ᠬᠡᠦᠬᠡᠨ ᠤ ᠲᠠᠯ᠎ᠠ ᠪᠠᠷᠠᠭ᠎ᠠ ᠬᠤᠷᠢᠶᠠᠬᠤ
ᠨᠡᠶᠢᠲᠡᠯᠡᠭᠰᠡᠨ ᠴᠠᠭ᠄
2025/4/21
           ᠬᠡᠦᠬᠡᠨ ᠲᠠᠯ᠎ᠠ ᠪᠠᠷᠠᠭ᠎ᠠ ᠬᠤᠷᠢᠶᠠᠬᠤ ᠡᠳᠦᠷ ᠪᠣᠯᠬᠤ ᠳᠤ ᠬᠡᠦᠬᠡᠨ ᠢᠶᠠᠨ︽ᠡᠳᠡᠨ ᠤ ᠡᠶᠢᠮᠦ ᠶᠠᠭᠤᠮ᠎ᠠ ᠬᠢᠭᠡᠳ ᠢᠷ᠎ᠡ᠂ ᠲᠡᠳᠡᠨ ᠤ ᠳᠤ ᠲᠡᠶᠢᠮᠦ ᠶᠠᠭᠤᠮ᠎ᠠ  ᠣᠶᠣᠭᠠᠳ ᠢᠷ᠎ᠡ︾ ᠭᠡᠬᠦ ᠮᠡᠲᠦ ᠶᠢᠨ ᠰᠢᠯᠲᠠᠭ ᠢᠶᠠᠷ ᠲᠦᠷᠦᠯ ᠰᠠᠳᠤᠨ ᠤ ᠳᠤ ᠪᠠᠨ ᠵᠠᠶᠢᠯᠠᠭᠤᠯᠳᠠᠭ᠃           ᠪᠠᠷᠠᠭ᠎ᠠ ᠬᠤᠷᠢᠶᠠᠬᠤ ᠡᠳᠦᠷ ᠲᠤ ᠡᠬᠡ ᠨᠢ ᠬᠡᠦᠬᠡᠨ ᠳᠤ ᠪᠠᠨ ᠲᠥᠬᠦᠭᠡᠷᠦᠭᠰᠡᠨ ᠬᠠᠪᠴᠢᠭ ᠲᠠᠲᠠᠭᠤᠷ ᠢ ᠵᠡᠭᠦᠵᠦ ᠳᠡᠪᠡᠯ ᠡᠮᠦᠰᠴᠦ ᠠᠭᠤᠯᠠᠨ ᠳᠤ  ᠮᠥᠷᠭᠦᠳᠡᠭ᠃ ᠲᠤᠬᠠᠶᠢᠯᠠᠪᠠᠯ ᠭᠡᠷ ᠠᠴᠠ ᠪᠠᠨ ᠪᠠᠷᠠᠭᠤᠨ ᠬᠤᠶᠢᠲᠤ ᠵᠦᠭ ᠲᠤ ᠬᠤᠯᠠᠬᠠᠨ ᠭᠠᠷᠤᠭᠠᠳ ᠬᠢᠯᠠᠭᠠᠨ᠎ᠠ ᠪᠤᠶᠤ ᠳᠡᠷᠡᠰᠦᠨ ᠳᠡᠭᠡᠷ᠎ᠡ ᠬᠠᠳᠠᠭ ᠲᠠᠯᠪᠢᠵᠤ᠂  ᠬᠠᠷᠢ ᠳᠤ ᠮᠣᠷᠳᠠᠭᠤᠯᠬᠤ ᠬᠡᠦᠬᠡᠨ ᠤ ᠪᠠᠨ ᠬᠤᠪᠢ ᠵᠠᠶᠠᠭ᠎ᠠ ᠶᠢ ᠳᠠᠭᠠᠳᠬᠠᠵᠤ ᠬᠡᠰᠢᠭ ᠪᠤᠶᠠᠨ ᠢ ᠨᠢ ᠵᠠᠯᠪᠢᠷᠢᠨ ᠮᠥᠷᠭᠦᠳᠡᠭ᠃ ᠪᠠᠷᠠᠭ᠎ᠠ ᠬᠤᠷᠢᠶᠠᠬᠤ ᠡᠳᠦᠷ  ᠬᠡᠦᠬᠡᠨ ᠢᠶᠠᠨ ᠮᠣᠷᠳᠠᠭᠤᠯᠬᠤ ᠠᠶᠢᠯ ᠬᠤᠨᠢ ᠭᠠᠷᠭᠠᠵᠤ ᠰᠢᠭᠦᠰᠦ ᠪᠡᠯᠡᠳᠬᠡᠨ᠂ ᠪᠤᠷᠬᠠᠨ ᠳᠤ ᠪᠠᠨ ᠵᠤᠯᠠ ᠪᠠᠷᠢᠵᠤ ᠢᠳᠡᠭᠡ ᠲᠠᠯᠪᠢᠨ᠂ ᠱᠠᠭᠠᠨᠲᠤ᠂ ᠰᠡᠭᠦᠯ ᠤᠨ ᠦᠵᠦᠭᠦᠷ  ᠪᠠ ᠬᠠᠪᠢᠷᠭ᠎ᠠ ᠵᠡᠷᠭᠡ ᠶᠢ ᠲᠠᠪᠠᠭ ᠲᠤ ᠬᠢᠭᠡᠳ ᠪᠤᠷᠬᠠᠨ ᠳᠤ ᠲᠠᠯᠪᠢᠵᠤ ᠬᠡᠦᠬᠡᠨ ᠤ ᠬᠤᠪᠢ ᠪᠣᠯᠭᠠᠨ ᠬᠠᠳᠠᠭᠠᠯᠠᠳᠠᠭ᠃           ᠪᠠᠷᠠᠭ᠎ᠠ ᠬᠤᠷᠢᠶᠠᠬᠤ ᠳᠤ ᠰᠠᠳᠤᠨ ᠲᠦᠷᠦᠯ ᠣᠶᠢᠷ᠎ᠠ ᠬᠠᠪᠢ ᠶᠢᠨ ᠬᠢᠨᠢ ᠵᠠᠷ ᠬᠦᠯᠢᠶᠡᠭᠰᠡᠨ ᠣᠯᠠᠨ ᠠᠪᠠᠭᠠᠢ ᠨᠠᠷ ᠣᠴᠢᠵᠠᠭᠠᠨ᠎ᠠ᠃ ᠲᠡᠳᠡᠨᠦᠰ ᠶᠠᠩᠵᠤ  ᠪᠦᠷᠢ ᠶᠢᠨ ᠬᠥᠪᠥᠩ ᠪᠤᠶᠤ ᠲᠣᠷᠭᠠᠨ ᠤᠲᠠᠰᠤ᠂ ᠲᠡᠮᠡᠭᠡᠨ ᠤ ᠨᠣᠣᠰᠣᠨ ᠤᠲᠠᠰᠤ ᠰᠢᠷᠪᠦᠰᠦ ᠰᠡᠮᠡᠳᠡᠰᠦ ᠵᠡᠷᠭᠡ ᠶᠢᠨ ᠵᠦᠢᠯᠡᠰ ᠢ ᠠᠪᠴᠢᠷᠠᠨ᠎ᠠ᠃ ᠢᠩᠭᠢᠭᠡᠳ ᠮᠣᠷᠳᠠᠬᠤ  ᠬᠡᠦᠬᠡᠨ ᠤ ᠡᠮᠦᠰᠬᠡᠯ ᠵᠠᠰᠠᠯ ᠳᠤ ᠬᠢᠵᠦ ᠪᠠᠷᠠᠭᠠᠳᠤᠢ ᠦᠢᠯᠡ ᠣᠶᠣᠳᠠᠯ ᠪᠠᠶᠢᠪᠠᠯ ᠬᠠᠪᠰᠤᠷᠤᠨ ᠭᠦᠢᠴᠡᠳᠬᠡᠵᠦ ᠪᠦᠲᠦᠭᠡᠨ ᠥᠭᠭᠦᠨ᠎ᠡ᠃ ᠬᠡᠦᠬᠡᠨ ᠤ ᠬᠦᠨᠵᠢᠯᠡ  ᠳᠡᠪᠢᠰᠬᠡᠷ ᠠᠴᠠ ᠨᠢ ᠠᠪᠤᠭᠠᠳ ᠳᠦᠷᠪᠡᠨ ᠤᠯᠠᠷᠢᠯ ᠳᠤ ᠰᠣᠯᠢᠵᠤ ᠡᠮᠦᠰᠬᠦ ᠶᠠᠩᠵᠤ ᠪᠦᠷᠢ ᠶᠢᠨ ᠳᠡᠪᠡᠯ ᠬᠤᠪᠴᠠᠰᠤ ᠨᠤᠭᠤᠳ ᠢ ᠵᠡᠷᠭᠡᠴᠡᠭᠦᠯᠦᠨ ᠳᠡᠯᠭᠡᠵᠦ᠂  ᠰᠠᠯᠬᠢᠨ ᠳᠤ ᠰᠡᠷᠭᠦᠭᠡᠨ ᠣᠯᠠᠨ ᠳᠤ ᠦᠵᠡᠭᠦᠯᠦᠨ᠎ᠡ᠃           ᠪᠠᠷᠠᠭ᠎ᠠ ᠬᠤᠷᠢᠶᠠᠬᠤ ᠳᠤ ᠪᠠᠨ ᠬᠦᠷᠭᠡᠨ ᠤ ᠭᠡᠷ ᠲᠤ ᠵᠣᠷᠢᠭᠤᠯᠤᠨ ᠲᠥᠬᠦᠭᠡᠷᠦᠭᠰᠡᠨ ᠬᠢᠯᠭᠠᠰᠤᠨ ᠪᠦᠰᠡᠯᠡᠭᠦᠷ ᠢᠶᠠᠨ ᠭᠡᠷ ᠤᠨ ᠰᠠᠭᠤᠷᠢ ᠶᠢᠨ ᠬᠡᠯᠪᠡᠷᠢᠲᠡᠢ  ᠲᠥᠭᠦᠷᠢᠭᠯᠡᠭᠦᠯᠦᠨ ᠲᠠᠯᠪᠢᠵᠤ᠂ ᠡᠮᠦᠨ᠎ᠡ ᠵᠦᠭ ᠲᠤᠨᠢ ᠣᠨᠣᠭᠤ ᠭᠠᠷᠭᠠᠵᠤ᠂ ᠡᠭᠦᠳᠡ ᠶᠢ ᠣᠷᠣᠯᠠᠭᠤᠯᠤᠨ᠎ᠠ᠃ ᠣᠯᠠᠨ ᠠᠪᠠᠭᠠᠢ ᠨᠠᠷ ᠣᠷᠣᠨ ᠭᠠᠷᠤᠨ ᠪᠠᠷᠠᠭ᠎ᠠ  ᠬᠤᠷᠢᠶᠠᠨ᠎ᠠ᠃ ᠬᠡᠦᠬᠡᠨ ᠤ ᠣᠷᠣ ᠶᠢ ᠬᠤᠶᠢᠮᠤᠷ ᠲᠤ ᠲᠠᠯᠪᠢᠵᠤ ᠲᠡᠭᠰᠢᠯᠡᠨ ᠵᠠᠰᠠᠨ᠎ᠠ᠃ ᠳᠡᠭᠡᠷ᠎ᠡ ᠨᠢ ᠰᠢᠷᠢᠳᠡᠭ ᠳᠡᠪᠢᠰᠬᠡᠷ ᠳᠡᠪᠢᠰᠴᠦ ᠨᠢᠭᠤᠷ ᠲᠠᠯ᠎ᠠ ᠳᠤ ᠪᠠᠨ ᠮᠥᠩᠭᠦᠨ  ᠳᠠᠷᠤᠭᠤᠯᠭ᠎ᠠ ᠲᠠᠢ ᠰᠢᠷᠢᠮᠡᠯ ᠢᠰᠡᠭᠡᠢ ᠳᠡᠷ᠎ᠡ ᠲᠠᠯᠪᠢᠨ᠎ᠠ᠃ ᠳᠡᠷ᠎ᠡ ᠶᠢᠨ ᠬᠥᠨᠳᠡᠢ ᠳᠤ ᠠᠪᠳᠠᠷ᠎ᠠ᠂ ᠵᠡᠭᠦᠨ ᠡᠮᠦᠨ᠎ᠡ ᠨᠢ ᠥᠭᠡᠭ᠂ ᠬᠥᠨᠥᠭ ᠤᠨ ᠱᠠᠲᠤ᠂ ᠲᠣᠭᠤᠭᠠᠨ ᠤ  ᠱᠠᠲᠤ ᠵᠡᠷᠭᠡ ᠶᠢ ᠲᠤᠰ ᠲᠤᠰ ᠪᠠᠶᠢᠷᠢᠯᠠᠭᠤᠯᠵᠤ᠂ ᠣᠭᠤᠰᠣᠷ ᠢ ᠨᠢ ᠪᠦᠷᠢᠨ ᠪᠣᠯᠭᠠᠭᠰᠠᠨ ᠮᠣᠳᠣᠨ ᠲᠠᠭ᠂ ᠠᠶᠠᠭᠠᠨ ᠤ ᠭᠡᠷ ᠢ ᠳᠡᠭᠡᠷ᠎ᠡ ᠨᠢ ᠲᠠᠯᠪᠢᠨ᠎ᠠ᠃           ᠳᠡᠷ᠎ᠡ ᠶᠢᠨ ᠲᠦᠷᠦᠭᠦᠦ ᠵᠠᠯᠭᠠᠵᠤ ᠣᠶᠣᠭᠴᠢ ᠡᠷᠬᠡᠪᠰᠢ ᠡᠯᠢᠭᠡ ᠪᠦᠲᠦᠨ ᠦᠷ᠎ᠡ ᠬᠡᠦᠬᠡᠳ ᠥᠨᠢᠷ ᠥᠳᠬᠡᠨ ᠡᠬᠡᠨᠡᠷ ᠪᠠᠶᠢᠬᠤ ᠶᠣᠰᠣᠲᠠᠢ᠃ ᠮᠣᠷᠳᠠᠬᠤ  ᠬᠡᠦᠬᠡᠨ ᠤ ᠭᠤᠲᠤᠯ ᠬᠤᠪᠴᠠᠰᠤ ᠪᠠ ᠠᠯᠢᠪᠠ ᠬᠡᠷᠡᠭᠰᠡᠯ ᠤᠨ ᠵᠦᠢᠯᠡᠰ ᠢ ᠣᠷᠣ ᠬᠠᠨᠵᠤᠨ ᠳᠤ ᠬᠤᠷᠢᠶᠠᠬᠤ ᠶᠢ ᠨᠢ ᠬᠤᠷᠢᠶᠠᠵᠤ᠂ ᠸᠠᠳᠠᠩ ᠳᠤ ᠪᠠᠭᠯᠠᠬᠤ ᠶᠢ ᠨᠢ  ᠪᠠᠭᠯᠠᠵᠤ᠂ ᠲᠤᠰ ᠲᠤᠰ ᠣᠷᠣᠨ ᠳᠤᠨᠢ ᠲᠠᠯᠪᠢᠨ᠎ᠠ᠃ ᠮᠣᠷᠳᠠᠬᠤ ᠬᠡᠦᠬᠡᠨ ᠤ ᠢᠨᠵᠢ ᠵᠠᠰᠠᠯ ᠳᠤ ᠣᠴᠢᠬᠤ ᠶᠠᠭᠤᠮ᠎ᠠ ᠨᠢ ᠳᠤᠲᠠᠬᠤ ᠵᠦᠢᠯ ᠦᠭᠡᠢ ᠲᠡᠭᠰᠢ ᠪᠦᠷᠢᠨ  ᠪᠠᠶᠢᠳᠠᠭ᠃ ᠢᠯᠠᠩᠭᠤᠶ᠎ᠠ ᠳᠤᠲᠠᠭᠳᠠᠵᠤ ᠪᠣᠯᠳᠠᠭ ᠦᠭᠡᠢ ᠨᠢᠭᠡᠨ ᠵᠦᠢᠯ ᠤᠨ ᠡᠳ᠋ᠯᠡᠯ ᠨᠢ ᠴᠠᠢ ᠨᠦᠳᠦᠬᠦ ᠤᠭᠤᠷ ᠶᠤᠮ᠃ ᠡᠨᠡ ᠤᠭᠤᠷ ᠤᠨ ᠬᠠᠮᠲᠤ ᠪᠠᠰᠠ ᠨᠢᠭᠡ  ᠰᠦᠬᠡ ᠪᠠᠶᠢᠬᠤ ᠶᠣᠰᠣᠲᠠᠢ᠃ ᠡᠨᠡ ᠨᠢ︽ᠤᠭᠤᠷ ᠰᠦᠬᠡ ᠬᠠᠮᠲᠤ᠂ ᠤᠷᠤᠭ ᠰᠠᠳᠤᠨ ᠥᠨᠢᠳᠡ︾ ᠭᠡᠰᠡᠨ ᠪᠡᠯᠭᠡᠳᠡᠯ ᠪᠢᠯᠡ᠃           ᠪᠠᠷᠠᠭ᠎ᠠ ᠬᠤᠷᠢᠶᠠᠭᠰᠠᠨ ᠣᠯᠠᠨ ᠠᠪᠠᠭᠠᠢ ᠨᠠᠷ ᠲᠤ ᠴᠠᠢ ᠢᠳᠡᠭᠡ ᠪᠣᠯᠵᠠᠭᠠᠵᠤ᠂ ᠬᠤᠨᠢᠨ ᠤ ᠲᠣᠯᠣᠭᠠᠢ ᠶᠢ ᠠᠬᠠᠮᠠᠳ ᠡᠷᠡᠭᠲᠡᠢ ᠳᠤ᠂ ᠬᠤᠨᠢᠨ ᠤ  ᠤᠭᠤᠴᠠ ᠶᠢ ᠳᠡᠷ᠎ᠡ ᠶᠢᠨ ᠬᠦᠵᠦᠭᠦᠦ ᠵᠠᠯᠭᠠᠭᠰᠠᠨ ᠠᠪᠠᠭᠠᠢ ᠳᠤ ᠲᠠᠯᠪᠢᠨ᠎ᠠ᠂ ᠲᠡᠷᠡ ᠠᠪᠠᠭᠠᠢ ᠤᠭᠤᠴᠠᠨ ᠤ ᠭᠤᠣᠯ ᠢ ᠬᠡᠦᠬᠡᠨ ᠤ ᠡᠬᠡ ᠳᠤ ᠪᠠᠷᠢᠵᠤ᠂ ᠤᠭᠤᠴᠠᠨ ᠤ  ᠬᠠᠶᠢᠳᠠᠰᠤ ᠶᠢ ᠬᠡᠦᠬᠡᠳ ᠤᠳ ᠲᠤ ᠬᠤᠪᠢᠶᠠᠨ ᠥᠭᠭᠦᠨ᠎ᠡ᠃           ᠡᠬᠡ ᠨᠢ ᠬᠡᠦᠬᠡᠨ ᠤ ᠪᠠᠨ ᠵᠠᠰᠠᠯ ᠤᠨ ᠬᠦᠨᠵᠢᠯᠡ ᠶᠢ ᠦᠩᠭᠡᠨ ᠲᠠᠯ᠎ᠠ ᠪᠠᠷ ᠬᠠᠨᠵᠤᠨ ᠤ ᠤᠷᠳᠤᠭᠤᠷᠬᠢ ᠰᠢᠷᠢᠳᠡᠭ ᠳᠡᠭᠡᠷ᠎ᠡ ᠳᠡᠯᠭᠡᠭᠡᠳ ᠤᠲᠠᠰᠤᠨ ᠳᠤ  ᠬᠢᠯᠭᠡᠭᠰᠡᠨ ᠵᠤᠤᠳᠤᠩ ᠠᠭᠠᠷᠤᠤᠯ ᠢ ᠳᠡᠭᠡᠷ᠎ᠡ ᠨᠢ ᠠᠰᠬᠠᠨ᠎ᠠ᠃ ᠢᠩᠭᠢᠬᠦ  ᠳᠤ ᠪᠠᠷᠠᠭ᠎ᠠ ᠬᠤᠷᠢᠶᠠᠬᠤ ᠳᠤ ᠡᠬᠡ ᠪᠠᠨ ᠳᠠᠭᠠᠵᠤ ᠢᠷᠡᠭᠰᠡᠨ ᠣᠯᠠᠨ ᠬᠡᠦᠬᠡᠳ ᠤᠷᠤᠯᠳᠤᠨ  ᠢᠷᠡᠭᠡᠳ ᠬᠤᠪᠢᠶᠠᠯᠴᠠᠨ ᠠᠪᠬᠤ ᠶᠢ ᠵᠠᠷᠯᠠᠬᠤ ᠲᠠᠢ ᠵᠡᠷᠭᠡ ᠲᠡᠳᠡᠭᠡᠷ ᠬᠡᠦᠬᠡᠳ ᠤᠳ ᠭᠦᠶᠦᠯᠴᠡᠨ ᠢᠷᠡᠵᠦ ᠪᠤᠯᠢᠶᠠᠴᠠᠯᠳᠤᠨ ᠠᠪᠴᠤ ᠢᠳᠡᠵᠡᠭᠡᠨ᠎ᠡ᠃ ᠡᠨᠡ ᠨᠢ ᠦᠷ᠎ᠡ  ᠬᠡᠦᠬᠡᠳ ᠣᠯᠠᠨ ᠥᠨᠢᠷ ᠪᠠᠶᠠᠨ ᠲᠡᠭᠰᠢ ᠵᠢᠷᠭᠠᠬᠤ ᠶᠢ ᠵᠥᠩᠨᠡᠭᠰᠡᠨ ᠶᠠᠪᠤᠳᠠᠯ ᠠᠵᠢ᠃           ᠪᠠᠷᠠᠭ᠎ᠠ ᠬᠤᠷᠢᠶᠠᠭᠰᠠᠨ ᠤ ᠳᠠᠷᠠᠭ᠎ᠠ ᠨᠢᠭᠡᠨ ᠪᠦᠰᠡᠭᠦᠢ ᠤᠷᠲᠤ ᠪᠤᠷᠭᠠᠰᠤᠨ ᠱᠣᠷᠣ ᠳᠤ ᠪᠥᠭᠡᠷ᠎ᠡ᠂ ᠵᠢᠷᠦᠬᠡ᠂ ᠰᠡᠭᠦᠯ ᠵᠡᠷᠭᠡ ᠶᠢ ᠱᠣᠷᠣᠯᠠᠭᠠᠳ᠂  ᠬᠤᠷᠢᠶᠠᠭᠰᠠᠨ ᠪᠠᠷᠠᠭᠠᠨ ᠤ ᠲᠠᠯ᠎ᠠ ᠪᠦᠷᠢ ᠳᠤ ᠬᠥᠩᠭᠡᠨ ᠬᠦᠷᠭᠡᠵᠦ ᠢᠷᠦᠭᠡᠭᠡᠳ ᠴᠤᠭᠯᠠᠭᠰᠠᠨ ᠣᠯᠠᠨ ᠬᠡᠦᠬᠡᠳ ᠲᠤ ᠬᠤᠪᠢᠶᠠᠨ ᠥᠭᠴᠦ ᠢᠳᠡᠭᠦᠯᠦᠨ᠎ᠡ᠃           ᠨᠠᠶᠢᠷᠯᠠᠵᠤ ᠳᠠᠭᠤᠰᠤᠭᠠᠳ ᠶᠠᠭᠤᠮ᠎ᠠ ᠬᠡᠦᠮ᠎ᠡ ᠪᠠᠨ ᠲᠠᠲᠠᠵᠤ ᠪᠠᠷᠠᠭ᠎ᠠ ᠬᠤᠷᠢᠶᠠᠬᠤ ᠶᠠᠪᠤᠳᠠᠯ ᠳᠠᠭᠤᠰᠳᠠᠭ᠃     
ᠢᠷᠡᠯᠲᠡ᠄ ︽ᠪᠠᠷᠭᠤ ᠲᠣᠪᠴᠢᠶᠠᠨ︾