ᠠᠷᠠᠰᠤ ᠰᠢᠷᠢ ᠡᠳ᠋ᠰᠢᠭᠦᠯᠬᠦ
ᠨᠡᠶᠢᠲᠡᠯᠡᠭᠰᠡᠨ ᠴᠠᠭ᠄
2025/4/18
        ᠰᠢᠨ᠎ᠡ ᠪᠠᠷᠭᠤᠴᠤᠳ ᠲᠠᠪᠤᠨ ᠬᠤᠰᠢᠭᠤ ᠮᠠᠯ  ᠤᠨ ᠢᠶᠠᠨ ᠠᠷᠠᠰᠤ ᠰᠢᠷᠢ ᠶᠢ ᠱᠡᠦᠯᠡᠵᠦ ᠢᠳᠡᠭᠡᠯᠡᠭᠦᠯᠬᠦ ᠠᠷᠭ᠎ᠠ ᠪᠠᠷ ᠪᠣᠯᠪᠠᠰᠤᠷᠠᠭᠤᠯᠤᠨ ᠡᠳ᠋ᠰᠢᠭᠦᠯᠵᠦ  ᠥᠪᠡᠷ ᠤᠨ ᠠᠮᠢᠳᠤᠷᠠᠯ ᠦᠢᠯᠡᠳᠪᠦᠷᠢᠯᠡᠯ ᠤᠨ ᠬᠡᠷᠡᠭᠯᠡᠭᠡᠨ ᠤ ᠪᠦᠲᠦᠭᠡᠭᠳᠡᠬᠦᠨ ᠪᠣᠯᠭᠠᠨ ᠦᠢᠯᠡᠳᠳᠡᠭ ᠤᠯᠠᠮᠵᠢᠯᠠᠯᠲᠤ ᠤᠷ᠎ᠠ ᠮᠡᠷᠭᠡᠵᠢᠯ ᠲᠠᠢ ᠶᠤᠮ᠃           ᠬᠤᠨᠢ ᠢᠮᠠᠭᠠᠨ ᠤ ᠠᠷᠠᠰᠤ ᠶᠢ ᠡᠯᠳᠡᠵᠦ ᠮᠠᠯᠠᠭᠠᠢ᠂ ᠳᠡᠪᠡᠯ᠂ ᠥᠮᠥᠳᠦ᠂ ᠳᠠᠬᠤ᠂ ᠬᠦᠨᠵᠢᠯᠡ᠂ ᠳᠡᠪᠢᠰᠬᠡᠷ᠂ ᠣᠶᠢᠮᠤᠰᠤ᠂ ᠨᠢᠷᠠᠢ ᠬᠡᠦᠬᠡᠳ ᠤᠨ ᠵᠠᠩᠭ᠎ᠠ ᠵᠡᠷᠭᠡ  ᠬᠦᠢᠲᠡᠨ ᠡᠷᠢᠨ ᠤ ᠬᠤᠪᠴᠠᠰᠤᠨ ᠳᠤ ᠬᠡᠷᠡᠭᠯᠡᠨ᠎ᠡ᠃ ᠬᠤᠨᠢᠨ ᠤ ᠠᠷᠠᠰᠤ ᠶᠢ ᠢᠯᠭᠢᠯᠡᠵᠦ ᠲᠤᠯᠤᠮ᠂ ᠭᠤᠲᠤᠯ ᠤᠨ ᠬᠠᠪᠴᠢᠶᠠᠷᠢ ᠬᠢᠳᠡᠭ᠃ ᠡᠯᠳᠡᠭᠰᠡᠨ ᠠᠷᠠᠰᠤ ᠶᠢ  ᠤᠲᠤᠭ᠎ᠠ ᠪᠠᠷ ᠤᠲᠤᠭᠠᠳ ᠥᠩᠭᠡᠯᠡᠭᠰᠡᠨ ᠦᠭᠡᠢ ᠳᠡᠪᠡᠯ ᠬᠢᠨ᠎ᠡ᠃ ᠬᠤᠪᠴᠠᠰᠤᠨ ᠳᠤ ᠬᠡᠷᠡᠭᠯᠡᠬᠦ ᠠᠷᠠᠰᠤ ᠶᠢ ᠡᠯᠳᠡᠬᠦ ᠳᠤ ᠪᠠᠨ ᠤᠷᠢᠳ ᠢᠶᠠᠷ ᠬᠦᠢᠲᠡᠨ ᠤᠰᠤᠨ ᠳᠤ  ᠳᠡᠪᠲᠦᠭᠡᠵᠦ᠂ ᠬᠠᠯᠢᠰᠤ ᠮᠢᠬ᠎ᠠ ᠥᠭᠡᠬᠦ ᠶᠢ ᠨᠢ ᠴᠡᠪᠡᠷᠯᠡᠭᠡᠳ᠂ ᠰᠦ ᠰᠢᠷᠠᠰᠤ ᠠᠶᠢᠷᠠᠭ ᠵᠡᠷᠭᠡ ᠳᠤ ᠳᠠᠪᠤᠰᠤ ᠬᠢᠭᠡᠳ ᠢᠳᠡᠭᠡᠯᠡᠭᠦᠯᠳᠡᠭ᠃ ᠢᠩᠭᠢᠬᠦ ᠳᠤ ᠪᠠᠨ ᠢᠳᠡᠭᠡ  ᠣᠷᠣᠵᠤ ᠪᠠᠶᠢᠭ᠎ᠠ ᠪᠠᠶᠢᠳᠠᠯ ᠢ ᠠᠵᠢᠭᠯᠠᠵᠤ᠂ ᠠᠷᠠᠰᠤ ᠵᠥᠭᠡᠯᠡᠷᠡᠵᠦ ᠬᠥᠪᠰᠥᠶᠢᠬᠦ ᠪᠤᠶᠤ ᠦᠰᠦ ᠨᠢ ᠵᠤᠯᠭᠠᠷᠠᠨ ᠤᠨᠠᠬᠤ ᠦᠭᠡᠢ ᠪᠠᠶᠢᠯᠭᠠᠬᠤ ᠬᠡᠷᠡᠭᠲᠡᠢ᠃ ᠭᠦᠢᠴᠡᠳ  ᠢᠳᠡᠭᠡ ᠣᠷᠣᠭᠰᠠᠨ ᠠᠷᠠᠰᠤ ᠪᠠᠨ ᠱᠡᠦ ᠠᠴᠠ ᠭᠠᠷᠭᠠᠭᠠᠳ᠂ ᠡᠪᠬᠡᠷᠡᠭᠰᠡᠨ ᠤ ᠳᠠᠷᠠᠭ᠎ᠠ ᠬᠡᠳᠡᠷᠭᠡ ᠪᠠᠷ ᠮᠠᠭᠠᠵᠢᠵᠤ ᠡᠯᠳᠡᠨ᠎ᠡ᠃           ᠠᠷᠠᠰᠤ ᠡᠯᠳᠡᠬᠦ ᠳᠤ ᠨᠠᠷᠠ ᠲᠠᠢ ᠡᠳᠦᠷ ᠡᠯᠳᠡᠬᠦ ᠪᠥᠭᠡᠳ ᠨᠡᠯᠢᠶᠡᠳ ᠵᠥᠭᠡᠯᠡᠷᠡᠵᠦ ᠪᠣᠯᠪᠠᠰᠤᠷᠠᠭᠰᠠᠨ ᠠᠷᠠᠰᠤ ᠪᠠᠨ ᠮᠠᠯ ᠤᠨ ᠲᠣᠰᠣ ᠢᠶᠠᠷ ᠲᠣᠰᠤᠯᠠᠵᠤ᠂  ᠳᠠᠬᠢᠨ ᠡᠯᠳᠡᠭᠡᠳ ᠲᠣᠰᠣ ᠶᠢ ᠨᠢ ᠠᠷᠠᠰᠤᠨ ᠳᠤ ᠰᠢᠩᠭᠡᠭᠡᠨ᠎ᠡ᠃ ᠢᠩᠭᠢᠵᠦ ᠡᠳ᠋ᠰᠢᠭᠦᠯᠦᠭᠰᠡᠨ ᠠᠷᠠᠰᠤ  ᠪᠠᠷ ᠰᠤᠷ ᠬᠢᠨ᠎ᠡ᠃ ᠡᠩ ᠤᠨ ᠶᠠᠷᠢᠶᠠᠨ ᠳᠤ ᠠᠷᠠᠰᠤ  ᠡᠯᠳᠡᠬᠦ ᠪᠠᠨ ᠰᠤᠷ ᠡᠯᠳᠡᠬᠦ ᠴᠦ ᠭᠡᠳᠡᠭ᠃ ᠰᠤᠷ ᠢᠶᠠᠷ ᠨᠣᠭᠲᠣ ᠬᠠᠵᠠᠭᠠᠷ᠂ ᠴᠢᠳᠦᠷ᠂ ᠡᠮᠡᠭᠡᠯ ᠤᠨ ᠲᠣᠨᠤᠭ᠂ ᠤᠶᠠᠭ᠎ᠠ ᠲᠠᠲᠠᠯᠭ᠎ᠠ᠂ ᠬᠤᠶᠢᠪᠢ᠂ ᠲᠠᠰᠢᠭᠤᠷ ᠬᠢᠳᠡᠭ᠃
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ