ᠢᠳᠠᠮᠯᠠᠬᠤ ᠶᠣᠰᠣᠨ
ᠨᠡᠶᠢᠲᠡᠯᠡᠭᠰᠡᠨ ᠴᠠᠭ᠄
2025/4/21
         ᠢᠳᠠᠮ ᠭᠡᠳᠡᠭ ᠨᠢ ᠥᠪᠡᠷ ᠤᠨ ᠰᠢᠲᠦᠭᠡᠨ ᠭᠡᠰᠡᠨ ᠤᠳᠬ᠎ᠠ ᠲᠠᠢ᠂ ᠪᠤᠷᠬᠠᠨ ᠱᠠᠰᠢᠨ ᠤ ᠦᠵᠡᠯᠲᠡ ᠪᠠᠷ ᠪᠣᠯ ᠬᠥᠮᠥᠨ ᠪᠦᠬᠦᠨ ᠳᠤ ᠥᠪᠡᠷ ᠢ ᠨᠢ  ᠲᠤᠰᠠᠯᠠᠵᠤ ᠳᠡᠮᠵᠢᠳᠡᠭ ᠰᠢᠲᠦᠭᠡᠨ ᠪᠠᠶᠢᠳᠠᠭ ᠭᠡᠨ᠎ᠡ᠃ ᠡᠭᠦᠨ ᠢ ᠨᠢ ᠢᠳᠠᠮ ᠭᠡᠳᠡᠭ᠃ ᠮᠣᠩᠭᠤᠯ ᠬᠥᠮᠥᠨ ᠤ ᠢᠳᠠᠮ ᠪᠣᠯ ᠲᠡᠭᠷᠢ᠂ ᠭᠠᠵᠠᠷ ᠪᠠ ᠲᠡᠭᠦᠨ ᠤ ᠲᠠᠯᠢᠢᠭᠴᠢ  ᠳᠡᠭᠡᠳᠦᠰ ᠪᠣᠯᠣᠨ᠎ᠠ᠃ ᠮᠣᠩᠭᠤᠯᠴᠤᠳ ᠠᠷᠢᠬᠢ ᠢᠳᠡᠭᠡᠨ ᠤ ᠳᠡᠭᠡᠵᠢ ᠪᠠᠨ ᠳᠥᠷᠪᠡᠳᠦᠭᠡᠷ ᠬᠤᠷᠤᠭᠤ ᠪᠠᠷ ᠢᠶᠠᠨ ᠰᠡᠷᠵᠢᠮᠯᠡᠨ ᠡᠷᠭᠦᠳᠡᠭ ᠵᠠᠩᠰᠢᠯ ᠲᠠᠢ᠃ ᠲᠡᠷᠡᠬᠦ ᠰᠡᠷᠵᠢᠮ  ᠡᠷᠭᠦᠳᠡᠭ ᠬᠤᠷᠤᠭᠤ ᠶᠢ ᠢᠳᠠᠮ ᠬᠤᠷᠤᠭᠤ ᠭᠡᠨ᠎ᠡ᠃ ᠲᠡᠭᠡᠪᠡᠯ ᠳᠥᠷᠪᠡᠳᠦᠭᠡᠷ ᠬᠤᠷᠤᠭᠤ ᠶᠠᠭᠠᠬᠢᠭᠠᠳ ᠢᠳᠠᠮ ᠬᠤᠷᠤᠭᠤ ᠪᠣᠯᠴᠢᠬᠠᠪᠠ︖ ᠬᠠᠮᠤᠭ ᠠᠷᠢᠭᠤᠨ ᠴᠢᠭᠴᠢ  ᠬᠤᠷᠤᠭᠤ ᠶᠤᠮ ᠭᠡᠨ᠎ᠡ᠃ ᠡᠷᠡᠬᠡᠢ ᠬᠤᠷᠤᠭᠤ ᠨᠢ ᠪᠤᠰᠤᠳ ᠢ ᠰᠠᠶᠢᠰᠢᠶᠠᠨ ᠮᠠᠭᠲᠠᠬᠤ ᠳᠤ ᠤᠯᠠᠨ ᠭᠠᠷᠳᠠᠭ ᠪᠠ ᠡᠷᠡᠬᠡᠢ ᠮᠡᠷᠭᠡᠨ ᠬᠡᠮᠡᠨ ᠨᠤᠮᠤ ᠰᠤᠮᠤ ᠬᠠᠷᠪᠤᠳᠠᠭ  ᠲᠤᠯᠠ ᠪᠢᠯᠳᠠᠤᠴᠢ ᠮᠥᠷᠲᠡᠭᠡᠨ ᠳᠠᠶᠢᠨᠴᠢ ᠭᠡᠨ᠎ᠡ᠃ ᠳᠣᠯᠣᠪᠤᠷ ᠬᠤᠷᠤᠭᠤ ᠨᠢ ᠪᠤᠰᠤᠳ ᠢ ᠵᠢᠭᠠᠨ ᠬᠠᠷᠢᠶᠠᠬᠤ ᠳᠤ ᠭᠠᠪᠰᠢᠭᠠᠶᠢᠯᠠᠳᠠᠭ ᠪᠥᠭᠡᠳ ᠢᠳᠡᠭᠡᠨ ᠤᠮᠳᠠᠭᠠᠨ ᠢ  ᠳᠣᠯᠣᠪᠤᠷ ᠢᠶᠠᠷ ᠢᠶᠠᠨ ᠡᠯᠭᠦᠨ ᠳᠣᠯᠢᠶᠠᠵᠤ ᠢᠳᠡᠳᠡᠭ ᠭᠡᠨ᠎ᠡ᠃ ᠳᠤᠮᠳᠠ ᠬᠤᠷᠤᠭᠤ ᠬᠠᠮᠤᠭ ᠤᠷᠳᠤ ᠲᠤᠯᠠ ᠪᠤᠰᠤᠳ ᠠᠴᠠ ᠲᠡᠷᠢᠭᠦᠨ ᠳᠤ ᠶᠠᠮᠠᠷᠴᠤ ᠶᠠᠭᠤᠮᠠᠨ  ᠬᠦᠷᠴᠢᠬᠡᠳᠡᠭ ᠭᠡᠨ᠎ᠡ᠂ ᠰᠢᠭᠡᠵᠢ ᠬᠤᠷᠤᠭᠤ ᠨᠢ ᠨᠡᠩ ᠴᠦ ᠪᠤᠰᠤᠳ ᠢ ᠮᠠᠭᠤᠯᠠᠳᠠᠭ ᠲᠤᠯᠠ ᠪᠠᠰᠠᠴᠤ ᠴᠡᠪᠡᠷ ᠪᠢᠰᠢ ᠭᠡᠨ᠎ᠡ᠃ ᠡᠴᠦᠰ ᠲᠤ ᠭᠠᠭᠴᠠᠬᠠᠨ ᠳᠥᠷᠪᠡᠳᠦᠭᠡᠷ  ᠬᠤᠷᠤᠭᠤ ᠨᠢ ᠬᠠᠮᠤᠭ ᠴᠡᠪᠡᠷ ᠪᠣᠯᠤᠭᠰᠠᠨ ᠲᠤᠯᠠ ᠢᠳᠠᠮ ᠨᠡᠷ᠎ᠡ ᠶᠢ ᠣᠯᠵᠤ ᠰᠡᠷᠵᠢᠮ ᠡᠷᠭᠦᠬᠦ ᠪᠣᠯᠵᠠᠢ᠃  
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ