ᠬᠠᠪᠤᠷ
ᠨᠡᠶᠢᠲᠡᠯᠡᠭᠰᠡᠨ ᠴᠠᠭ᠄
2025/3/31
       ︽ᠭᠦᠭᠡᠭᠡ ᠡᠪᠦᠯ ᠬᠦᠷᠴᠦ ᠢᠷᠡᠪᠡᠯ \ ᠬᠥᠬᠡᠷᠡᠬᠦ ᠬᠠᠪᠤᠷ ᠬᠤᠯᠠ ᠭᠡᠵᠢ ᠤᠤ︖︾ ᠭᠡᠵᠦ ᠬᠤᠶᠠᠷ ᠵᠠᠭᠤ ᠭᠠᠷᠤᠢ ᠵᠢᠯ ᠤᠨ ᠡᠮᠦᠨ᠎ᠡ ᠠᠩᠭ᠍ᠯᠢ ᠶᠢᠨ ᠷᠣᠮᠠᠨᠲ᠋ᠢᠭ  ᠦᠵᠡᠯ ᠤᠨ ᠰᠢᠯᠦᠭᠴᠢ ᠰᠢᠯᠯᠧᠷ ᠬᠥᠮᠥᠰ ᠲᠤ ᠦᠯᠡᠳᠡᠭᠡᠭᠰᠡᠨ ᠢᠲᠡᠭᠡᠯ ᠬᠦᠰᠡᠯ ᠤᠷᠭᠤᠭᠤᠯᠬᠤ ᠮᠥᠩᠬᠡ ᠶᠢᠨ ᠪᠠᠳᠠᠭ ᠢ ᠤᠩᠰᠢᠬᠤ ᠪᠣᠯᠭᠠᠨ ᠡᠪᠦᠯ ᠤᠨ  ᠬᠦᠢᠲᠡᠨ ᠳᠤ ᠤᠳᠠᠭᠠᠨ ᠬᠦᠯᠢᠶᠡᠯᠭᠡᠭᠰᠡᠨ ᠬᠦᠰᠡᠯᠲᠦ ᠬᠠᠪᠤᠷ ᠤᠳᠠᠯ ᠦᠭᠡᠢ ᠬᠦᠷᠴᠦ ᠢᠷᠡᠨ᠎ᠡ ᠭᠡᠵᠦ ᠬᠦᠰᠡᠯ ᠮᠥᠷᠥᠭᠡᠳᠦᠯ ᠤᠨ ᠲᠣᠷᠭᠠᠨ ᠵᠡᠭᠦᠳᠦ ᠪᠠᠨ ᠮᠠᠨᠠᠭᠰᠠᠭᠠᠷ  ᠢᠲᠡᠭᠡᠯ ᠡᠷᠡᠮᠡᠯᠵᠡᠯ ᠤᠨ ᠳᠤᠮᠳᠠ ᠡᠳᠦᠷ ᠪᠦᠷᠢ ᠶᠢ ᠬᠦᠰᠡᠬᠦ ᠵᠦᠢᠯ ᠲᠠᠢ᠂ ᠬᠦᠯᠢᠶᠡᠬᠦ ᠠᠮᠢᠳᠤᠷᠠᠯ ᠲᠠᠢ ᠪᠠᠶᠠᠷ ᠵᠢᠷᠭᠠᠯ ᠤᠨ ᠳᠤᠮᠳᠠ ᠥᠩᠭᠡᠷᠡᠬᠦ ᠨᠢ ᠡᠪᠦᠯ ᠤᠨ ᠬᠥᠮᠥᠰ  ᠶᠤᠮ᠃        ᠦᠨᠡᠬᠡᠷ ᠬᠥᠯᠳᠡᠭᠦᠦ ᠬᠦᠢᠲᠡᠨ ᠤ ᠳᠤᠮᠳᠠ ᠤᠳᠠᠭᠠᠨ ᠪᠠᠶᠢᠬᠤ ᠳᠠᠭᠠᠨ ᠤᠷᠢᠬᠠᠨ ᠳᠤᠯᠠᠭᠠᠨ᠂ ᠠᠮᠢᠯᠠᠯ ᠬᠥᠭᠵᠢᠯ ᠲᠠᠢ ᠡᠰᠡᠨᠢᠯᠲᠦ ᠬᠠᠪᠤᠷ ᠢ ᠶᠠᠭᠤᠨ ᠳᠤ  ᠦᠯᠦ ᠬᠦᠰᠡᠬᠦ ᠠᠵᠢ︖ ᠬᠠᠪᠤᠷ ᠪᠣᠯ ᠡᠪᠦᠯ ᠤᠨ ᠡᠴᠦᠰ ᠤᠨ ᠥᠷᠲᠡᠭᠡ᠂ ᠬᠠᠪᠤᠷ ᠪᠣᠯ ᠬᠠᠮᠤᠭ ᠪᠣᠳᠠᠰ ᠠᠮᠢᠯᠠᠨ ᠰᠡᠷᠭᠦᠬᠦ ᠬᠦᠰᠡᠯᠲᠡᠢ ᠤᠶᠠᠷᠠᠯᠲᠠᠢ ᠬᠠᠶᠢᠷᠠᠯᠠᠯᠲᠠᠢ  ᠮᠥᠷᠥᠭᠡᠳᠦᠯᠲᠡᠢ ᠰᠠᠶᠢᠬᠠᠨ ᠴᠠᠭ ᠤᠯᠠᠷᠢᠯ ᠪᠤᠯᠬᠤ ᠶᠤᠮᠰᠠᠨ᠃ ᠶᠠᠭ ᠳ᠋᠊·ᠨᠠᠴᠤᠭᠳᠣᠷᠵᠢ ᠶᠢᠨ ︽ᠬᠠᠪᠤᠷ︾ᠰᠢᠯᠦᠭ ᠲᠡᠭᠡᠨ ᠰᠢᠯᠦᠭᠯᠡᠭᠰᠡᠨ ᠰᠢᠭ ︽ᠭᠤᠣᠯ ᠤᠨ ᠮᠥᠰᠥᠨ  ᠬᠤᠶᠢᠲᠤ ᠳᠠᠯᠠᠢ ᠳᠤ ᠨᠡᠭᠦᠨ ᠣᠳᠴᠤ \ ᠪᠤᠯᠠᠭ ᠤᠨ ᠤᠰᠤ ᠬᠥᠭᠵᠢᠮ ᠮᠡᠲᠦ ᠡᠭᠡᠰᠢᠭᠯᠡᠨ ᠢᠷᠠᠯᠵᠠᠨ᠎ᠠ \ ᠬᠡᠭᠡᠷ᠎ᠡ ᠶᠢᠨ ᠭᠠᠯᠠᠭᠤ ᠢᠷᠡᠵᠤ ᠭᠠᠩᠭᠠᠷ ᠭᠤᠩᠭᠠᠷ  ᠳᠣᠩᠭᠤᠳᠤᠭᠠᠳ \ ᠬᠥᠮᠥᠨ ᠤ ᠰᠡᠳᠬᠢᠯ ᠢ ᠬᠥᠳᠡᠯᠭᠡᠨ ᠬᠤᠯᠠᠬᠢ ᠶᠢ ᠮᠥᠷᠥᠭᠡᠳᠦᠭᠦᠯᠬᠦ︾ ᠬᠥᠭᠵᠢᠮ ᠠᠶᠠᠯᠭᠤ ᠲᠠᠢ᠂ ᠠᠮᠢᠳᠤ ᠤᠰᠤᠨ ᠤ ᠴᠢᠮᠡᠭᠡ ᠲᠠᠢ ︽ᠬᠦᠰᠡᠯᠲᠡᠢ  ᠰᠠᠶᠢᠬᠠᠨ ᠬᠠᠪᠤᠷ ᠠ᠋︕ ᠴᠡᠩᠭᠡᠯᠲᠡᠢ ᠰᠠᠶᠢᠬᠠᠨ ᠬᠠᠪᠤᠷ︾ ᠠᠵᠢ᠃        ᠬᠠᠪᠤᠷ ᠤᠨ ᠠᠭᠤᠷ ᠣᠷᠣᠵᠤ ᠰᠠᠯᠬᠢᠨ ᠤ ᠦᠵᠦᠭᠦᠷ ᠲᠤ ᠵᠥᠭᠡᠯᠡᠬᠡᠨ ᠠᠮᠢᠰᠬᠤᠯ ᠮᠡᠳᠡᠷᠡᠭᠳᠡᠬᠦ ᠦᠶᠡᠰ ᠤᠷᠢᠨ ᠳᠤᠯᠠᠭᠠᠨ᠂ ᠢᠯᠴᠢ ᠡᠨᠧᠷᠭᠢ ᠭᠡᠷᠡᠯ ᠭᠡᠭᠡ  ᠡᠬᠡ ᠳᠡᠯᠡᠬᠡᠢ ᠶᠢ ᠴᠢᠮᠡᠭᠯᠡᠨ ᠪᠦᠷᠬᠦᠬᠦ ᠳᠤ ᠬᠠᠮᠤᠭ ᠪᠦᠭᠦᠨ ᠤᠨᠲᠠᠭᠰᠠᠨ ᠨᠣᠶᠢᠷ ᠠᠴᠠ ᠪᠠᠨ ᠰᠡᠷᠢᠭᠰᠡᠨ ᠮᠡᠲᠦ ᠶᠠᠭ ᠯᠠ ᠨᠢᠭᠡᠨ ᠥᠭᠡᠷ᠎ᠡ ᠬᠡᠷᠡᠯᠳᠦ ᠰᠠᠶᠢᠬᠠᠨ  ᠶᠢᠷᠲᠢᠨᠴᠦ ᠮᠣᠷᠢᠯᠠᠭᠰᠠᠨ ᠰᠢᠭ᠋ ᠰᠠᠨᠠᠭ᠎ᠠ ᠲᠡᠨᠢᠭᠡᠷ ᠪᠤᠯᠳᠠᠭ ᠰᠠᠨ᠃ ᠬᠠᠪᠤᠷ ᠤᠨ ᠠᠮᠢᠰᠬᠤᠯ ᠬᠠᠴᠠᠷ ᠢ ᠢᠯᠪᠢᠬᠦ ᠳᠤ ᠬᠠᠶᠢᠷ᠎ᠠ ᠶᠢᠨ ᠤᠷᠤᠰᠬᠠᠯ ᠵᠢᠷᠦᠬᠡᠨ ᠳᠤ ᠶᠠᠭᠤ  ᠨᠢᠭᠡ ᠶᠢ ᠰᠢᠪᠡᠨᠡᠨ᠂ ᠬᠠᠮᠤᠭ ᠪᠣᠳᠠᠰ ᠠᠮᠢᠯᠠᠨ ᠰᠠᠷᠢᠨ᠎ᠠ᠃ ᠬᠠᠪᠤᠷ ᠤᠨ ᠤᠷᠢ ᠣᠷᠣᠬᠤ ᠳᠤ ᠬᠥᠮᠥᠰ ᠤᠨ ᠢᠲᠡᠭᠡᠯ ᠵᠣᠷᠢᠭ᠂ ᠬᠦᠰᠡᠯ ᠡᠷᠡᠮᠡᠯᠵᠡᠯ᠂ ᠤᠬᠠᠭᠠᠨ ᠪᠤᠳᠤᠯ  ᠨᠡᠮᠡᠭᠳᠡᠬᠦ ᠪᠠᠷ ᠢᠶᠠᠨ ᠯᠠ ᠨᠡᠮᠡᠭᠳᠡᠨ᠎ᠡ᠃ ᠬᠠᠪᠤᠷ ᠬᠥᠮᠥᠰ ᠲᠤ ᠬᠦᠰᠡᠯ ᠮᠥᠷᠥᠭᠡᠳᠦᠯ ᠢ ᠤᠷᠭᠤᠭᠤᠯᠳᠠᠭ ᠢᠶᠠᠷ ᠦᠯᠦ ᠪᠠᠷᠠᠨ ᠬᠥᠮᠥᠰ ᠲᠤ ᠭᠦᠭᠡᠭᠡ ᠡᠪᠦᠯ ᠢ ᠳᠠᠪᠠᠨ ᠲᠣᠭᠤᠯᠬᠤ ᠬᠠᠳᠠᠨ ᠵᠣᠷᠢᠭ ᠢ  ᠣᠯᠭᠤᠳᠠᠭ ᠠᠴᠠ ᠬᠠᠪᠤᠷ ᠢ ᠬᠦᠰᠡᠨ ᠮᠥᠷᠥᠭᠡᠳᠬᠦ ᠨᠢ ᠰᠢᠯᠲᠠᠭᠠᠨ ᠦᠭᠡᠢ ᠪᠢᠰᠢ᠃ ᠬᠠᠪᠤᠷ ᠢ ᠬᠦᠰᠡᠭᠰᠡᠨ ᠰᠡᠳᠬᠢᠯ ᠡᠪᠦᠯᠵᠢᠨ ᠵᠣᠷᠢᠭ ᠵᠢᠪᠬᠤᠭ᠎ᠠ ᠶᠠᠪᠤᠳᠠᠭ᠂  ᠬᠠᠪᠤᠷ ᠲᠤ ᠢᠲᠡᠭᠡᠭᠰᠡᠨ ᠢᠲᠡᠭᠡᠯ ᠡᠪᠦᠯᠵᠢᠨ ᠤᠨᠲᠠᠷᠠᠰᠢ ᠦᠭᠡᠢ ᠪᠠᠶᠢᠳᠠᠭ᠃ ᠬᠠᠪᠤᠷ ᠲᠤ ᠲᠡᠮᠡᠦᠯᠦᠭᠰᠡᠨ ᠡᠷᠴᠢ ᠵᠣᠷᠢᠭ ᠡᠪᠦᠯᠵᠢᠨ ᠳᠦᠷᠡᠯᠵᠡᠭᠡᠳ ᠪᠠᠶᠢᠳᠠᠭ᠃  ᠬᠠᠪᠤᠷ ᠲᠤ ᠠᠮᠢᠯᠠᠭᠰᠠᠨ ᠬᠠᠶᠢᠷ᠎ᠠ ᠨᠠᠷᠠ ᠰᠢᠭ᠋ ᠲᠥᠭᠡᠨᠡᠭᠡᠳ ᠪᠠᠶᠢᠳᠠᠭ᠃ ᠬᠠᠪᠤᠷ ᠲᠤ ᠤᠷᠭᠤᠭᠰᠠᠨ ᠵᠢᠭᠦᠷ ᠨᠡᠩ ᠬᠤᠯᠠ ᠨᠢᠰᠦᠨ ᠳᠡᠭᠦᠯᠢᠬᠦ ᠯᠠ ᠶᠤᠮ᠃ ᠬᠠᠪᠤᠷ ᠲᠤ  ᠳᠣᠬᠳᠣᠯᠤᠬᠰᠠᠨ ᠰᠢᠯᠦᠭ ᠵᠤᠨᠵᠢᠨ ᠤᠷᠭᠤᠭᠠᠳ ᠯᠠ ᠪᠠᠶᠢᠳᠠᠭ᠃ ᠬᠠᠪᠤᠷ ᠲᠤ ᠢᠲᠡᠭᠡᠭᠰᠡᠨ ᠢᠲᠡᠭᠡᠯ ᠵᠢᠯᠵᠢᠨ ᠤᠷᠤᠭᠰᠢ ᠪᠠᠨ ᠲᠡᠮᠡᠦᠯᠳᠡᠭ ᠁        ᠡᠪᠦᠯ ᠤᠨ ᠳᠣᠲᠣᠷ᠎ᠠ ᠬᠠᠪᠤᠷ ᠠᠮᠢᠯᠠᠳᠠᠭ᠂ ᠬᠠᠪᠤᠷ ᠤᠨ ᠳᠣᠲᠣᠷ᠎ᠠ ᠵᠤᠨ ᠳᠡᠯᠭᠡᠷᠡᠳᠡᠭ᠂ ᠵᠣᠨ ᠤ ᠳᠣᠲᠣᠷ᠎ᠠ ᠨᠠᠮᠤᠷ ᠪᠣᠯᠪᠠᠰᠤᠷᠠᠳᠠᠭ᠂ ᠨᠠᠮᠤᠷ ᠤᠨ ᠳᠣᠲᠣᠷ᠎ᠠ  ᠡᠪᠦᠯ ᠠᠮᠤᠰᠭᠢᠳᠠᠭ᠃ ᠮᠥᠩᠬᠡ ᠶᠢᠨ ᠳᠥᠷᠪᠡᠨ ᠤᠯᠠᠷᠢᠯ ᠶᠢᠷᠲᠢᠨᠴᠦ ᠳᠡᠯᠡᠬᠡᠢ ᠶᠢ ᠴᠢᠮᠡᠳᠡᠭ ᠪᠣᠯᠬᠤᠷ ᠬᠡᠨ ᠨᠢ ᠬᠡᠨ ᠠᠴᠠ ᠪᠠᠨ ᠰᠠᠯᠤᠰᠢ ᠦᠭᠡᠢ ᠠᠮᠢᠯᠠᠯ ᠰᠡᠷᠭᠦᠯ ᠤᠨ  ᠪᠠᠲᠤ ᠬᠤᠯᠪᠤᠭ᠎ᠠ ᠲᠠᠢ ᠠᠵᠢ᠃        ᠲᠡᠭᠡᠭᠦ ᠳᠡᠭᠡᠨ ᠬᠠᠪᠤᠷ ᠴᠡᠯ ᠨᠣᠭᠤᠭᠠᠨ ᠥᠩᠭᠡ ᠶᠢᠨ ᠪᠣᠯᠪᠠᠰᠤᠷᠠᠯᠲᠠ ᠶᠢᠨ ᠲᠠᠯᠠᠪᠠᠢ ᠶᠤᠮ᠃ ᠬᠠᠪᠤᠷ ᠬᠠᠷ᠎ᠠ ᠰᠢᠭᠤᠷᠭ᠎ᠠ ᠬᠠᠬᠢᠷ ᠬᠦᠢᠲᠡᠨ ᠲᠠᠢ ᠴᠤ ᠲᠡᠷᠡ  ᠪᠣᠯ ᠬᠠᠪᠤᠷ ᠠᠴᠠ ᠰᠠᠯᠵᠤ ᠶᠠᠳᠠᠭᠰᠠᠨ ᠡᠪᠦᠯ ᠤᠨ ᠨᠡᠷᠡᠯᠬᠡᠭ ᠡᠷᠬᠡᠯᠡᠯ ᠲᠡᠳᠦᠢ ᠶᠤᠮ᠂ ᠬᠠᠪᠤᠷ ᠮᠣᠷᠢᠯᠠᠬᠤ ᠪᠠᠷ ᠢᠶᠠᠨ ᠮᠣᠷᠢᠯᠠᠨ᠎ᠠ᠃        ᠬᠠᠪᠤᠷ ᠤᠨ ᠲᠥᠯᠥᠭᠡ ᠬᠠᠪᠤᠷ ᠤᠨ ᠰᠢᠯᠦᠭᠴᠢᠳ ᠠᠯᠢ ᠣᠯᠠᠨ ᠰᠣᠩᠭᠤᠳᠠᠭ ᠪᠦᠲᠦᠭᠡᠯ ᠢᠶᠠᠨ ᠦᠯᠡᠳᠡᠭᠡᠭᠰᠡᠨ ᠨᠢ ᠬᠤᠵᠢᠮ ᠤᠨ ᠬᠥᠮᠥᠰ ᠤᠨ ᠢᠷᠠᠭᠤ  ᠨᠠᠶᠢᠷᠠᠭ᠂ ᠭᠤᠸ᠎ᠠ ᠲᠠᠭᠠᠰᠢᠶᠠᠯ ᠤᠨ ᠳᠤᠮᠳᠠᠭᠤᠷ ᠰᠡᠳᠬᠢᠯ ᠬᠠᠩᠬᠤᠯᠤᠭᠤᠨ ᠶᠠᠪᠤᠬᠤ ᠶᠢᠨ ᠤᠴᠢᠷ ᠰᠢᠯᠲᠠᠭᠠᠨ ᠪᠣᠯᠤᠭᠰᠠᠨ ᠶᠤᠮ᠃ ᠲᠠᠩ ᠤᠯᠤᠰ ᠤᠨ ᠦᠶ᠎ᠡ ᠶᠢᠨ  ᠰᠢᠯᠦᠭᠴᠢᠨ ᠵᠠᠩ ᠿᠦᠸᠧ ᠰᠢᠦᠢ ᠶᠢᠨ ︽ᠬᠠᠪᠤᠷ ᠤᠨ ᠮᠥᠷᠡᠨ ᠤ ᠴᠡᠴᠡᠭ ᠰᠠᠷᠠᠲᠤ ᠰᠥᠨᠢ︾ ᠬᠡᠮᠡᠬᠦ ᠰᠣᠩᠭᠤᠳᠠᠭ ᠢᠷᠠᠭᠤ ᠨᠠᠶᠢᠷᠠᠭ ᠬᠠᠪᠤᠷ ᠤᠨ ᠲᠥᠯᠥᠭᠡ  ᠮᠥᠩᠬᠡᠷᠡᠭᠰᠡᠨ ᠪᠣᠯ ᠲᠠᠩ ᠤᠯᠤᠰ ᠤᠨ ᠠᠯᠳᠠᠷᠲᠤ ᠰᠢᠯᠦᠭᠴᠢ ᠳ᠋ᠦ᠋ ᠹᠦ᠋︽ᠥᠭᠭᠢᠶᠡᠮᠦᠷ ᠬᠤᠷ᠎ᠠ ᠴᠠᠭ ᠤᠨ ᠢᠳᠡᠨ᠎ᠡ ᠣᠷᠣᠵᠤ \ ᠦᠷᠡᠵᠢᠬᠦ ᠬᠠᠪᠤᠷ ᠲᠦᠮᠡᠨ ᠪᠣᠳᠠᠰ ᠢ  ᠠᠮᠢᠯᠠᠮᠤᠢ \ ᠰᠠᠯᠬᠢᠨ ᠤ ᠠᠶ᠎ᠠ ᠪᠠᠷ ᠰᠥᠨᠢ ᠶᠢᠨ ᠭᠦᠨ᠎ᠡ ᠣᠷᠣᠵᠤ\ ᠪᠣᠳᠠᠰ ᠢ ᠤᠮᠳᠠᠯᠠᠬᠤᠶ᠎ᠠ ᠴᠢᠮᠡᠭᠡ ᠠᠨᠢᠷ ᠦᠭᠡᠢ︾ ᠬᠡᠮᠡᠨ ︽ᠬᠠᠪᠤᠷ ᠤᠨ ᠰᠥᠨᠢ ᠶᠢᠨ ᠥᠭᠭᠢᠶᠡᠮᠦᠷ  ᠬᠤᠷ᠎ᠠ︾ ᠰᠢᠯᠦᠭ ᠢᠶᠠᠨ ᠬᠠᠪᠤᠷ ᠤᠨ ᠲᠥᠯᠥᠭᠡ ᠪᠦᠲᠦᠭᠡᠭᠰᠡᠨ ᠠᠵᠤᠭᠤ ᠁        ᠬᠠᠪᠤᠷ ᠭᠡᠵᠦ ᠰᠠᠶᠢᠬᠠᠨ ᠴᠠᠭ ᠠ᠋︕ ᠬᠠᠪᠤᠷ ᠡᠬᠡ ᠳᠡᠯᠡᠬᠡᠢ ᠳᠤ ᠰᠠᠭᠠᠲᠠᠬᠤ ᠪᠠᠷ ᠢᠶᠠᠨ ᠰᠠᠭᠠᠲᠠᠵᠤ᠂ ᠡᠨᠡ ᠳᠡᠯᠡᠬᠡᠢ ᠴᠠᠯ ᠵᠠᠯᠠᠭᠤ ᠪᠠᠷ ᠢᠶᠠᠨ ᠮᠥᠩᠬᠡᠷᠡᠭᠰᠡᠭᠡᠷ  ᠪᠠᠶᠢᠬᠤ ᠪᠣᠯᠣᠨ᠎ᠠ᠃  
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ