ᠰᠢᠨᠬᠤᠸᠠ ᠬᠤᠷᠢᠶ᠎ᠠ ᠶᠢᠨ ᠪᠡᠭᠡᠵᠢᠩ ᠤᠨ 1 ᠰᠠᠷ᠎ᠠ ᠶᠢᠨ 26 ᠤ ᠴᠠᠭᠢᠯᠭᠠᠨ ᠮᠡᠳᠡᠭᠡ ᠴᠠᠭᠠᠨ ᠰᠠᠷ᠎ᠠ ᠠᠴᠠ ᠡᠮᠦᠨᠡᠬᠡᠨ᠂ ᠳᠤᠮᠳᠠᠳᠤ ᠤᠯᠤᠰ ᠤᠨ ᠡᠪ ᠬᠠᠮᠲᠤ | ᠨᠠᠮ ᠤᠨ ᠲᠥᠪ ᠬᠤᠷᠢᠶ᠎ᠠ ᠶᠢᠨ ᠶᠡᠷᠦᠩᠬᠡᠢ ᠱᠦᠵᠢ᠂ ᠤᠯᠤᠰ ᠤᠨ ᠲᠡᠷᠢᠭᠦᠯᠡᠭᠴᠢ᠂ ᠲᠥᠪ ᠤᠨ ᠴᠡᠷᠢᠭ ᠤᠨ ᠶᠠᠪᠤᠳᠠᠯ ᠤᠨ ᠬᠤᠷᠢᠶ᠎ᠠ ᠶᠢᠨ ᠲᠡᠷᠢᠭᠦᠯᠡᠭᠴᠢ ᠰᠢ ᠶᠢᠨ | ᠫᠢᠩ ᠵᠡᠷᠭᠡ ᠨᠠᠮ ᠪᠠ ᠲᠥᠷᠥ ᠶᠢᠨ ᠤᠳᠤᠷᠢᠳᠬᠤ ᠬᠥᠮᠥᠰ ᠲᠤᠰ ᠲᠤᠰ ᠬᠤ᠋ ᠶᠢᠨ ᠲᠤᠤ᠂ ᠵᠦ ᠷᠦᠩ ᠵᠢᠢ᠂ ᠯᠢ ᠷᠦᠢ ᠬᠤᠸᠠᠨ᠂ ᠸᠧᠨ ᠵᠢᠶᠠ ᠪᠦᠦ᠂ ᠵᠢᠶᠠ ᠴᠢᠩ | ᠯᠢᠨ᠂ ᠵᠠᠩ ᠳ᠋ᠧ ᠵᠢᠶᠠᠩ᠂ ᠢᠦᠢ ᠵᠧᠩ ᠱᠧᠩ᠂ ᠯᠢ ᠵᠠᠨ ᠱᠣ᠋᠂ ᠸᠠᠩ ᠶᠠᠩ᠂ ᠰᠦᠩ ᠫᠢᠩ᠂ ᠯᠢ ᠯᠠᠨ ᠴᠢᠩ᠂ ᠽᠧᠩ ᠴᠢᠩ ᠬᠤᠩ᠂ ᠦ᠋ ᠭᠤᠸᠠᠨ ᠵᠧᠩ᠂ ᠯᠢ | ᠴᠠᠩ ᠴᠦᠨ᠂ ᠯᠥᠸᠧ ᠭᠠᠨ᠂ ᠾᠧ ᠭᠦᠸᠧ ᠴᠢᠶᠠᠩ᠂ ᠯᠢᠦ ᠶᠦᠨ ᠱᠠᠨ᠂ ᠸᠠᠩ ᠴᠢ ᠱᠠᠨ᠂ ᠵᠠᠩ ᠭᠤᠤ ᠯᠢ ᠪᠣᠯᠣᠨ ᠲᠢᠶᠠᠨ ᠵᠢᠢ ᠶᠦᠨ᠂ ᡂᠢ ᠬᠤᠤ ᠲᠢᠶᠠᠨ᠂ | ᠸᠠᠩ ᠯᠧ ᠴᠢᠤᠸᠠᠨ᠂ ᠸᠠᠩ ᠵᠣᠤ ᠭᠦᠸᠧ᠂ ᠬᠤᠶ ᠯᠢᠶᠠᠩ ᠢᠦᠢ᠂ ᠯᠢᠦ ᠴᠢ᠂ ᠦ᠋ ᠢ᠂ ᠼᠤᠤ ᠭᠠᠩ ᠴᠤᠸᠠᠨ᠂ ᠽᠧᠩ ᠫᠧᠢ ᠶᠠᠨ᠂ ᠸᠠᠩ ᠭᠠᠩ᠂ ᠯᠢᠦ ᠶᠠᠨ | ᠳ᠋ᠦᠩ᠂ ᠯᠢ ᠶᠤᠸᠠᠨ ᠴᠤᠤ᠂ ᠮᠠ ᠺᠠᠢ᠂ ᠰᠢᠦᠢ ᠴᠢ ᠯᠢᠶᠠᠩ᠂ ᠰᠦᠨ ᠴᠦᠨ ᠯᠠᠨ᠂ ᠯᠢ ᠵᠢᠶᠠᠨ ᠭᠦᠸᠧ᠂ ᠹᠠᠨ ᠴᠠᠩ ᠯᠦᠩ᠂ ᠮᠧᠩ ᠵᠢᠶᠠᠨ ᠵᠦ᠂ ᠭᠦᠸᠧ ᠶᠢᠨ | ᠯᠦᠩ᠂ ᠸᠠᠩ ᠴᠧᠨ᠂ ᠯᠢᠦ ᠾᠧ᠂ ᠶᠠᠩ ᠵᠢᠶᠧ ᡂᠢ᠂ ᠶᠠᠩ ᠰᠢᠶᠣᠣ ᠳ᠋ᠦ᠋᠂ ᠴᠧᠨ ᠴᠢᠤᠸᠠᠨ ᠭᠦᠸᠧ᠂ ᠭᠦᠸᠧ ᠱᠧᠩ ᠺᠦᠨ᠂ ᠸᠠᠩ ᠬᠠᠨ ᠪᠢᠨ᠂ ᠾᠧ ᠶᠦᠩ | ᠂ ᠳ᠋ᠦ᠋ ᠴᠢᠩ ᠯᠢᠨ᠂ ᠵᠣᠤ ᠬᠤᠩ ᠵᠦ᠂ ᠶᠢᠣ ᠴᠢᠤᠸᠠᠨ᠂ ᠸᠠᠩ ᠪᠢᠩ ᠴᠢᠶᠠᠨ᠂ ᠽᠧᠦ ᠵᠢᠶᠠ ᠬᠤᠸᠠ᠂ ᠫᠧᠩ ᠫᠧᠢ ᠶᠦᠨ᠂ ᠯᠢ ᠲᠢᠶᠧ ᠶᠢᠩ᠂ ᠰᠢᠦᠢ ᠵᠢᠶᠠ ᠯᠦ᠂ | ᠵᠢᠶᠠᠩ ᠵᠧᠩ ᠬᠤᠸᠠ᠂ ᠭᠦ᠋ ᠰᠢᠤ ᠯᠢᠶᠠᠨ᠂ ᠿᠧᠳᠢ᠂ ᠱᠧᠩ ᠬᠤᠸᠠ ᠷᠧᠨ᠂ ᠯᠦ ᠶᠦᠩ ᠰᠢᠶᠠᠩ᠂ ᠬᠤᠸᠠ ᠵᠢᠶᠠᠨ ᠮᠢᠨ᠂ ᠴᠧᠨ ᡁᠢ ᠯᠢ᠂ ᠰᠧᠮᠠᠶᠢᠯ · | ᠲᠢᠶᠧᠯᠢᠸᠠᠷᠳᠢ᠂ ᠵᠢᠶᠠᠩ ᠱᠣ᠋ ᠱᠧᠩ᠂ ᠸᠠᠩ ᠱᠧᠩ ᠵᠢᠶᠦ᠋ᠨ᠂ ᠴᠧᠨ ᠴᠠᠩ ᡁᠢ᠂ ᠶᠠᠨ ᠵᠢᠶᠦ᠋ᠨ ᠴᠢ᠂ ᠵᠠᠩ ᠫᠢᠩ᠂ ᠵᠠᠮᠪᠠᠯᠫᠣᠩᠰᠤᠭ᠂ ᠵᠠᠩ ᠪᠦᠦ ᠸᠧᠨ᠂ ᠼᠤᠤ | ᠵᠢᠶᠠᠨ ᠮᠢᠩ᠂ ᠵᠠᠩ ᠴᠦᠨ ᠰᠢᠶᠠᠨ᠂ ᠵᠢᠢ ᠪᠢᠩ ᠰᠢᠤᠸᠠᠨ᠂ ᠡ᠋ᠶᠢᠯᠢᠭᠧᠩ · ᠢᠮᠢᠩᠪᠠᠭ᠋ᠠᠢ᠂ ᠸᠠᠨ ᠧ ᠰᠢᠶᠠᠩ᠂ ᠴᠧᠨ ᠵᠦ᠂ ᠪᠠᠳᠮᠠᠫᠷᠠᠩᠯᠠᠢ᠂ ᠲᠠᠩ ᠵᠢᠶᠠ | ᠰᠢᠤᠸᠠᠨ᠂ ᠳ᠋ᠠᠢ ᠪᠢᠩ ᠭᠦᠸᠧ᠂ ᠴᠠᠩ ᠸᠠᠨ ᠴᠢᠤᠸᠠᠨ᠂ ᠵᠣᠣ ᠺᠧ ᡁᠢ᠂ ᠬᠠᠨ ᠵᠦ ᠪᠢᠨ᠂ ᠵᠢᠶᠠ ᠴᠦᠨ ᠸᠠᠩ᠂ ᠰᠦᠩ ᠵᠢᠶᠠᠨ᠂ ᠬᠤ᠋ ᠴᠢ ᠯᠢ᠂ ᠸᠠᠩ ᠵᠥᠩ | ᠢᠦᠢ᠂ ᠯᠢ ᠭᠦᠶ ᠰᠢᠶᠠᠨ᠂ ᠬᠤᠤ ᠵᠢᠶᠠᠨ ᠰᠢᠤ᠂ ᠰᠢᠦᠢ ᠺᠤᠸᠠᠩ ᠳ᠋ᠢ᠂ ᠵᠠᠩ ᠬᠤᠸᠠᠢ ᠰᠢ᠂ ᠯᠢ ᠮᠧᠩ᠂ ᠯᠢᠶᠣᠤ ᠬᠤᠶ᠂ ᠪᠠᠢ ᠯᠢ ᠴᠧᠨ᠂ ᠴᠧᠨ ᠺᠦᠢ ᠶᠤᠸᠠᠨ᠂ | ᠠᠪᠤᠯᠠᠶᠢᠲ · ᠠᠪᠤᠳᠦ᠋ᠷᠧᠰᠢᠲ᠋ᠢ᠂ ᠯᠢ ᠵᠣᠣ ᠵᠦᠸᠧ᠂ ᠬᠤᠸᠠᠩ ᠮᠧᠩ ᠹᠦ᠋᠂ ᠵᠠᠩ ᠮᠧᠶ ᠶᠢᠩ᠂ ᠵᠠᠩ ᠷᠦᠩ ᠮᠢᠩ᠂ ᠴᠢᠶᠠᠨ ᠶᠦᠨ ᠯᠦ᠂ ᠰᠦᠨ ᠵᠢᠶᠠ ᠵᠧᠩ᠂ | ᠯᠢ ᠶᠢᠨ ᠬᠤᠸᠠ᠂ ᠵᠧᠩ ᠸᠠᠨ ᠲᠦᠩ᠂ ᠳ᠋ᠧᠩ ᠫᠦ᠋ ᠹᠠᠩ᠂ ᠯᠢ ᠦ᠋ ᠸᠧᠢ᠂ ᠴᠧᠨ ᠽᠥᠩ ᠰᠢᠩ᠂ ᠸᠠᠩ ᡁᠢ ᠵᠧᠨ᠂ ᠬᠠᠨ ᠴᠢ ᠳ᠋ᠧ᠂ ᠯᠢᠨ ᠸᠧᠨ ᠢ᠂ ᠯᠥᠸᠧ | ᠹᠦ᠋ ᠾᠧ᠂ ᠯᠢ ᠬᠠᠢ ᠹᠧᠩ᠂ ᠴᠧᠨ ᠶᠤᠸᠠᠨ᠂ ᠵᠧᠦ ᠰᠢᠶᠣᠣ ᠴᠤᠸᠠᠨ᠂ ᠸᠠᠩ ᠵᠢᠶᠠ ᠷᠦᠢ᠂ ᠴᠢ ᠰᠢᠦᠢ ᠴᠦᠨ᠂ ᠮᠠ ᠫᠧᠢ ᠬᠤᠸᠠ᠂ ᠯᠢᠦ ᠰᠢᠶᠣᠣ ᠹᠧᠩ᠂ ᠸᠠᠩ | ᠴᠢᠨ ᠮᠢᠨ᠂ ᠵᠠᠩ ᠴᠢᠩ ᠯᠢ᠂ ᠯᠢᠦ ᠴᠢ ᠪᠦᠦ᠂ ᠳ᠋ᠦᠩ ᠵᠢᠶᠠᠨ ᠬᠤᠸᠠ᠂ ᠸᠠᠨ ᠭᠠᠩ᠂ ᠯᠦ ᠵᠠᠨ ᠭᠦᠩ᠂ ᠸᠠᠩ ᠵᠧᠩ ᠸᠧᠢ᠂ ᠮᠠ ᠪᠢᠶᠣᠣ᠂ ᠴᠧᠨ ᠰᠢᠶᠣᠣ | ᠭᠤᠸᠠᠩ᠂ ᠶᠠᠩ ᠴᠤᠸᠠᠨ ᠲᠠᠩ᠂ ᠯᠢ ᠪᠢᠨ᠂ ᠸᠠᠩ ᠶᠦᠩ ᠴᠢᠩ᠂ ᠭᠦ᠋ ᠱᠧᠩ ᠽᠦ᠂ ᠯᠢᠦ ᠰᠢᠨ ᠴᠧᠩ ᠵᠡᠷᠭᠡ ᠠᠬᠠᠮᠠᠳ ᠨᠥᠬᠦᠳ ᠢ ᠡᠷᠭᠢᠨ ᠦᠵᠡᠭᠰᠡᠨ ᠪᠤᠶᠤ | ᠬᠤᠯᠪᠣᠭᠳᠠᠯ ᠪᠦᠬᠦᠢ ᠲᠠᠯ᠎ᠠ ᠶᠢᠨ ᠬᠠᠷᠢᠭᠤᠴᠠᠯᠭᠠᠲᠠᠨ ᠨᠥᠬᠦᠳ ᠲᠤ ᠨᠠᠶᠢᠳᠠᠵᠤ ᠡᠷᠭᠢᠨ ᠦᠵᠡᠵᠦ᠂ ᠲᠡᠳᠡᠨ ᠳᠤ ᠪᠠᠶᠠᠷ ᠤᠨ ᠡᠳᠦᠷ ᠤᠨ ᠴᠢᠩ ᠰᠡᠳᠬᠢᠯ ᠤᠨ | ᠮᠡᠨᠳᠦᠴᠢᠯᠡᠯ ᠬᠦᠷᠭᠡᠵᠦ᠂ ᠲᠡᠳᠡᠨ ᠤ ᠴᠠᠭᠠᠨ ᠰᠠᠷ᠎ᠠ ᠳᠠᠭᠠᠨ ᠪᠠᠶᠠᠷ ᠭᠦᠷ ᠲᠠᠢ᠂ ᠤᠷᠳᠤ ᠨᠠᠰᠤᠯᠠᠵᠤ ᠤᠳᠠᠭᠠᠨ ᠵᠢᠷᠭᠠᠬᠤ ᠶᠢ ᠴᠢᠩ ᠰᠡᠳᠬᠢᠯ ᠠᠴᠠ ᠪᠠᠨ ᠵᠥᠩᠨᠡᠪᠡ᠃ | | ᠠᠬᠠᠮᠠᠳ ᠨᠥᠬᠦᠳ ᠡᠭᠦᠨ ᠳᠤ ᠲᠠᠯᠠᠷᠬᠠᠵᠤ ᠪᠠᠶᠢᠬᠤ ᠪᠠᠨ ᠢᠯᠡᠳᠬᠡᠵᠦ᠂ ᠨᠠᠮ ᠤᠨ ᠲᠥᠪ ᠬᠤᠷᠢᠶ᠎ᠠ ᠶᠢᠨ ᠥᠩᠭᠡᠷᠡᠭᠰᠡᠨ ᠨᠢᠭᠡ ᠵᠢᠯ ᠤᠨ ᠠᠵᠢᠯ ᠢ ᠳᠡᠭᠡᠳᠦ | ᠬᠡᠮᠵᠢᠶ᠎ᠡ ᠪᠠᠷ ᠦᠨᠡᠯᠡᠵᠦ᠂ ᠶᠡᠷᠦᠩᠬᠡᠢ ᠱᠦᠵᠢ ᠰᠢ ᠶᠢᠨ ᠫᠢᠩ ᠤᠨ ᠨᠠᠮ ᠤᠨ ᠲᠥᠪ ᠬᠤᠷᠢᠶ᠎ᠠ ᠶᠢᠨ ᠭᠤᠣᠯᠯᠠᠭᠴᠢ᠂ ᠪᠦᠭᠦ ᠨᠠᠮ ᠤᠨ ᠭᠤᠣᠯᠯᠠᠭᠴᠢ ᠪᠤᠯᠬᠤ ᠶᠢ ᠴᠢᠩ | ᠰᠡᠳᠬᠢᠯ ᠠᠴᠠ ᠪᠠᠨ ᠬᠦᠷᠢᠶᠡᠯᠡᠵᠦ ᠪᠠᠶᠢᠬᠤ ᠪᠠᠨ ᠢᠯᠡᠳᠬᠡᠪᠡ᠃ ᠤᠯᠠᠨ ᠢᠶᠠᠷ ᠢᠶᠠᠨ᠂ ︽ᠠᠷᠪᠠᠨ ᠳᠥᠷᠪᠡᠳᠦᠭᠡᠷ ᠲᠠᠪᠤᠨ ᠵᠢᠯ︾ ᠤᠨ ᠲᠥᠯᠦᠪᠵᠢᠭᠦᠯᠭᠡ ᠶᠢᠨ | ᠬᠠᠷᠠᠯᠲᠠ ᠡᠭᠦᠷᠭᠡ ᠶᠢ ᠪᠡᠶᠡᠯᠡᠭᠦᠯᠬᠦ ᠵᠠᠩᠭᠢᠯᠠᠭ᠎ᠠ ᠶᠢᠨ ᠨᠢᠭᠡ ᠵᠢᠯ ᠳᠤ ᠰᠢ ᠶᠢᠨ ᠫᠢᠩ ᠨᠥᠬᠦᠷ ᠢᠶᠠᠷ ᠭᠤᠣᠯ ᠪᠤᠯᠭᠠᠬᠰᠠᠨ ᠨᠠᠮ ᠤᠨ ᠲᠥᠪ ᠬᠤᠷᠢᠶ᠎ᠠ ᠪᠦᠭᠦ ᠨᠠᠮ ᠪᠦᠭᠦ | ᠴᠡᠷᠢᠭ ᠪᠦᠭᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠢ ᠪᠦᠯᠬᠦᠮᠳᠡᠭᠦᠯᠦᠨ ᠳᠠᠭᠠᠭᠤᠯᠵᠤ ᠯᠠᠪᠳᠠᠭᠤᠨ ᠲᠣᠭᠲᠠᠭᠤᠨ ᠢᠶᠠᠷ ᠬᠤᠪᠢᠷᠠᠯᠲᠠ ᠶᠢ | ᠠᠷᠭᠠᠴᠠᠭᠠᠵᠤ᠂ ᠶᠡᠷᠦᠩᠬᠡᠶᠢᠯᠡᠭᠰᠡᠨ ᠠᠷᠭ᠎ᠠ ᠪᠣᠳᠣᠯᠭ᠎ᠠ ᠬᠡᠷᠡᠭᠵᠢᠭᠦᠯᠵᠦ᠂ ᠪᠦᠭᠦ ᠵᠢᠯ ᠤᠨ ᠠᠵᠤ ᠠᠬᠤᠢ ᠨᠡᠶᠢᠭᠡᠮ ᠤᠨ ᠬᠥᠭᠵᠢᠯᠲᠡ ᠶᠢᠨ ᠭᠤᠣᠯ ᠬᠠᠷᠠᠯᠲᠠ | ᠡᠭᠦᠷᠭᠡ ᠶᠢ ᠤᠷᠤᠭᠰᠢᠲᠠᠢ ᠪᠡᠶᠡᠯᠡᠭᠦᠯᠵᠦ᠂ ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠰᠢᠨ᠎ᠡ ᠢᠳᠡᠷᠡᠭᠦᠨ ᠠᠯᠬᠤᠭ᠎ᠠ ᠶᠢ ᠠᠯᠬᠤᠵᠠᠢ ᠭᠡᠵᠦ ᠰᠠᠨᠠᠯ | ᠨᠢᠭᠡᠲᠡᠢ ᠦᠵᠡᠵᠡᠭᠡᠪᠡ᠃ ᠠᠬᠠᠮᠠᠳ ᠨᠥᠬᠦᠳ ᠪᠦᠭᠦ ᠨᠠᠮ ᠪᠦᠭᠦ ᠴᠡᠷᠢᠭ ᠪᠦᠭᠦ ᠤᠯᠤᠰ ᠤᠨ ᠦᠨᠳᠦᠰᠦᠲᠡᠨ ᠨᠦᠭᠦᠳ ᠤᠨ ᠠᠷᠠᠳ ᠲᠦᠮᠡᠨ ᠤ ᠰᠢ ᠶᠢᠨ ᠫᠢᠩ | ᠨᠥᠬᠦᠷ ᠢᠶᠠᠷ ᠭᠤᠣᠯ ᠪᠤᠯᠭᠠᠬᠰᠠᠨ ᠨᠠᠮ ᠤᠨ ᠲᠥᠪ ᠬᠤᠷᠢᠶ᠎ᠠ ᠶᠢᠨ ᠲᠣᠭᠤᠷᠢᠨ ᠳᠤ ᠨᠡᠩ ᠨᠢᠭᠲᠠᠷᠠᠨ ᠪᠦᠯᠬᠦᠮᠳᠡᠵᠦ᠂ ᠰᠢ ᠶᠢᠨ ᠫᠢᠩ ᠤᠨ ᠰᠢᠨ᠎ᠡ ᠴᠠᠭ ᠦᠶ᠎ᠡ ᠶᠢᠨ | ᠳᠤᠮᠳᠠᠳᠤ ᠤᠯᠤᠰ ᠤᠨ ᠣᠨᠴᠠᠯᠢᠭ ᠪᠦᠬᠦᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠣᠭᠤᠳᠤᠯᠭ᠎ᠠ ᠪᠤᠯᠭᠠᠬᠤ ᠶᠢ ᠪᠠᠷᠢᠮᠲᠠᠯᠠᠵᠤ᠂ ᠨᠠᠮ ᠤᠨ ᠬᠤᠷᠢᠳᠤᠭᠠᠷ ᠶᠡᠭᠡ | ᠬᠤᠷᠠᠯ ᠪᠣᠯᠣᠨ ᠬᠤᠷᠢᠳᠤᠭᠠᠷ ᠬᠤᠭᠤᠴᠠᠭᠠᠨ ᠤ ᠲᠥᠪ ᠬᠤᠷᠢᠶ᠎ᠠ ᠶᠢᠨ ᠬᠤᠶᠠᠳᠤᠭᠠᠷ᠂ ᠭᠤᠷᠪᠠᠳᠤᠭᠠᠷ ᠪᠦᠭᠦᠳᠡ ᠬᠤᠷᠠᠯ ᠤᠨ ᠵᠣᠷᠢᠭ ᠰᠠᠨᠠᠭ᠎ᠠ ᠶᠢ ᠪᠦᠭᠦ ᠲᠠᠯ᠎ᠠ ᠪᠠᠷ | ᠲᠤᠭᠤᠰᠢᠯᠠᠭᠤᠯᠤᠨ ᠨᠠᠶᠢᠳᠠᠪᠤᠷᠢᠵᠢᠭᠤᠯᠵᠤ᠂ ︽ᠬᠤᠶᠠᠷ ᠢ ᠲᠣᠭᠲᠠᠭᠠᠭᠰᠠᠨ︾ ᠤ ᠰᠢᠢᠳᠪᠦᠷᠢᠯᠡᠭᠴᠢ ᠴᠢᠨᠠᠷᠲᠠᠢ ᠠᠴᠢ ᠬᠤᠯᠪᠣᠭᠳᠠᠯ ᠢ ᠭᠦᠨᠵᠡᠭᠡᠢ ᠣᠶᠢᠯᠠᠭᠠᠵᠤ᠂ ︽ | ᠳᠥᠷᠪᠡᠨ ᠤᠬᠠᠮᠰᠠᠷ︾ ᠢᠶᠠᠨ ᠴᠢᠩᠭᠠᠳᠬᠠᠵᠤ᠂ ︽ᠳᠥᠷᠪᠡᠨ ᠢᠲᠡᠭᠡᠯ︾ ᠢᠶᠠᠨ ᠪᠠᠲᠤᠳᠬᠠᠵᠤ᠂ ︽ᠬᠤᠶᠠᠷ ᠢ ᠬᠠᠮᠠᠭᠠᠯᠠᠬᠤ︾ ᠶᠢ ᠪᠡᠶᠡᠯᠡᠭᠦᠯᠵᠦ᠂ ᠢᠲᠡᠭᠡᠯ | ᠲᠡᠭᠦᠯᠳᠡᠷ ᠬᠦᠴᠢᠷ ᠢ ᠰᠥᠷᠦᠨ ᠤᠷᠤᠭᠰᠢᠯᠠᠵᠤ᠂ ᠦᠨᠡᠨ ᠢ ᠪᠠᠷᠢᠮᠲᠠᠯᠠᠨ ᠪᠣᠳᠠᠲᠠᠢ ᠶᠢ ᠡᠷᠬᠢᠮᠯᠡᠵᠦ᠂ ᠬᠦᠴᠦᠯᠡᠨ ᠴᠢᠷᠮᠠᠶᠢᠵᠤ ᠵᠢᠳᠬᠦᠯ ᠴᠢᠷᠮᠠᠶᠢᠯᠭ᠎ᠠ ᠭᠠᠷᠭᠠᠵᠤ᠂ | ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠪᠠᠷ ᠬᠦᠴᠦᠷᠬᠡᠭ ᠤᠯᠤᠰ ᠤᠨ ᠪᠦᠲᠦᠭᠡᠨ ᠪᠠᠶᠢᠭᠤᠯᠤᠯᠲᠠ᠂ ᠦᠨᠳᠦᠰᠦᠲᠡᠨ ᠤ ᠰᠡᠷᠭᠦᠨ ᠮᠠᠨᠳᠤᠯᠲᠠ ᠶᠢᠨ | ᠠᠭᠤᠤ ᠦᠢᠯᠡᠰ ᠢ ᠪᠦᠭᠦ ᠲᠠᠯ᠎ᠠ ᠪᠠᠷ ᠠᠬᠢᠭᠤᠯᠬᠤ ᠶᠢᠨ ᠲᠥᠯᠥᠭᠡ ᠴᠢᠷᠮᠠᠶᠢᠨ ᠲᠡᠮᠡᠴᠡᠬᠦ ᠶᠢ ᠬᠦᠰᠡᠪᠡ᠃ |