2 ᠳ᠋ᠤᠭᠠᠷ ᠰᠠᠷ᠎ᠠ ᠶᠢᠨ 14 ᠤ ᠡᠳᠦᠷ ᠥᠪᠥᠷ ᠮᠣᠩᠭᠤᠯ ᠤᠨ ᠪᠦᠦ ᠹᠧᠩ 300 ᠲᠦᠮᠡᠨ ᠲᠣᠨ ᠠᠯᠺᠧᠨ ᠨᠡᠭᠦᠷᠦᠭᠴᠢ ᠶᠢᠨ ᠲᠥᠷᠥᠯ ᠵᠦᠢᠯ ᠢ | ᠪᠠᠶᠢᠭᠤᠯᠤᠭᠠᠳ ᠠᠰᠢᠭᠯᠠᠯᠲᠠ ᠳᠤ ᠣᠷᠣᠭᠤᠯᠪᠠ᠃ ᠲᠣᠰ ᠲᠥᠷᠥᠯ ᠵᠦᠢᠯ ᠨᠢ ᠦᠦᠰᠢᠨ ᠬᠤᠰᠢᠭᠤᠨ ᠳᠤ ᠪᠠᠶᠢᠷᠢᠯᠠᠨ᠂ ᠶᠡᠷᠦᠩᠬᠡᠢ ᠪᠡᠯᠡ ᠣᠷᠣᠭᠤᠯᠤᠯᠲᠠ ᠨᠢ 484 | ᠳ᠋ᠦᠩᠰᠢᠭᠤᠷ ᠲᠥᠭᠦᠷᠢᠭ ᠪᠠᠶᠢᠵᠤ᠂ ᠵᠢᠯ ᠳᠤ ᠮᠧᠲ᠋ᠢᠯ ᠠᠯᠺᠣᠣᠯ ᠢ 742 ᠲᠦᠮᠡᠨ ᠲᠣᠨ᠂ ᠠᠯᠺᠧᠨ ᠨᠡᠭᠦᠷᠦᠭᠴᠢ ᠶᠢᠨ ᠪᠥᠭᠡᠭᠡᠨᠡᠪᠦᠷᠢ ᠶᠢ 300 ᠲᠦᠮᠡᠨ ᠲᠣᠨ᠂ | ᠡᠲ᠋ᠧᠨ ᠤ ᠪᠥᠭᠡᠭᠡᠨᠡᠪᠦᠷᠢ ᠶᠢ 150 ᠲᠦᠮᠡᠨ ᠲᠣᠨ᠂ ᠫᠷᠣᠫᠧᠨ ᠤ ᠪᠥᠭᠡᠭᠡᠨᠡᠪᠦᠷᠢ ᠶᠢ 150 ᠲᠦᠮᠡᠨ ᠲᠣᠨ ᠦᠢᠯᠡᠳᠪᠦᠷᠢᠯᠡᠬᠦ ᠪᠣᠯᠣᠨ᠎ᠠ᠃ ᠲᠦᠷᠦᠯ ᠵᠦᠢᠯ ᠳᠤ | ᠬᠡᠷᠡᠭᠯᠡᠬᠦ ᠪᠦᠬᠦ ᠲᠥᠬᠦᠭᠡᠷᠦᠮᠵᠢ ᠲᠣᠨᠣᠭᠯᠠᠯ ᠤᠳ ᠢ ᠮᠠᠨ ᠤ ᠤᠯᠤᠰ ᠥᠪᠡᠷᠲᠡᠭᠡᠨ ᠪᠡᠶ᠎ᠡ ᠪᠠᠨ ᠳᠠᠭᠠᠭᠠᠨ ᠦᠢᠯᠡᠳᠴᠦ᠂ ᠡᠭᠦᠨ ᠳᠤ ᠵᠠᠩᠭᠢᠯᠠᠭ᠎ᠠ ᠪᠣᠯᠬᠤ 23 | ᠵᠦᠢᠯ ᠤᠨ ᠭᠤᠣᠯ ᠲᠥᠬᠦᠭᠡᠷᠦᠮᠵᠢ ᠨᠢ ᠣᠯᠠᠨ ᠤᠯᠤᠰ ᠤᠨ ᠣᠷᠣᠶᠢᠯᠠᠭᠰᠠᠨ ᠲᠦᠪᠰᠢᠨ ᠳᠤ ᠬᠦᠷᠦᠭᠰᠡᠨ ᠪᠠᠶᠢᠨ᠎ᠠ᠃ ᠲᠣᠰ ᠲᠥᠷᠥᠯ ᠵᠦᠢᠯ ᠢ ᠠᠰᠢᠭᠯᠠᠯᠲᠠ ᠳᠤ | ᠣᠷᠣᠭᠤᠯᠤᠭᠰᠠᠨ ᠤ ᠳᠠᠷᠠᠭ᠎ᠠ᠂ 240 ᠳ᠋ᠦᠩᠰᠢᠭᠤᠷ ᠲᠥᠭᠦᠷᠢᠭ ᠣᠷᠴᠢᠮ ᠤᠨ ᠦᠢᠯᠡᠳᠬᠦᠨ ᠤ ᠥᠷᠲᠡᠭ ᠢ ᠪᠡᠶᠡᠯᠡᠭᠦᠯᠵᠦ᠂ ᠰᠢᠭᠤᠳ ᠠᠵᠢᠯ ᠣᠯᠭᠤᠬᠤ ᠠᠵᠢᠯ ᠤᠨ | ᠪᠠᠶᠢᠷᠢ ᠶᠢ 5000 ᠭᠠᠷᠤᠢ ᠬᠠᠩᠭᠠᠬᠤ ᠪᠣᠯᠣᠨ᠎ᠠ᠃ ︵ᠣᠷᠳᠣᠰ ᠬᠤᠲᠠ ᠶᠢᠨ ᠵᠠᠰᠠᠭ ᠤᠨ ᠣᠷᠳᠣᠨ︶ | | | |