ᠬᠦᠷᠭᠡᠨ ᠤ ᠲᠠᠯ᠎ᠠ ᠭᠡᠷ ᠣᠶᠣᠬᠤ
ᠨᠡᠶᠢᠲᠡᠯᠡᠭᠰᠡᠨ ᠴᠠᠭ᠄
2025/4/21
          ᠬᠦᠷᠭᠡᠨ ᠲᠠᠯ᠎ᠠ ᠶᠢᠨ ᠬᠢᠨ ᠬᠥᠪᠡᠭᠦᠨ ᠤ ᠪᠠᠨ ᠰᠢᠨ᠎ᠡ ᠭᠡᠷ ᠤᠨ ᠮᠣᠳᠣ ᠶᠢ ᠲᠠᠭᠠᠷᠠᠭᠤᠯᠤᠭᠰᠠᠨ ᠤ ᠳᠠᠷᠠᠭ᠎ᠠ ᠰᠠᠶᠢᠨ ᠡᠳᠦᠷ ᠢ ᠰᠣᠩᠭᠤᠵᠤ ᠰᠢᠨ᠎ᠡ  ᠭᠡᠷ ᠤᠨ ᠪᠦᠷᠢᠶᠡᠰᠦ ᠶᠢ ᠲᠠᠭᠠᠷᠠᠭᠤᠯᠤᠨ᠎ᠠ᠃ ᠲᠦᠷᠦᠯ ᠰᠠᠳᠤᠨ᠂ ᠠᠶᠢᠯ ᠠᠶᠢᠮᠠᠭ ᠤᠨ ᠵᠣᠨ ᠳᠤ ᠪᠠᠨ ᠵᠠᠷ ᠲᠠᠷᠬᠠᠭᠠᠨ᠎ᠠ᠃ ᠵᠠᠷ ᠬᠦᠯᠢᠶᠡᠭᠰᠡᠨ ᠠᠶᠢᠯ ᠤᠳ ᠤᠨ ᠠᠪᠠᠭᠠᠢ  ᠨᠠᠷ ᠬᠦᠷᠦᠯᠴᠡᠨ ᠢᠷᠡᠵᠦ᠂ ᠬᠦᠷᠭᠡᠨ ᠬᠥᠪᠡᠭᠦᠨ ᠤ ᠰᠢᠨ᠎ᠡ ᠭᠡᠷ ᠢ ᠣᠶᠤᠯᠴᠠᠨ᠎ᠠ᠃ ᠲᠡᠳᠡ ᠵᠡᠭᠦᠦ ᠬᠤᠷᠤᠭᠤᠪᠴᠢ᠂ ᠲᠡᠮᠡᠭᠡᠨ ᠤ ᠨᠣᠣᠰᠣᠨ ᠤᠲᠠᠰᠤ ᠪᠠᠨ ᠠᠪᠴᠢᠷᠠᠨ᠎ᠠ᠃  ᠵᠠᠷᠢᠮ ᠨᠢ ᠪᠠᠰᠠ ᠲᠠᠮᠤᠭᠰᠠᠨ ᠣᠭᠤᠰᠣᠷ᠂ ᠵᠡᠭᠡᠭ ᠠᠪᠴᠢᠷᠠᠳᠠᠭ ᠴᠦ ᠪᠣᠢ᠃           ᠭᠡᠷ ᠡᠰᠬᠡᠭᠴᠢ ᠨᠢ ᠲᠣᠭᠤᠨᠣ ᠶᠢᠨ ᠭᠤᠣᠯ ᠤᠨ ᠤᠷᠲᠤ ᠪᠣᠯᠣᠨ ᠤᠨᠢ ᠶᠢᠨ ᠤᠷᠲᠤ ᠶᠢ ᠬᠡᠮᠵᠢᠵᠦ᠂ ᠳᠡᠭᠡᠰᠦ ᠪᠤᠶᠤ ᠰᠤᠷ ᠲᠤ ᠵᠠᠩᠭᠢᠳᠴᠤ᠂ ᠲᠡᠭᠦᠨ ᠢᠶᠠᠨ  ᠭᠠᠵᠠᠷ ᠲᠤ ᠰᠢᠭᠠᠭᠰᠠᠨ ᠭᠠᠳᠠᠰᠤᠨ ᠠᠴᠠ ᠤᠶᠠᠵᠤ᠂ ᠭᠤᠣᠯ ᠲᠥᠪ ᠢᠶᠠᠨ ᠲᠣᠭᠤᠷᠢᠭᠤᠯᠤᠨ ᠭᠠᠵᠠᠷ ᠲᠤ ᠲᠥᠭᠦᠷᠢᠭᠯᠡᠭᠦᠯᠦᠨ ᠵᠢᠷᠤᠨ᠎ᠠ᠃ ᠲᠡᠷᠡ ᠵᠢᠷᠤᠭᠰᠠᠨ ᠳᠤ ᠪᠠᠨ  ᠲᠣᠬᠢᠷᠠᠭᠤᠯᠤᠨ ᠶᠠᠪ ᠴᠠᠪ ᠲᠠᠭᠠᠷᠠᠭᠰᠠᠨ ᠭᠡᠷ ᠤᠨ ᠳᠡᠭᠡᠪᠦᠷ ᠬᠡᠮᠵᠢᠵᠦ ᠠᠪᠤᠭᠠᠳ ᠬᠠᠶᠢᠴᠢᠯᠠᠳᠠᠭ᠃ ᠳᠠᠷᠠᠭ᠎ᠠ ᠨᠢ ᠲᠣᠭᠤᠨᠣ ᠵᠢᠷᠤᠭᠰᠠᠨ ᠭᠠᠵᠠᠷ ᠠᠴᠠ ᠪᠠᠨ ᠬᠡᠮᠵᠢᠶ᠎ᠡ  ᠠᠪᠴᠤ ᠡᠷᠦᠬᠡ ᠶᠢᠨ ᠢᠰᠡᠭᠡᠢ ᠪᠠᠨ ᠡᠰᠬᠡᠬᠦ ᠪᠥᠭᠡᠳ ᠬᠠᠨᠠᠨ ᠳᠤ ᠪᠠᠨ ᠲᠠᠭᠠᠷᠠᠭᠤᠯᠤᠨ ᠲᠤᠭᠤᠷᠭ᠎ᠠ ᠪᠠᠨ ᠡᠰᠬᠡᠨ᠎ᠡ᠃ ᠡᠨᠡ ᠮᠡᠲᠦ ᠪᠠᠷ ᠭᠡᠷ ᠤᠨ ᠪᠦᠬᠦ ᠪᠦᠷᠢᠶᠡᠰᠦ ᠶᠢ  ᠡᠰᠬᠡᠬᠦ ᠶᠢᠨ ᠬᠠᠮᠲᠤ ᠣᠶᠣᠳᠠᠭ ᠪᠠᠶᠢᠨ᠎ᠠ᠃ ᠭᠡᠷ ᠤᠨ ᠪᠦᠷᠢᠶᠡᠰᠦ ᠪᠠᠨ ᠣᠶᠣᠵᠤ ᠳᠠᠭᠤᠰᠤᠭᠰᠠᠨ ᠤ ᠳᠠᠷᠠᠭ᠎ᠠ ᠰᠢᠨ᠎ᠡ ᠭᠡᠷ ᠢᠶᠠᠨ ᠲᠣᠬᠢᠲᠠᠢ ᠰᠠᠶᠢᠬᠠᠨ ᠪᠣᠰᠬᠠᠵᠤ᠂  ᠰᠢᠨ᠎ᠡ ᠪᠦᠷᠢᠶᠡᠰᠦ ᠪᠠᠷ ᠢᠶᠠᠨ ᠪᠦᠷᠢᠳᠡᠭ᠃ ᠢᠩᠭᠢᠵᠦ ᠪᠠᠷᠠᠮᠠᠭᠴᠠ ᠣᠯᠠᠨ ᠢᠶᠠᠷ ᠢᠶᠠᠨ ᠳᠣᠲᠣᠷ᠎ᠠ ᠨᠢ ᠲᠠᠪᠠᠲᠠᠢ ᠰᠠᠶᠢᠬᠠᠨ ᠰᠠᠭᠤᠭᠠᠳ ᠴᠠᠢ ᠢᠳᠡᠭᠡ ᠠᠷᠢᠬᠢ ᠰᠢᠭᠦᠰᠦ  ᠪᠠᠵᠠᠭᠠᠨ ᠨᠠᠶᠢᠷᠯᠠᠳᠠᠭ᠃ ᠲᠡᠭᠡᠬᠦ ᠳᠤ ᠪᠠᠨ ᠨᠢᠭᠡ ᠮᠣᠳᠣ ᠱᠣᠷᠣᠯᠠᠵᠤ ᠲᠡᠭᠦᠨ  ᠳᠡᠭᠡᠨ ᠬᠤᠨᠢᠨ ᠤ ᠤᠷᠤᠭ ᠰᠡᠭᠦᠯ᠂ ᠰᠦᠪᠡᠭᠡᠨ ᠤ ᠬᠠᠪᠢᠷᠭ᠎ᠠ᠂ ᠱᠠᠭᠠᠨᠲᠤ ᠵᠡᠷᠭᠡ ᠶᠢ  ᠬᠠᠳᠬᠤᠭᠠᠳ ᠰᠢᠨ᠎ᠡ ᠭᠡᠷ ᠤᠨ ᠠᠳᠡ ᠲᠡᠨᠳᠡ ᠨᠢ ᠬᠦᠷᠭᠡᠵᠦ ᠮᠢᠯᠢᠶᠠᠭᠠᠳ ᠪᠠᠷᠠᠭᠠᠳ ᠬᠤᠶᠢᠲᠤ ᠲᠠᠯ᠎ᠠ ᠶᠢᠨ ᠬᠠᠨ᠎ᠠ ᠶᠢᠨ ᠨᠢᠳᠦᠨ ᠳᠤ ᠬᠠᠪᠴᠢᠭᠤᠯᠵᠤ ᠲᠠᠯᠪᠢᠨ᠎ᠠ᠃           ᠡᠪᠦᠭᠡᠳ ᠨᠠᠰᠤᠲᠠᠨ ᠪᠤᠶᠤ ᠢᠷᠦᠭᠡᠯᠴᠢ ᠰᠢᠨ᠎ᠡ ᠭᠡᠷ ᠢ᠄           ︽ᠲᠣᠭᠤᠨᠣᠨ ᠳᠤᠨᠢ ᠲᠣᠷᠳᠤᠭ ᠲᠣᠭᠲᠠᠭ           ᠲᠣᠭᠤᠭᠠᠨ ᠳᠤᠨᠢ ᠬᠤᠰᠤᠮ ᠲᠣᠭᠲᠠᠭ           ᠵᠢᠷᠠᠨ ᠳᠦᠷᠪᠡᠨ ᠤᠨᠢ ᠶᠢᠨ ᠰᠠᠭᠠᠯᠳᠤᠷᠭ᠎ᠠ ᠨᠢ ᠤᠷᠲᠤ ᠪᠣᠯᠤᠭ           ᠵᠢᠷᠭᠠᠯᠠᠩᠲᠤ ᠬᠤᠶᠠᠷ ᠦᠷ᠎ᠡ ᠶᠢᠨ ᠨᠠᠰᠤᠨ ᠪᠤᠶᠠᠨ ᠠᠷᠪᠢᠵᠢᠭ           ᠬᠠᠶᠠᠭ᠎ᠠ ᠪᠠᠷ ᠬᠠᠷ᠎ᠠ ᠮᠥᠷᠡᠨ ᠤᠷᠤᠰᠴᠤ           ᠬᠠᠮᠤᠭ ᠣᠯᠠᠨ ᠴᠡᠩᠭᠡᠵᠦ ᠶᠠᠪᠤᠬᠤ ᠪᠣᠯᠲᠤᠭᠠᠢ           ᠡᠪᠦᠷ ᠢᠶᠠᠷ ᠨᠢ ᠥᠷᠭᠡᠨ ᠮᠥᠷᠡᠨ ᠤᠷᠤᠰᠴᠤ           ᠦᠢ ᠲᠦᠮᠡᠨ ᠴᠡᠩᠭᠡᠵᠦ ᠶᠠᠪᠤᠬᠤ ᠪᠣᠯᠲᠤᠭᠠᠢ           ᠭᠠᠳᠠᠭᠤᠷ ᠨᠢ ᠭᠠᠩᠭ᠎ᠠ ᠮᠥᠷᠡᠨ ᠤᠷᠤᠰᠴᠤ           ᠭᠠᠵᠠᠷ ᠳᠡᠭᠡᠭᠦᠷ ᠶᠠᠪᠤᠭ᠎ᠠ ᠠᠮᠢᠲᠠᠨ ᠪᠦᠬᠦᠨ ᠠᠮᠤᠷᠵᠢᠲᠤᠭᠠᠢ︕︾ ᠭᠡᠵᠦ ᠢᠷᠦᠭᠡᠳᠡᠭ᠃           ᠰᠢᠨ᠎ᠡ ᠲᠥᠬᠦᠭᠡᠷᠦᠭᠰᠡᠨ ᠭᠡᠷ ᠲᠤ ᠬᠡᠶᠢᠮᠣᠷᠢ ᠳᠠᠷᠴᠤᠭ ᠬᠠᠳᠬᠤᠳᠠᠭ ᠦᠭᠡᠢ᠂ ᠪᠤᠷᠬᠠᠨ ᠵᠠᠯᠠᠳᠠᠭ ᠦᠭᠡᠢ᠃ ᠭᠡᠷ ᠤᠨ ᠪᠠᠷᠠᠭᠤᠨ ᠬᠠᠭᠠᠰ ᠲᠠᠯ᠎ᠠ ᠶᠢ  ᠬᠠᠶᠠᠭᠠᠪᠴᠢ ᠲᠠᠢ᠂ ᠵᠡᠭᠦᠨ ᠬᠠᠭᠠᠰ ᠲᠠᠯ᠎ᠠ ᠨᠢ ᠬᠠᠶᠠᠭᠠᠪᠴᠢ ᠦᠭᠡᠢ᠂ ᠪᠠᠰᠠ ᠳᠣᠣᠷᠠᠳᠤ ᠪᠦᠰᠡᠯᠡᠭᠦᠷ ᠦᠭᠡᠢ᠃ ᠪᠠᠷᠠᠭᠤᠨ ᠬᠠᠭᠠᠰ ᠲᠠᠯ᠎ᠠ ᠨᠢ ᠰᠢᠷᠢᠳᠡᠭ ᠲᠠᠢ᠂ ᠵᠡᠭᠦᠨ  ᠬᠠᠭᠠᠰ ᠲᠠᠯ᠎ᠠ ᠨᠢ ᠰᠢᠷᠢᠳᠡᠭ ᠦᠭᠡᠢ᠃           ᠰᠢᠨ᠎ᠡ ᠭᠡᠷ ᠤᠨ ᠵᠡᠭᠦᠨ ᠲᠠᠯ᠎ᠠ ᠶᠢᠨ ᠬᠠᠶᠠᠭᠠᠪᠴᠢ᠂ ᠳᠣᠣᠷᠠᠳᠤ ᠪᠦᠰᠡᠯᠡᠭᠦᠷ᠂ ᠲᠤᠯᠭ᠎ᠠ ᠶᠢᠨ ᠬᠤᠶᠢᠲᠤ ᠪᠠ ᠵᠡᠭᠦᠨ ᠲᠠᠯ᠎ᠠ ᠶᠢᠨ ᠰᠢᠷᠢᠳᠡᠭ ᠲᠡᠷᠡᠴᠢᠯᠡᠨ  ᠣᠷᠣ ᠬᠠᠨᠵᠤ᠂ ᠠᠪᠳᠠᠷ᠎ᠠ ᠥᠭᠡᠭ᠂ ᠬᠥᠨᠥᠭ ᠤᠨ ᠪᠠ ᠲᠣᠭᠤᠭᠠᠨ ᠱᠠᠲᠤ ᠮᠡᠲᠦ ᠶᠢᠨ ᠬᠡᠷᠡᠭᠰᠡᠯ ᠤᠳ ᠢ ᠬᠡᠦᠬᠡᠨ ᠲᠠᠯ᠎ᠠ ᠠᠴᠠ ᠲᠥᠬᠦᠭᠡᠷᠴᠦ ᠬᠡᠦᠬᠡᠨ ᠢᠶᠠᠨ ᠬᠦᠷᠭᠡᠵᠦ  ᠣᠴᠢᠬᠤ ᠳᠤ ᠪᠠᠨ ᠠᠪᠴᠤ ᠣᠴᠢᠳᠠᠭ᠃  
ᠢᠷᠡᠯᠲᠡ᠄ ︽ᠪᠠᠷᠭᠤ ᠲᠣᠪᠴᠢᠶᠠᠨ︾