ᠼᠤᠦ ᠳᠤ ᠳᠡᠪᠲᠦᠭᠡᠭᠰᠡᠨ ᠰᠠᠷᠢᠮᠰᠠᠭ ᠢ ᠬᠡᠮᠵᠢᠶ᠎ᠡ ᠲᠠᠢ ᠢᠳᠡᠪᠡᠯ ᠬᠥᠮᠥᠨ ᠤ ᠪᠡᠶ᠎ᠡ ᠳᠤ ᠰᠠᠶᠢᠨ ᠪᠠᠶᠢᠳᠠᠭ᠂ ᠭᠡᠪᠡᠴᠦ ᠵᠣᠬᠢᠰ ᠦᠭᠡᠢ ᠳᠡᠪᠲᠦᠭᠡᠬᠦ ᠪᠤᠶᠤ ᠬᠡᠲᠦ | ᠢᠳᠡᠬᠦ ᠨᠢ ᠬᠥᠮᠥᠨ ᠤ ᠪᠡᠶ᠎ᠡ ᠳᠤ ᠬᠤᠣᠷ ᠲᠠᠢ ᠶᠤᠮ᠃ | ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠲᠠᠢ ᠲᠠᠯ᠎ᠠ᠄ ᠼᠤᠦ ᠳᠤ ᠳᠡᠪᠲᠦᠭᠡᠭᠰᠡᠨ ᠰᠠᠷᠢᠮᠰᠠᠭ ᠵᠣᠬᠢᠬᠤ ᠬᠡᠮᠵᠢᠶ᠎ᠡ ᠪᠠᠷ ᠴᠢᠰᠤᠨ ᠳᠠᠷᠤᠯᠲᠠ ᠶᠢ | ᠪᠠᠭᠤᠷᠠᠭᠤᠯᠳᠠᠭ᠂ ᠰᠠᠷᠢᠮᠰᠠᠭ ᠤᠨ ᠲᠤᠰ ᠪᠡᠶ᠎ᠡ ᠨᠢ ᠮᠠᠰᠢ ᠰᠠᠶᠢᠨ ᠠᠷᠢᠭᠤᠳᠬᠠᠬᠤ᠂ ᠬᠤᠣᠷ ᠭᠠᠳᠠᠭᠰᠢᠯᠠᠭᠤᠯᠬᠤ ᠴᠢᠳᠠᠯ ᠲᠠᠢ ᠪᠣᠯᠬᠤᠷ ᠦᠷᠬᠦᠯᠵᠢ ᠰᠠᠷᠢᠮᠰᠠᠭ | ᠢᠳᠡᠪᠡᠯ ᠴᠢᠰᠤᠨ ᠰᠤᠳᠠᠯ ᠢ ᠳᠡᠯᠡᠨ᠂ ᠪᠡᠶ᠎ᠡ ᠮᠠᠬᠠᠪᠤᠳ ᠤᠨ ᠳᠣᠲᠣᠭᠠᠳᠤ ᠳᠤ ᠪᠠᠶᠢᠭ᠎ᠠ ᠬᠠᠶᠠᠭᠳᠠᠮᠠᠯ ᠪᠣᠳᠠᠰ ᠢ ᠭᠠᠳᠠᠭᠰᠢᠯᠠᠭᠤᠯᠳᠠᠭ᠂ ᠡᠨᠡ ᠨᠢ ᠴᠢᠰᠤᠨ ᠳᠤ ᠪᠠᠶᠢᠭ᠎ᠠ | ᠬᠤᠣᠷᠲᠤ ᠡᠳ᠋ ᠢ ᠵᠣᠬᠢᠰᠲᠠᠢ ᠪᠠᠭᠠᠰᠬᠠᠵᠤ᠂ ᠴᠢᠰᠤᠨ ᠳᠠᠷᠤᠯᠲᠠ ᠶᠢ ᠪᠠᠭᠤᠷᠠᠭᠤᠯᠳᠠᠭ᠃ | ᠼᠤᠦ ᠴᠢᠰᠤᠨ ᠰᠤᠳᠠᠯ ᠢ ᠵᠥᠭᠡᠯᠡᠷᠡᠭᠦᠯᠦᠨᠡ᠂ ᠬᠡᠷᠪᠡ ᠼᠤᠦ ᠳᠤ ᠳᠡᠪᠲᠦᠭᠡᠭᠰᠡᠨ ᠰᠠᠷᠢᠮᠰᠠᠭ ᠢ ᠦᠷᠬᠦᠯᠵᠢ ᠢᠳᠡᠭᠰᠡᠨ ᠤ ᠰᠡᠭᠦᠯᠡᠷ ᠴᠢᠰᠤᠨ ᠰᠤᠳᠠᠯ ᠢ | ᠳᠡᠯᠡᠬᠦ ᠪᠠᠷ ᠪᠠᠷᠠᠬᠤ ᠦᠭᠡᠢ ᠪᠠᠰᠠ ᠴᠢᠰᠤᠨ ᠰᠤᠳᠠᠯ ᠤᠨ ᠤᠶᠠᠨ ᠴᠢᠨᠠᠷ ᠢ ᠳᠡᠭᠡᠭᠰᠢᠯᠡᠭᠦᠯᠵᠦ᠂ ᠴᠢᠰᠤᠨ ᠳᠠᠷᠤᠯᠲᠠ ᠬᠡᠳᠦ ᠥᠨᠳᠥᠷ ᠪᠢᠰᠢ ᠪᠠᠶᠢᠳᠠᠯ ᠳᠤ ᠴᠢᠰᠤᠨ | ᠳᠠᠷᠤᠯᠲᠠ ᠶᠢ ᠪᠠᠭᠤᠷᠠᠭᠤᠯᠬᠤ ᠳᠤ ᠲᠤᠰᠠᠯᠠᠳᠠᠭ᠃ ᠲᠠᠭᠰᠢᠭᠤᠷ ᠢ ᠰᠡᠷᠭᠡᠶᠢᠯᠡᠨ᠂ ᠬᠠᠮᠠᠷ ᠤᠨ ᠦᠷᠪᠢᠰᠦᠯ ᠢ ᠵᠠᠰᠠᠵᠤ᠂ ᠪᠡᠶ᠎ᠡ ᠴᠢᠭᠢᠷᠠᠭᠵᠢᠭᠤᠯᠬᠤ ᠦᠢᠯᠡᠳᠦᠯ ᠲᠠᠢ᠃ | ᠬᠤᠭᠤᠯᠠᠢ ᠡᠪᠡᠳᠬᠦ ᠶᠢ ᠵᠠᠰᠠᠵᠤ᠂ ᠨᠣᠶᠢᠷ ᠢ ᠰᠠᠶᠢᠵᠢᠷᠠᠭᠤᠯᠤᠨ᠎ᠠ᠃ ᠰᠢᠩᠭᠡᠭᠡᠯᠲᠡ ᠶᠢ ᠰᠠᠶᠢᠵᠢᠷᠠᠭᠤᠯᠤᠨ᠎ᠠ᠃ ᠶᠠᠳᠠᠷᠠᠭ᠎ᠠ ᠶᠢ ᠲᠠᠶᠢᠯᠤᠨ᠂ ᠥᠲᠡᠯᠬᠦ ᠶᠢ | ᠤᠳᠠᠭᠠᠰᠢᠷᠠᠭᠤᠯᠤᠨ᠎ᠠ᠃ ᠴᠢᠰᠤ ᠶᠢ ᠰᠢᠩᠭᠡᠷᠡᠭᠦᠯᠵᠦ᠂ ᠴᠢᠰᠤᠨ ᠤ ᠡᠷᠭᠢᠯᠲᠡ ᠶᠢ ᠰᠠᠶᠢᠵᠢᠷᠠᠭᠤᠯᠤᠨ᠎ᠠ᠃ ᠴᠢᠰᠤᠨ ᠤ ᠥᠭᠡᠬᠦ ᠶᠢ ᠪᠠᠭᠤᠷᠠᠭᠤᠯᠵᠤ ᠰᠢᠬᠢᠷ ᠰᠢᠵᠢᠩ | ᠡᠪᠡᠳᠴᠢᠨ ᠢ ᠰᠡᠷᠭᠡᠶᠢᠯᠡᠳᠡᠭ᠃ ᠪᠠᠺᠲ᠋ᠧᠷᠢ ᠶᠢ ᠤᠰᠠᠳᠬᠠᠨ᠂ ᠦᠷᠪᠢᠰᠦᠯ ᠢ ᠳᠠᠷᠤᠵᠤ᠂ ᠡᠪᠡᠳᠴᠢᠨ ᠬᠠᠯᠳᠠᠪᠤᠷᠢᠯᠠᠬᠤ ᠶᠢ ᠰᠡᠷᠭᠡᠶᠢᠯᠡᠨ᠎ᠡ᠃ ᠰᠥᠰᠥᠨ ᠤ ᠴᠢᠯᠠᠭᠤᠯᠢᠭ | ᠠᠯᠺᠦᠤᠯ ᠢ ᠪᠠᠭᠤᠷᠠᠭᠤᠯᠤᠨ᠎ᠠ᠃ ᠦᠮᠠᠨ ᠡᠪᠡᠳᠴᠢᠨ ᠢ ᠰᠡᠷᠭᠡᠶᠢᠯᠡᠳᠡᠭ᠃ | ᠼᠤᠦ ᠳᠤ ᠳᠡᠪᠲᠦᠭᠡᠭᠰᠡᠨ ᠰᠠᠷᠢᠮᠰᠠᠭ ᠤᠨ ᠠᠰᠢᠭ ᠦᠭᠡᠢ ᠲᠠᠯ᠎ᠠ᠄ ᠬᠥᠮᠥᠰ ᠼᠤᠦ ᠳᠤ ᠰᠠᠷᠢᠮᠰᠠᠭ ᠳᠡᠪᠲᠦᠭᠡᠬᠦ ᠳᠡᠭᠡᠨ ᠳᠠᠪᠤᠰᠤ ᠠᠷᠪᠢᠨ ᠬᠢᠳᠡᠭ᠂ | ᠲᠡᠷᠡᠴᠢᠯᠡᠨ ᠼᠤᠦ ᠳᠤ ᠳᠡᠪᠲᠦᠭᠡᠭᠰᠡᠨ ᠰᠠᠷᠢᠮᠰᠠᠭ ᠢᠶᠠᠨ ᠳᠠᠪᠤᠰᠤᠯᠠᠭᠰᠠᠨ ᠨᠣᠭᠤᠭ᠎ᠠ ᠪᠣᠯᠭᠠᠨ ᠡᠳᠦᠷ ᠪᠦᠷᠢ ᠬᠡᠳᠦ ᠤᠯᠠᠨ ᠢᠳᠡᠳᠡᠭ᠃ ᠢᠩᠭᠢᠵᠦ ᠢᠳᠡᠬᠦ ᠨᠢ | ᠰᠢᠨᠵᠢᠯᠡᠬᠦ ᠤᠬᠠᠭᠠᠨᠴᠢ ᠪᠢᠰᠢ ᠪᠠᠶᠢᠵᠤ᠂ ᠪᠡᠶ᠎ᠡ ᠮᠠᠬᠠᠪᠤᠳ ᠢ ᠭᠡᠮᠲᠦᠭᠡᠵᠦ ᠮᠡᠳᠡᠨ᠎ᠡ᠃ ᠰᠠᠷᠢᠮᠰᠠᠭ ᠪᠣᠯ ᠭᠤᠱᠤᠭᠤᠨ ᠴᠢᠨᠠᠷ ᠲᠠᠢ ᠢᠳᠡᠭᠡᠨ ᠶᠤᠮ᠂ ᠬᠡᠲᠦᠷᠬᠡᠢ ᠠᠷᠪᠢᠨ | ᠢᠳᠡᠬᠦ ᠨᠢ ᠬᠤᠳᠣᠭᠤᠳᠤ ᠶᠢ ᠡᠪ ᠦᠭᠡᠢ ᠪᠠᠶᠢᠳᠠᠯ ᠳᠤ ᠣᠷᠣᠭᠤᠯᠳᠠᠭ᠃ ᠥᠯᠥᠨ ᠢᠶᠠᠷ ᠠᠷᠪᠢᠨ ᠢᠳᠡᠪᠡᠯ ᠨᠢᠳᠦᠨ ᠳᠤ ᠰᠡᠳᠦᠯᠲᠡ ᠥᠭᠬᠦ ᠪᠠᠷ ᠪᠠᠷᠠᠬᠤ ᠦᠭᠡᠢ | ᠸᠢᠲ᠋ᠠᠮᠢᠨ b ᠶᠢᠨ ᠰᠢᠩᠭᠡᠭᠡᠯᠲᠡ ᠶᠢ ᠨᠥᠯᠥᠭᠡᠯᠡᠳᠡᠭ᠃ ᠠᠩᠬᠠᠷᠤᠭᠤᠰᠢᠲᠠᠢ ᠵᠦᠢᠯ᠄ | 1. ᠴᠢᠰᠤᠨ ᠳᠠᠷᠤᠯᠲᠠ ᠥᠨᠳᠥᠷ ᠡᠪᠡᠳᠴᠢᠲᠡᠨ ᠳᠤ ᠲᠤᠰᠠᠯᠠᠬᠤ ᠦᠢᠯᠡᠳᠦᠯ ᠦᠵᠡᠭᠦᠯᠳᠡᠭ᠂ ᠭᠡᠪᠡᠴᠦ ᠨᠠᠶᠢᠳᠠᠨ ᠲᠦᠰᠢᠭᠯᠡᠵᠦ ᠪᠤᠯᠬᠤ ᠦᠭᠡᠢ᠃ | 2. ᠼᠤᠦ ᠪᠠᠨ ᠪᠤᠴᠠᠯᠭᠠᠵᠤ ᠪᠤᠯᠬᠤ ᠦᠭᠡᠢ᠂ ᠪᠤᠴᠠᠯᠭᠠᠪᠠᠯ ᠦᠢᠯᠡᠳᠦᠯ ᠨᠢ ᠪᠠᠭᠤᠷᠠᠳᠠᠭ᠃ | 3. ᠼᠤᠦ ᠳᠤ ᠳᠡᠪᠲᠦᠭᠡᠭᠰᠡᠨ ᠰᠠᠷᠢᠮᠰᠠᠭ ᠢ ᠤᠷᠲᠤ ᠬᠤᠭᠤᠴᠠᠭ᠎ᠠ ᠪᠠᠷ ᠢᠳᠡᠵᠦ ᠪᠣᠯᠣᠨ᠎ᠠ᠂ ᠭᠡᠪᠡᠴᠦ ᠡᠳᠦᠷ ᠪᠦᠷᠢ ᠬᠡᠲᠤ ᠠᠷᠪᠢᠨ ᠢᠳᠡᠵᠦ ᠪᠤᠯᠬᠤ ᠦᠭᠡᠢ᠂ | ᠨᠢᠭᠡ ᠠᠴᠠ ᠬᠤᠶᠠᠷ ᠢᠳᠡᠪᠡᠯ ᠪᠣᠯᠴᠢᠬᠠᠨ᠎ᠠ᠃ ᠰᠣᠩᠭᠢᠨ᠎ᠠ ᠰᠠᠷᠢᠮᠰᠠᠭ ᠤᠨ ᠴᠡᠭᠡᠷ ᠬᠢᠭᠡᠳ ᠵᠠᠰᠠᠯ ᠰᠣᠩᠭᠢᠨ᠎ᠠ ᠰᠠᠷᠢᠮᠰᠠᠭ ᠢ ᠭᠠᠯ ᠳᠤ ᠬᠢᠬᠦ ᠶᠢ ᠴᠡᠭᠡᠷᠯᠡᠨ᠎ᠡ᠃ | ᠨᠢᠳᠦᠨ ᠤ ᠡᠪᠡᠳᠴᠢᠲᠡᠨ ᠰᠠᠷᠢᠮᠰᠠᠭ ᠢᠳᠡᠬᠦ ᠶᠢ ᠴᠡᠭᠡᠷᠯᠡᠨ᠎ᠡ᠃ ᠭᠠᠭᠴᠠ ᠲᠣᠯᠣᠭᠠᠶᠢᠲᠤ ᠰᠠᠷᠢᠮᠰᠠᠭ ᠤᠨ ᠰᠥᠮᠥᠰᠤ ᠶᠢ ᠬᠠᠮᠠᠷ ᠲᠠᠭᠠᠨ ᠳᠤᠰᠤᠭᠠᠪᠠᠯ ᠲᠣᠯᠣᠭᠠᠢ | ᠡᠪᠡᠳᠬᠦ ᠶᠢ ᠵᠣᠭᠰᠣᠭᠠᠨ᠎ᠠ᠃ ᠰᠠᠷᠢᠮᠰᠠᠭ ᠢ ᠬᠡᠷᠴᠢᠭᠡᠳ ᠴᠠᠢ ᠪᠠᠷ ᠳᠠᠷᠤᠭᠤᠯᠵᠤ ᠤᠤᠭᠤᠪᠠᠯ ᠲᠣᠯᠣᠭᠠᠢ ᠡᠪᠡᠳᠬᠦ ᠶᠢ ᠨᠠᠮᠳᠠᠭᠠᠨ᠎ᠠ᠃ | | | |