᠲᠦᠯ ᠤᠶᠠᠷᠠᠯ᠂ ᠬᠠᠶᠢᠷ᠎ᠠ ᠬᠦᠨᠳᠦᠳᠬᠡᠯ ᠤᠨ ᠰᠡᠳᠬᠢᠯ ᠲᠥᠷᠥᠭᠳᠡᠭᠡᠳ ᠪᠠᠶᠢᠳᠠᠭ ᠢ ᠶᠠᠭᠠᠬᠢᠨ᠎ᠠ ᠭᠡᠬᠦᠪ᠂ ︽ᠵᠠᠯᠠᠭᠤ ᠴᠦ ᠶᠠᠪᠤᠯ᠎ᠠ᠂ | ᠰᠠᠶᠢᠬᠠᠨ ᠴᠦ ᠶᠠᠪᠤᠯ᠎ᠠ ᠁︾ ᠭᠡᠵᠦ ᠬᠥᠮᠥᠨ ᠪᠣᠯᠭᠠᠨ ᠤ ᠥᠩᠭᠡᠷᠡᠭᠡᠬᠦ ᠴᠠᠭ ᠬᠤᠭᠤᠴᠠᠭ᠎ᠠ᠂ ᠮᠥᠷ ᠮᠥᠷ ᠳᠡᠭᠡᠷ᠎ᠡ ᠪᠠᠨ ᠭᠢᠰᠬᠢᠵᠦ ᠡᠨᠡᠬᠡᠨ ᠶᠢᠷᠲᠢᠨᠴᠦ ᠪᠠᠨ | ᠲᠤᠭᠤᠯᠵᠤ ᠶᠠᠪᠤᠨ᠎ᠠ ᠭᠡᠭᠴᠢ ᠶᠠᠭᠠᠬᠢᠬᠤ ᠶᠢᠨ ᠠᠷᠭ᠎ᠠ ᠦᠭᠡᠢ ᠵᠢᠮ᠎ᠡ ᠶᠣᠰᠣ ᠶᠤᠮ ᠳ᠋ᠠ᠂ ᠬᠥᠭᠡᠷᠦᠬᠦᠢ︕ | ᠶᠡᠷᠦᠨᠢ ᠲᠠᠨᠢᠳᠠᠭ ᠴᠦ᠂ ᠲᠠᠨᠢᠯ ᠪᠤᠰᠤ ᠴᠦ ᠬᠥᠮᠥᠰ ᠬᠠᠯᠵᠠ ᠬᠠᠷᠭᠤᠬᠤ ᠪᠠᠷ ᠢᠶᠠᠨ ᠲᠣᠯᠣᠭᠠᠢ ᠳᠣᠬᠢᠬᠤ ᠶᠤᠮ ᠤᠤ ᠢᠨᠢᠶᠡᠮᠰᠦᠭᠯᠡᠭᠡᠳ ᠵᠥᠷᠢᠬᠦ ᠪᠠᠷ ᠨᠢᠭᠡ | ᠵᠦᠢᠯ ᠤᠨ ᠭᠤᠸ᠎ᠠ ᠲᠠᠭᠠᠰᠢᠶᠠᠯ ᠮᠡᠳᠡᠷᠡᠭᠳᠡᠳᠡᠭ᠂ ᠠᠮᠢᠳᠤᠷᠠᠯ ᠤᠨ ᠥᠴᠥᠬᠡᠨ ᠲᠠᠯ᠎ᠠ ᠠᠴᠠ ᠡᠨᠡ ᠬᠦ ᠰᠠᠶᠢᠬᠠᠨ ᠢ ᠣᠯᠵᠤ ᠬᠦᠷᠲᠡᠵᠦ ᠴᠢᠳᠠᠬᠤ ᠪᠠᠷ ᠲᠠ ᠬᠠᠮᠤᠭ ᠤᠨ | ᠵᠣᠯ ᠵᠢᠷᠭᠠᠯ ᠲᠠᠢ ᠬᠠᠨᠤᠮᠵᠢ ᠲᠡᠭᠦᠰ ᠬᠥᠮᠥᠨ ᠪᠣᠯᠣᠯ᠎ᠠ ᠭᠡᠵᠦ ᠮᠡᠳᠡ︕ | ︽ᠢᠨᠢᠶᠡᠮᠰᠦᠭᠯᠡᠯ ᠪᠣᠯ ᠬᠥᠮᠥᠨ ᠳᠤ ᠥᠭᠬᠦ ᠬᠠᠮᠤᠭ ᠤᠨ ᠰᠠᠶᠢᠬᠠᠨ ᠪᠡᠯᠡᠭ︕︾ ᠭᠡᠵᠦ ᠬᠡᠨ ᠨᠢᠭᠡᠨ ᠬᠡᠯᠡᠭᠰᠡᠨ ᠰᠢᠭ᠂ ᠮᠥᠨᠴᠦ ᠶᠠᠮᠠᠷᠪᠠ ᠵᠦᠢᠯ ᠢ ᠵᠥᠪ | ᠲᠠᠯ᠎ᠠ ᠠᠴᠠ ᠨᠢ ᠪᠤᠳᠤᠭᠠᠳ ᠪᠠᠶᠢᠬᠤ ᠪᠠᠷ ᠬᠥᠮᠥᠨ ᠴᠢᠨᠠᠷ ᠤᠨ ᠭᠤᠸ᠎ᠠ ᠰᠠᠶᠢᠬᠠᠨ ᠳᠣᠲᠣᠷ᠎ᠠ ᠠᠴᠠ ᠴᠢᠨᠢ ᠭᠠᠳᠠᠭᠰᠢ ᠭᠡᠷᠡᠯᠳᠦᠨ ᠲᠤᠶᠠᠭᠠᠷᠠᠵᠤ᠂ ᠴᠢ ᠬᠠᠮᠤᠭ ᠤᠨ | ᠦᠵᠡᠰᠬᠦᠯᠡᠩᠲᠦ ᠪᠣᠯᠣᠨ᠎ᠠ᠂ ᠲᠤᠰᠴᠤ ᠣᠯᠣᠭᠰᠠᠨ ᠨᠠᠨᠳᠢᠨ ᠪᠡᠯᠡᠭ ᠢᠶᠠᠨ ᠡᠪᠦᠷᠯᠡᠵᠦ ᠰᠢᠨ᠎ᠡ ᠰᠠᠶᠢᠬᠠᠨ ᠠᠭᠠᠷ ᠰᠡᠩᠭᠢᠨᠡᠭᠦᠯᠴᠢᠬᠡᠭᠰᠡᠨ ᠭᠡᠷ ᠲᠡᠭᠡᠨ ᠣᠷᠣᠵᠤ ᠣᠴᠢᠨ᠎ᠠ | ᠪᠢ᠃ ᠲᠡᠭᠡᠭᠦ ᠳᠤ ᠮᠢᠨᠤ ᠨᠢᠭᠡ ᠡᠳᠦᠷ ︽ᠥᠷᠯᠥᠭᠡ ᠪᠢ ᠨᠢᠭᠡ ᠰᠠᠶᠢᠬᠠᠨ ᠦᠭᠡ ᠰᠣᠨᠣᠰᠤᠯ᠎ᠠ᠂ ᠡᠳᠦᠷᠵᠢᠨ ᠲᠡᠭᠡᠭᠡᠳ ᠪᠠᠶᠠᠷ ᠲᠠᠢ ᠶᠠᠪᠤᠯ᠎ᠠ︾ ᠭᠡᠭᠴᠢ ᠨᠢ ᠪᠤᠯᠳᠠᠭ | ᠠᠵᠢ᠃ | ᠲᠡᠷᠲᠡᠭᠡ ᠵᠠᠭᠤᠨ ᠤ ᠴᠢᠨᠠᠳᠤ ᠤᠬᠠᠭᠠᠨᠲᠤ ᠮᠡᠷᠭᠡᠳ ︽ᠬᠠᠷ᠎ᠠ ᠠᠪᠳᠠᠷ᠎ᠠ ᠳᠤ ᠨᠣᠮ ᠪᠤᠢ᠂ ᠬᠠᠵᠠᠭᠠᠢ ᠡᠪᠦᠭᠡᠨ ᠳᠤ ᠡᠷᠳᠡᠮ ᠪᠤᠢ︾ ᠭᠡᠵᠦ ᠨᠠᠰᠤᠲᠠᠨ | ᠪᠤᠭᠤᠷᠤᠯ ᠢᠶᠠᠨ ᠭᠦᠨᠳᠦᠳᠭᠡᠵᠦ᠂ ᠦᠭᠡ ᠰᠤᠷᠭᠠᠯ ᠢ ᠨᠢ ᠰᠤᠨᠤᠰᠬᠤ ᠶᠣᠰᠣ ᠶᠢ ᠵᠠᠬᠢᠵᠤ ᠬᠡᠯᠡᠵᠦ ᠥᠩᠭᠡᠷᠡᠭᠰᠡᠨ ᠶᠤᠮ᠃ ᠬᠦᠨᠳᠦᠯᠡᠵᠦ ᠮᠡᠨᠳᠦᠯᠡᠬᠦ ᠶᠣᠰᠣ ᠨᠢ | ᠥᠷᠯᠥᠭᠡ ᠶᠢᠨ ᠴᠡᠪᠡᠷ ᠠᠭᠠᠷ ᠰᠢᠭ᠋ ᠬᠥᠮᠥᠰ ᠤᠨ ᠰᠠᠨᠠᠭ᠎ᠠ ᠪᠤᠳᠤᠯ ᠢ ᠲᠠᠭᠠᠯᠠᠮᠵᠢᠲᠠᠢ ᠪᠠᠶᠢᠯᠭᠠᠵᠤ ᠮᠥᠩᠬᠡ ᠶᠢᠨ ᠭᠡᠷᠡᠯ ᠭᠡᠭᠡ ᠶᠢ ᠴᠢᠮ᠎ᠠ ᠳᠤ ᠣᠯᠭᠤᠵᠤ ᠴᠢᠳᠠᠬᠤ | ᠤᠴᠢᠷ ᠲᠠᠢ᠃ | ︽ᠴᠢᠮ᠎ᠠ ᠳᠤ ᠪᠡᠯᠡᠭᠯᠡᠬᠦ ᠬᠠᠮᠤᠭ ᠰᠠᠶᠢᠬᠠᠨ ᠢ ᠬᠦᠷᠭᠡᠭᠰᠡᠨ ᠥᠷᠯᠥᠭᠡ ᠳᠤ ᠪᠢ ᠬᠠᠶᠢᠷᠠᠲᠠᠢ ᠴᠢᠮᠡᠭᠡ ᠦᠭᠡᠢ ᠰᠥᠨᠢ ᠶᠢᠨ ᠶᠢᠷᠲᠢᠨᠴᠦ ᠳᠤ | ᠠᠭᠤᠰᠤᠭᠰᠠᠨ ᠪᠦᠭᠦᠨ ᠮᠢᠨᠢ ᠠᠮᠤᠭᠤᠯᠠᠩ ᠲᠣᠳᠣᠷᠠᠬᠤ ᠶᠢ ᠬᠠᠷᠠᠬᠤ ᠳᠤᠷᠠᠲᠠᠢ ᠁︾ | ᠥᠷᠯᠥᠭᠡ ᠰᠠᠶᠢᠬᠠᠨ ᠠ᠋︕ | | | | |