ᠪᠡᠯᠪᠡᠰᠦᠷᠡᠯ
ᠨᠡᠶᠢᠲᠡᠯᠡᠭᠰᠡᠨ ᠴᠠᠭ᠄
2025/4/21
          ᠰᠢᠨ᠎ᠡ ᠪᠠᠷᠭᠤᠴᠤᠳ ᠮᠠᠨᠵᠤ ᠦᠨᠳᠦᠰᠦᠲᠡᠨ᠂ ᠬᠢᠲᠠᠳ ᠦᠨᠳᠦᠰᠦᠲᠡᠨ ᠤ ᠨᠥᠯᠥᠭᠡ ᠪᠠᠷ ᠳᠡᠭᠡᠳᠦᠰ ᠤᠨ ᠢᠶᠠᠨ ᠬᠤᠶᠢᠨ᠎ᠠ ᠠᠴᠠ ᠭᠠᠰᠢᠭᠤᠳᠠᠯ ᠤᠨ ᠶᠣᠰᠣ᠂ ᠦᠢᠯᠡ ᠠᠵᠢᠯᠯᠠᠭ᠎ᠠ ᠪᠠᠨ ᠵᠢᠷᠤᠮᠯᠠᠨ ᠭᠦᠢᠴᠡᠳᠬᠡᠳᠡᠭ ᠪᠣᠯᠵᠠᠢ᠃ ᠢᠩᠭᠢᠬᠦ ᠳᠤ ᠪᠠᠨ ᠪᠡᠯᠪᠡᠰᠦᠷᠡᠯ ᠤᠨ ᠴᠠᠭᠠᠨ ᠬᠤᠪᠴᠠᠰᠤ ᠡᠮᠦᠰᠳᠡᠭ ᠪᠠᠶᠢᠭᠰᠠᠨ ᠪᠠ ᠣᠳᠣ ᠪᠣᠯ  ᠬᠠᠷ᠎ᠠ ᠵᠢᠵᠢᠭ ᠪᠥᠰ ᠵᠡᠭᠦᠳᠡᠭ ᠪᠣᠯᠵᠠᠢ᠃ ᠡᠭᠦᠨ ᠢ ᠪᠠᠨ ᠰᠢᠨ᠎ᠡ ᠪᠠᠷᠭᠤᠴᠤᠳ︽ᠰᠢᠨᠠᠭᠠᠨ︾ ᠡᠮᠦᠰᠦᠨ᠎ᠡ ᠭᠡᠵᠦ ᠬᠡᠯᠡᠨ᠎ᠡ᠃ ᠰᠢᠨᠠᠭᠠᠨ ᠡᠮᠦᠰᠬᠦ ᠳᠤ ᠪᠠᠨ ᠳᠡᠭᠡᠳᠦᠰ ᠢᠶᠠᠨ  ᠬᠥᠳᠡᠭᠡᠯᠡᠬᠦ ᠡᠳᠦᠷ ᠠᠴᠠ ᠡᠬᠢᠯᠡᠵᠦ᠂ ᠳᠣᠯᠤᠭ᠎ᠠ᠂ ᠠᠷᠪᠠᠨ ᠳᠥᠷᠪᠡ᠂ ᠬᠤᠷᠢᠨ ᠨᠢᠭᠡ᠂ ᠳᠥᠴᠢ ᠶᠢᠰᠦ ᠬᠤᠨᠤᠭ ᠡᠮᠦᠰᠳᠡᠭ ᠶᠣᠰᠣ ᠪᠤᠢ᠃           ᠰᠢᠨᠠᠭᠠᠨ ᠲᠠᠢ ᠬᠤᠭᠤᠴᠠᠭᠠᠨ ᠳᠤ ᠪᠠᠷᠢᠮᠲᠠᠯᠠᠬᠤ ᠴᠡᠭᠡᠷ ᠶᠣᠰᠣ ᠣᠯᠠᠨ ᠪᠠᠶᠢᠳᠠᠭ᠃ ᠬᠠᠷᠢᠯᠴᠠᠨ ᠵᠣᠯᠭᠠᠬᠤ ᠦᠭᠡᠢ᠂ ᠬᠤᠷᠢᠮ ᠨᠠᠶᠢᠷ ᠲᠤ ᠣᠷᠤᠯᠴᠠᠬᠤ  ᠦᠭᠡᠢ᠂ ᠰᠠᠬᠠᠯ ᠦᠰᠦ ᠪᠠᠨ ᠠᠪᠬᠤ ᠦᠭᠡᠢ᠂ ᠬᠡᠷᠡᠯᠳᠦᠵᠦ ᠱᠤᠤᠭᠢᠯᠳᠤᠬᠤ ᠦᠭᠡᠢ᠂ ᠳᠠᠭᠤᠯᠠᠵᠤ ᠬᠥᠭᠡᠷᠦᠯᠳᠦᠬᠦ ᠦᠭᠡᠢ ᠭᠡᠬᠦ ᠮᠡᠲᠦ᠃ ᠬᠤᠭᠤᠴᠠᠭᠠᠲᠤ ᠬᠤᠨᠤᠭ ᠨᠢ  ᠪᠣᠯᠪᠠᠯ ᠬᠡᠭᠦᠷ ᠣᠩᠭᠤᠨ ᠢᠶᠠᠨ ᠡᠷᠭᠢᠬᠦ᠂ ᠰᠦᠮ᠎ᠡ ᠳᠤ ᠬᠦᠷᠴᠦ ᠢᠷᠦᠭᠡᠯ ᠠᠪᠬᠤ ᠮᠡᠲᠦ ᠶᠢᠨ ᠭᠦᠢᠴᠡᠳᠬᠡᠬᠦ ᠶᠣᠰᠣ  ᠪᠠᠨ ᠪᠡᠶᠡᠯᠡᠭᠦᠯᠵᠦ᠂ ᠨᠥᠭᠴᠢᠭᠰᠡᠳ ᠤᠨ  ᠬᠤᠪᠴᠠᠰᠤ ᠶᠢ ᠭᠠᠯ ᠢᠶᠠᠷ ᠳᠡᠭᠳᠡᠭᠡᠳᠡᠭ᠃  
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠪᠣᠳᠢ