ᠠᠶᠢᠯ ᠭᠡᠷ ᠤᠨ ᠨᠠᠰᠤᠲᠠᠨ ᠪᠡᠶ᠎ᠡ ᠳᠣᠷᠣᠶᠢᠲᠠᠪᠠᠯ ᠦᠷ᠎ᠡ ᠬᠡᠦᠬᠡᠳ ᠨᠢ ᠬᠤᠯᠠ ᠣᠶᠢᠷ᠎ᠠ ᠶᠢᠨ ᠲᠦᠷᠦᠯ ᠰᠠᠳᠤᠨ ᠬᠥᠷᠰᠢ ᠰᠠᠭᠠᠬᠠᠯᠲᠠ ᠳᠤ ᠪᠠᠨ | ᠮᠡᠳᠡᠭᠳᠡᠨ᠎ᠡ᠃ᠢᠩᠭᠢᠪᠡᠯ ᠴᠢᠮᠡᠭᠡ ᠣᠯᠣᠭᠰᠠᠨ ᠲᠦᠷᠦᠯ ᠰᠠᠳᠤᠨ ᠨᠢ ᠠᠮᠢᠳᠤ ᠰᠡᠷᠡᠭᠦᠨ ᠳᠤ ᠨᠢ ᠠᠭᠤᠯᠵᠠᠬᠤ ᠭᠡᠵᠦ ᠵᠣᠷᠢᠭᠯᠠᠨ ᠢᠷᠡᠳᠡᠭ ᠪᠠ ᠪᠡᠶ᠎ᠡ ᠳᠣᠷᠣᠶᠢᠲᠠᠭᠰᠠᠨ | ᠨᠠᠰᠤᠲᠠᠨ ᠴᠦ ᠲᠡᠳᠡᠨ ᠢ ᠪᠠᠨ ᠦᠵᠡᠨ ᠪᠠᠶᠠᠰᠴᠤ᠂ ᠬᠡᠯᠡᠶ᠎ᠡ ᠵᠠᠬᠢᠶ᠎ᠠ ᠭᠡᠰᠡᠨ ᠢᠶᠠᠨ ᠬᠡᠯᠡᠵᠦ᠂ ᠥᠪᠡᠷ ᠤᠨ ᠬᠤᠶᠢᠴᠢ ᠶᠢᠨ ᠶᠠᠪᠤᠳᠠᠯ ᠢ ᠶᠠᠭᠠᠬᠢᠵᠤ ᠬᠢᠪᠡᠯ ᠪᠣᠯᠣᠨ᠎ᠠ ᠭᠡᠬᠦ | ᠮᠡᠲᠦ ᠪᠠᠷ ᠰᠤᠷᠭᠠᠳᠠᠭ ᠪᠢᠯᠡ᠃ ᠨᠠᠰᠤᠲᠠᠨ ᠨᠠᠰᠤ ᠪᠠᠷᠠᠪᠠᠯ ᠴᠢᠩᠭ᠎ᠠ ᠳᠠᠭᠤᠨ ᠢᠶᠠᠷ ᠤᠬᠢᠯᠠᠯᠳᠤᠬᠤ ᠶᠢ ᠴᠡᠭᠡᠷᠯᠡᠳᠡᠭ᠃ ᠠᠮᠢᠰᠬᠤᠯ ᠬᠤᠷᠢᠶᠠᠬᠤ ᠦᠶ᠎ᠡ ᠳᠤ ᠨᠢᠳᠦ ᠨᠢ | ᠨᠡᠭᠡᠭᠡᠵᠦ ᠪᠠᠶᠢᠭᠰᠠᠨ ᠪᠣᠯ ᠠᠨᠢᠭᠤᠯᠵᠤ᠂ ᠠᠮᠠ ᠨᠢ ᠠᠩᠭᠠᠶᠢᠵᠤ ᠪᠠᠶᠢᠭᠰᠠᠨ ᠪᠣᠯ ᠬᠠᠮᠬᠢᠭᠤᠯᠵᠤ᠂ ᠨᠢᠭᠤᠷ ᠢ ᠨᠢ ᠬᠠᠳᠠᠭ ᠢᠶᠠᠷ ᠪᠦᠲᠡᠭᠡᠳᠡᠭ᠃ ᠡᠮᠦᠨᠡᠭᠦᠷ ᠨᠢ ᠬᠠᠯᠬᠠᠪᠴᠢ | ᠲᠠᠲᠠᠨ᠎ᠠ᠃ ᠨᠠᠰᠤ ᠪᠠᠷᠠᠭᠰᠠᠨ ᠠᠴᠠ ᠭᠠᠷᠭᠠᠬᠤ ᠪᠣᠯᠲᠠᠯ᠎ᠠ ᠴᠢᠨᠳᠠᠷ ᠢ ᠡᠭᠡᠯᠵᠢᠯᠡᠨ ᠰᠠᠬᠢᠨ᠎ᠠ᠃ | ᠨᠠᠰᠤ ᠪᠠᠷᠠᠭᠴᠢ ᠶᠢᠨ ᠪᠡᠶ᠎ᠡ ᠨᠢ ᠬᠦᠷᠦᠵᠦ ᠵᠣᠬᠢᠬᠤ ᠴᠠᠭ ᠥᠩᠭᠡᠷᠡᠭᠰᠡᠨ ᠤ ᠳᠠᠷᠠᠭ᠎ᠠ ᠲᠠᠲᠠᠵᠤ ᠠᠪᠳᠠᠭ᠃ ᠢᠩᠭᠢᠬᠦ ᠳᠤ ᠪᠠᠨ ᠨᠠᠰᠤ ᠪᠠᠷᠠᠭᠰᠠᠨ | ᠬᠥᠮᠥᠨ ᠤ ᠢᠪᠡᠭᠡᠯ ᠵᠢᠯᠲᠡᠨ ᠲᠡᠷᠢᠭᠦᠯᠡᠵᠦ ᠬᠡᠭᠦᠷ ᠲᠤ ᠭᠠᠷ ᠬᠦᠷᠳᠡᠭ ᠶᠣᠰᠣ ᠲᠠᠢ᠃ ᠦᠷ᠎ᠡ ᠬᠡᠦᠬᠡᠳ ᠨᠢ ᠨᠠᠰᠤᠲᠠᠨ ᠢᠶᠠᠨ ᠳᠠᠷᠠᠭ᠎ᠠ ᠲᠦᠷᠦᠯ ᠳᠤ ᠪᠠᠨ ᠳᠠᠬᠢᠨ | ᠦᠷ᠎ᠡ ᠬᠡᠦᠬᠡᠳ ᠲᠤ ᠪᠠᠨ ᠢᠷᠡᠬᠦ ᠶᠢ ᠪᠡᠯᠭᠡᠳᠡᠵᠦ᠂ ᠪᠡᠶ᠎ᠡ ᠳᠤ ᠨᠢ ᠬᠦ᠋ ᠲᠦᠷᠬᠢᠵᠦ ᠲᠡᠮᠳᠡᠭ ᠲᠠᠯᠪᠢᠨ᠎ᠠ᠃ ᠲᠡᠭᠡᠭᠡᠳ ᠰᠠᠯᠬᠤ ᠶᠣᠰᠣ ᠭᠦᠢᠴᠡᠳᠬᠡᠨ ᠮᠥᠷᠭᠦᠵᠦ᠂ | ᠴᠢᠨᠳᠠᠷ ᠢ ᠬᠡᠦᠳᠡᠶᠢᠯᠡᠳᠡᠭ᠃ | ᠣᠷᠣᠰᠢᠭᠤᠯᠬᠤ ᠭᠠᠵᠠᠷ ᠢ ᠰᠣᠩᠭᠤᠬᠤ ᠳᠤ ᠪᠠᠨ ᠬᠤᠶᠢᠨ᠎ᠠ ᠪᠠᠨ ᠥᠨᠳᠥᠷᠬᠡᠨ᠂ ᠡᠮᠦᠨᠡᠰᠢ ᠪᠠᠨ ᠨᠠᠮ᠂ ᠭᠠᠷᠬᠤ ᠨᠠᠷᠠ ᠶᠢ ᠣᠯᠵᠤ ᠦᠵᠡᠬᠦ ᠮᠥᠷᠲᠡᠭᠡᠨ | ᠠᠭᠤᠳᠠᠮ ᠰᠠᠷᠠᠭᠤᠯ ᠡᠩᠭᠡᠷ ᠭᠠᠵᠠᠷ ᠲᠤ ᠪᠤᠯᠠᠰᠢᠯᠠᠵᠤ ᠣᠷᠣᠰᠢᠭᠤᠯᠳᠠᠭ᠃ ᠡᠶᠢᠮᠦ ᠠᠴᠠ ᠵᠢᠯ ᠥᠩᠭᠡᠷᠡᠪᠡᠯ ᠭᠠᠵᠠᠷ ᠨᠢ ᠡᠳᠡᠭᠡᠷᠡᠵᠦ ᠶᠠᠮᠠᠷ ᠴᠦ ᠰᠣᠷᠪᠢ ᠲᠡᠮᠳᠡᠭ | ᠦᠭᠡᠢ ᠲᠡᠭᠰᠢ ᠪᠣᠯᠳᠠᠭ᠃ | ᠬᠡᠭᠦᠷ ᠣᠷᠣᠰᠢᠭᠤᠯᠬᠤ ᠳᠤ ᠪᠠᠨ ᠲᠣᠯᠣᠭᠠᠢ ᠶᠢ ᠨᠢ ᠪᠠᠷᠠᠭᠤᠨ ᠬᠤᠶᠢᠰᠢ᠂ ᠬᠥᠯ ᠢ ᠨᠢ ᠵᠡᠭᠦᠨ ᠡᠮᠦᠨᠡᠰᠢ ᠬᠠᠨᠳᠤᠭᠤᠯᠳᠠᠭ᠃ | ᠣᠷᠣᠰᠢᠭᠤᠯᠭ᠎ᠠ ᠳᠤ ᠣᠷᠤᠯᠴᠠᠭᠰᠠᠨ ᠬᠥᠮᠥᠰ ᠢᠷᠡᠬᠦ ᠳᠤ ᠪᠡᠯᠡᠳᠬᠡᠭᠰᠡᠨ ᠷᠠᠰᠢᠶᠠᠨ ᠪᠤᠶᠤ ᠪᠦᠯᠢᠶᠡᠨ ᠤᠰᠤ ᠪᠠᠷ ᠭᠠᠷ ᠢ ᠨᠢ ᠤᠬᠢᠶᠠᠯᠭᠠᠵᠤ᠂ ᠤᠲᠤᠯᠭ᠎ᠠ | ᠲᠠᠯᠪᠢᠨ ᠠᠷᠢᠭᠤᠳᠬᠠᠭᠰᠠᠨ ᠤ ᠳᠠᠷᠠᠭ᠎ᠠ ᠭᠡᠷ ᠲᠤ ᠣᠷᠣᠭᠤᠯᠵᠤ᠂ ᠴᠠᠢ ᠢᠳᠡᠭᠡ ᠪᠠᠵᠠᠭᠠᠨ ᠵᠣᠴᠢᠯᠠᠨ᠎ᠠ᠃ ᠣᠨᠴᠠᠭᠠᠶᠢᠯᠠᠨ ᠲᠦᠷᠦᠯ ᠰᠠᠳᠤᠨ ᠠᠴᠠ ᠭᠠᠳᠠᠨᠠᠬᠢ ᠬᠥᠮᠥᠰ ᠢ | ᠨᠡᠩ ᠬᠦᠨᠳᠦᠯᠡᠨ᠂ ︽ᠶᠠᠰᠤᠨ ᠤ ᠰᠠᠳᠤᠨ︾ ᠪᠣᠯᠣᠯ᠎ᠠ ᠭᠡᠵᠦ ᠬᠡᠨ ᠬᠡᠨ ᠢᠶᠠᠨ ᠮᠠᠷᠲᠠᠬᠤ ᠦᠭᠡᠢ ᠰᠠᠨᠠᠭ᠎ᠠ ᠪᠠᠨ ᠢᠯᠡᠳᠬᠡᠳᠡᠭ᠃ ᠬᠡᠦᠬᠡᠳ ᠲᠤ ᠰᠦ ᠲᠠᠢ ᠪᠤᠳᠠᠭ᠎ᠠ | ᠴᠢᠨᠠᠵᠤ ᠢᠳᠡᠭᠦᠯᠳᠡᠭ᠃ | | | |