ᠮᠣᠩᠭᠤᠯ ᠭᠡᠷ ᠢᠶᠠᠨ ᠠᠴᠢᠬᠤ ᠳᠠᠭᠠᠨ ᠭᠡᠷ ᠤᠨ ᠰᠠᠭᠤᠷᠢᠨ ᠳᠤ ᠭᠠᠯ ᠴᠤᠭ᠂ ᠨᠤᠷᠮ᠎ᠠ ᠦᠯᠡᠳᠡᠭᠡᠵᠦ ᠣᠷᠬᠢᠳᠠᠭ ᠦᠭᠡᠢ᠃ ᠭᠠᠯ ᠢ ᠰᠡᠷᠭᠡᠶᠢᠯᠡᠵᠦ᠂ | ᠭᠠᠯ ᠤᠨ ᠠᠶᠤᠯ ᠲᠦᠢᠮᠡᠷ ᠭᠠᠷᠬᠤ ᠠᠴᠠ ᠬᠢᠴᠢᠶᠡᠨ ᠰᠡᠷᠡᠮᠵᠢᠯᠡᠳᠡᠭ ᠨᠢ ᠨᠡᠭᠦᠳᠡᠯᠴᠢᠨ ᠪᠠᠷᠭᠤ ᠲᠦᠮᠡᠨ ᠤ ᠡᠷᠲᠡᠨ ᠠᠴᠠ ᠬᠡᠪᠰᠢᠭᠰᠡᠨ ᠵᠠᠩ ᠵᠠᠩᠰᠢᠯ ᠶᠤᠮ᠃ | ᠮᠣᠩᠭᠤᠯ ᠭᠡᠷ ᠤᠨ ᠶᠡᠭᠡ ᠪᠠᠭ᠎ᠠ ᠪᠠ ᠲᠣᠭᠤᠨᠣ ᠶᠢᠨ ᠪᠦᠲᠦᠴᠡ ᠶᠠᠮᠠᠷ ᠪᠠᠶᠢᠭᠰᠠᠨ ᠴᠦ ᠪᠠᠭᠤᠯᠭᠠᠵᠤ ᠠᠴᠢᠬᠤ ᠳᠠᠭᠠᠨ ᠪᠦᠷ ᠨᠢᠭᠡᠨ ᠠᠳᠠᠯᠢ ᠪᠠᠷ︽ | ᠳᠣᠲᠣᠷ᠎ᠠ ᠠᠴᠠ ᠭᠠᠳᠠᠭᠰᠢ︾᠂ ︽ᠳᠡᠭᠡᠷ᠎ᠡ ᠠᠴᠠ ᠳᠣᠷᠣᠭᠰᠢ ᠪᠠᠨ︾᠂ ︽ᠠᠷᠤ ᠠᠴᠠ ᠡᠮᠦᠨᠡᠰᠢ ᠪᠠᠨ︾᠂ ︽ᠪᠠᠷᠠᠭᠤᠨ ᠠᠴᠠ ᠵᠡᠭᠦᠨᠰᠢ ᠪᠠᠨ︾ ᠭᠡᠬᠦ ᠳᠡᠰ ᠳᠠᠷᠠᠭᠠᠯᠠᠯ ᠢᠶᠠᠷ᠂ | ᠨᠢᠭᠡ ᠨᠢᠭᠡ ᠠᠯᠬᠤᠮ ᠢᠶᠠᠷ ᠪᠠᠭᠤᠯᠭᠠᠵᠤ ᠠᠴᠢᠳᠠᠭ᠃ | ᠮᠣᠩᠭᠤᠯ ᠭᠡᠷ ᠢ ᠠᠴᠢᠬᠤ ᠳᠤ᠂ ᠭᠡᠷ ᠳᠣᠲᠣᠷᠠᠬᠢ ᠡᠳ᠋ᠯᠡᠯ ᠬᠡᠷᠡᠭᠯᠡᠯ ᠢ ᠠᠴᠢᠬᠤ ᠲᠡᠷᠭᠡ᠂ ᠲᠣᠭᠤᠨᠣ ︵ᠳᠡᠭᠡᠪᠦᠷ︶ ᠠᠴᠢᠬᠤ ᠲᠡᠷᠭᠡ᠂ ᠬᠠᠨ᠎ᠠ ︵ᠲᠤᠭᠤᠷᠭ᠎ᠠ︶ | ᠠᠴᠢᠬᠤ ᠲᠡᠷᠭᠡ ᠵᠡᠷᠭᠡ ᠶᠢ ᠪᠦᠷ ᠪᠡᠯᠡᠬᠡᠨ ᠪᠣᠯᠭᠠᠵᠤ ᠵᠡᠬᠡᠭᠡᠳ ᠤᠷᠢᠳ ᠢᠶᠠᠷ ᠭᠡᠷ ᠳᠣᠲᠣᠷᠠᠬᠢ ᠶᠠᠭᠤᠮ᠎ᠠ ᠶᠢ ᠪᠦᠬᠦᠨ ᠢ ᠵᠥᠭᠡᠭᠡᠨ ᠭᠠᠷᠭᠠᠵᠤ ᠠᠴᠢᠨ᠎ᠠ᠃ | ᠭᠡᠷ ᠳᠣᠲᠣᠷᠠᠬᠢ ᠶᠠᠭᠤᠮ᠎ᠠ ᠶᠢ ᠭᠠᠷᠭᠠᠵᠤ ᠪᠠᠷᠠᠭᠰᠠᠨ ᠤ ᠳᠠᠷᠠᠭ᠎ᠠ᠂ ᠭᠡᠷ ᠤᠨ ᠳᠡᠭᠡᠪᠦᠷ ᠤᠨ ᠣᠭᠤᠰᠣᠷ ᠢ ᠲᠠᠶᠢᠯᠵᠤ ᠲᠠᠯᠪᠢᠭᠠᠳ᠂ ᠭᠠᠳᠠᠨ᠎ᠠ | ᠪᠦᠰᠡᠯᠡᠭᠦᠷ ᠢ ᠲᠠᠶᠢᠯᠵᠤ ᠡᠪᠬᠡᠨ ᠬᠤᠷᠢᠶᠠᠨ᠎ᠠ᠃ ᠬᠠᠶᠠᠭᠠᠪᠴᠢ ᠶᠢ ᠬᠤᠶᠢᠯᠠᠵᠤ ᠠᠪᠤᠨ᠎ᠠ᠃︽ᠳᠡᠭᠡᠷ᠎ᠡ ᠠᠴᠠ ᠳᠣᠷᠣᠭᠰᠢ ᠪᠠᠨ︾᠂ ︽ᠠᠷᠤ ᠠᠴᠠ ᠡᠮᠦᠨᠡᠰᠢ ᠪᠠᠨ︾ | ᠶᠣᠰᠣ ᠪᠠᠷ ᠡᠷᠦᠬᠡ ᠪᠠᠨ ᠠᠪᠴᠤ ᠬᠤᠰᠢᠭᠤᠯᠳᠠᠨ ᠡᠪᠬᠡᠭᠡᠳ ᠲᠣᠭᠤᠨᠣ ᠠᠴᠢᠬᠤ ᠲᠡᠷᠭᠡᠨ ᠳᠡᠭᠡᠷ᠎ᠡ ᠲᠣᠭᠤᠨᠣ ᠶᠢᠨ ᠵᠢᠭᠢᠷᠢᠭ ᠪᠣᠯᠭᠠᠵᠤ ᠠᠴᠢᠨ᠎ᠠ᠃ ᠠᠷᠤ ᠶᠢᠨ | ᠳᠡᠭᠡᠪᠦᠷ ᠢ ᠠᠪᠴᠤ ᠭᠤᠯᠳᠤ ᠪᠠᠷ ᠢᠷᠮᠡᠭᠯᠡᠨ ᠡᠪᠬᠡᠭᠡᠳ ᠡᠷᠦᠬᠡ ᠶᠢᠨ ᠢᠰᠡᠭᠡᠢ ᠪᠠᠨ ᠳᠠᠷᠤᠵᠤ᠂ ᠲᠡᠷᠭᠡ ᠶᠢᠨ ᠠᠷᠠᠯ ᠳᠠᠭᠠᠬᠤ ᠵᠦᠭᠯᠡᠯ ᠢᠶᠠᠷ ᠳᠡᠪᠢᠰᠬᠡᠷᠯᠡᠨ ᠠᠴᠢᠨ᠎ᠠ᠃ | ᠡᠮᠦᠨ᠎ᠡ ᠳᠡᠭᠡᠪᠦᠷ ᠢᠶᠠᠨ ᠠᠪᠴᠤ ᠮᠥᠨ ᠠᠳᠠᠯᠢ ᠡᠪᠬᠡᠭᠡᠳ ᠠᠷᠤ ᠳᠡᠭᠡᠪᠦᠷ ᠢᠶᠠᠨ ᠳᠠᠷᠤᠵᠤ᠂ ᠠᠷᠠᠯ ᠤᠨ ᠤᠵᠤᠭᠤᠷ ᠴᠢᠭᠯᠡᠯ ᠳᠤ ᠬᠠᠨᠳᠤᠭᠤᠯᠤᠨ ᠳᠡᠪᠢᠰᠬᠡᠷᠯᠡᠵᠦ | ᠲᠣᠭᠤᠨᠣ ᠶᠢᠨ ᠵᠢᠭᠢᠷᠢᠭ ᠪᠣᠯᠭᠠᠬᠤ ᠪᠠᠷ ᠪᠡᠯᠡᠳᠬᠡᠨ᠎ᠡ᠃ ᠪᠠᠷᠠᠭᠤᠨ ᠬᠤᠶᠢᠲᠤ ᠲᠠᠯ᠎ᠠ ᠶᠢᠨ ᠲᠤᠭᠤᠷᠭ᠎ᠠ᠂ ᠵᠡᠭᠦᠨ ᠬᠤᠶᠢᠲᠤ ᠲᠠᠯ᠎ᠠ ᠶᠢᠨ ᠲᠤᠭᠤᠷᠭ᠎ᠠ᠂ ᠪᠠᠷᠠᠭᠤᠨ ᠡᠮᠦᠨᠡᠬᠢ | ᠲᠤᠭᠤᠷᠭ᠎ᠠ᠂ ᠵᠡᠭᠦᠨ ᠡᠮᠦᠨᠡᠬᠢ ᠲᠤᠭᠤᠷᠭ᠎ᠠ ᠶᠢᠨ ᠳᠠᠷᠠᠭᠠᠯᠠᠯ ᠢᠶᠠᠷ ᠳᠦᠷᠪᠡᠨ ᠲᠤᠭᠤᠷᠭ᠎ᠠ ᠪᠠᠨ ᠪᠠᠭᠤᠯᠭᠠᠨ ᠠᠪᠴᠤ ᠡᠪᠬᠡᠭᠡᠳ ᠬᠠᠨ᠎ᠠ ᠠᠴᠢᠬᠤ ᠲᠡᠷᠭᠡᠨ ᠳᠡᠭᠡᠷ᠎ᠡ | ᠳᠥᠷᠪᠡᠯᠵᠢᠯᠡᠭᠦᠯᠦᠨ ᠡᠪᠬᠡᠵᠦ᠂ ᠡᠭᠦᠳᠡ ᠬᠠᠭᠠᠯᠭ᠎ᠠ ᠪᠠᠷ ᠳᠠᠷᠤᠵᠤ ᠠᠴᠢᠨ᠎ᠠ᠃ ᠪᠦᠰᠡᠯᠡᠭᠦᠷ᠂ ᠬᠠᠶᠠᠭᠠᠪᠴᠢ ᠵᠡᠷᠭᠡ ᠶᠢ ᠡᠭᠦᠳᠡ ᠬᠠᠭᠠᠯᠭ᠎ᠠ ᠶᠢᠨ ᠥᠨᠴᠥᠭ ᠢᠷᠮᠡᠭ ᠢᠶᠠᠷ | ᠢᠪᠡᠵᠦ᠂ ᠬᠥᠮᠥᠷᠢᠨ ᠠᠴᠢᠬᠤ ᠬᠠᠨ᠎ᠠ ᠶᠢᠨ ᠳᠣᠣᠷ᠎ᠠ ᠨᠢ ᠡᠪᠯᠢᠭ ᠵᠢᠭᠢᠷᠢᠭᠯᠡᠨ ᠠᠴᠢᠨ᠎ᠠ᠃ ᠭᠡᠷ ᠤᠨ ᠬᠠᠨ᠎ᠠ ᠶᠢ ᠪᠠᠷᠠᠭᠤᠨ ᠡᠮᠦᠨ᠎ᠡ᠂ ᠪᠠᠷᠠᠭᠤᠨ ᠬᠤᠶᠢᠨ᠎ᠠ᠂ ᠵᠡᠭᠦᠨ | ᠬᠤᠶᠢᠨ᠎ᠠ᠂ ᠵᠡᠭᠦᠨ ᠡᠮᠦᠨ᠎ᠡ ᠳᠠᠷᠠᠭᠠᠯᠠᠯ ᠢᠶᠠᠷ ᠡᠪᠬᠡᠨ ᠠᠪᠴᠤ᠂ ᠮᠥᠨ ᠳᠠᠷᠠᠭᠠᠯᠠᠯ ᠢᠶᠠᠷ ᠠᠴᠢᠨ᠎ᠠ᠃ | ᠬᠡᠯᠬᠢᠶ᠎ᠡ ᠲᠣᠭᠤᠨᠣ ᠶᠢᠨ ᠤᠨᠢ ᠶᠢ ᠳᠠᠭ᠎ᠠ ᠪᠠᠷ ᠨᠢ ᠠᠩᠭᠢᠯᠠᠨ ᠵᠢᠷᠭᠤᠭᠠᠨ ᠬᠡᠰᠡᠭ ᠲᠤ ᠬᠤᠪᠢᠶᠠᠵᠤ᠂ ᠤᠨᠢ ᠶᠢᠨ ᠰᠡᠭᠦᠯ ᠠᠴᠠ ᠳᠡᠭᠡᠭᠰᠢ ᠨᠢᠭᠡ ᠲᠣᠬᠤᠢ | ᠣᠷᠴᠢᠮ ᠪᠣᠭᠤᠵᠤ ᠲᠠᠯᠪᠢᠨ᠎ᠠ᠃ ᠲᠣᠭᠤᠨᠣ ᠠᠴᠢᠬᠤ ᠲᠡᠷᠭᠡ ᠪᠠᠨ ᠭᠡᠷ ᠤᠨ ᠰᠠᠭᠤᠷᠢ ᠶᠢᠨ ᠪᠠᠷᠠᠭᠤᠨ ᠬᠤᠶᠢᠨ᠎ᠠ ᠠᠴᠠ ᠲᠦᠯᠬᠢᠨ ᠠᠪᠴᠢᠷᠠᠵᠤ ᠰᠤᠨᠳᠤᠭᠤᠶᠢᠳᠠᠬᠤ ᠶᠢᠨ | ᠵᠡᠷᠭᠡ ᠲᠣᠭᠤᠨᠣ ᠶᠢᠨ ᠤᠵᠤᠭᠤᠷ ᠢ ᠬᠤᠮᠢᠵᠤ ᠲᠡᠷᠭᠡᠨ ᠵᠦᠭ ᠠᠶᠠᠷᠬᠠᠨ ᠲᠦᠯᠬᠢᠵᠦ ᠠᠴᠢᠬᠤ ᠪᠥᠭᠡᠳ ᠰᠤᠨᠳᠤᠭᠤᠶᠢᠳᠠᠭᠰᠠᠨ ᠲᠡᠷᠭᠡ ᠪᠠᠨ ᠳᠠᠷᠤᠵᠤ ᠡᠭᠴᠡᠯᠡᠨ᠂ | ᠲᠣᠭᠤᠨᠣ ᠪᠠᠨ ᠲᠠᠲᠠᠵᠤ᠂ ᠠᠴᠢᠶ᠎ᠠ ᠪᠠᠨ ᠲᠡᠭᠰᠢᠯᠡᠨ᠎ᠡ᠃ ᠲᠣᠭᠤᠨᠣ ᠶᠢᠨ ᠳᠠᠭ᠎ᠠ ᠪᠠᠷ ᠬᠤᠶᠠᠷ ᠪᠠᠭᠠᠨ᠎ᠠ ᠪᠠᠨ ᠬᠠᠳᠬᠤᠵᠤ ᠣᠷᠣᠭᠤᠯᠤᠭᠠᠳ᠂ ᠲᠣᠭᠤᠨᠣ ᠶᠢᠨ ᠤᠵᠤᠭᠤᠷ | ᠤᠨᠢ ᠶᠢᠨ ᠰᠡᠭᠦᠯ ᠢ ᠭᠤᠭᠴᠣᠭᠠᠯᠠᠨ ᠳᠠᠷᠤᠵᠤ ᠤᠶᠠᠭᠰᠠᠨ ᠰᠤᠷ ᠲᠠᠲᠠᠯᠭ᠎ᠠ ᠶᠢᠨ ᠦᠵᠦᠭᠦᠷ ᠢᠶᠠᠷ ᠡᠭᠡᠯᠳᠦᠷᠭᠡᠯᠡᠨ ᠴᠢᠩᠭ᠎ᠠ ᠲᠠᠲᠠᠵᠤ ᠤᠶᠠᠨ᠎ᠠ᠃ | |