ᠬᠤᠶᠠᠷ ᠲᠠᠯ᠎ᠠ ᠠᠴᠠ ᠬᠡᠯᠡᠯᠴᠡᠵᠦ ᠪᠡᠷᠢ ᠪᠠᠭᠤᠯᠭᠠᠬᠤ ᠪᠠ ᠬᠡᠦᠬᠡᠨ ᠢᠶᠠᠨ ᠥᠭᠬᠦ ᠥᠯᠵᠡᠢ ᠲᠠᠢ ᠡᠳᠦᠷ ᠰᠢᠨᠵᠢᠭᠦᠯᠵᠦ᠂ ᠲᠤᠰ ᠲᠤᠰ ᠤᠨ ᠲᠦᠷᠦᠯ | ᠰᠠᠳᠤᠨ᠂ ᠠᠶᠢᠯ ᠬᠥᠷᠰᠢ᠂ ᠲᠠᠨᠢᠯ ᠨᠠᠷ ᠲᠤ ᠪᠠᠨ ᠵᠠᠷ ᠲᠠᠷᠬᠠᠭᠠᠨ᠎ᠠ᠃ | ᠬᠡᠦᠬᠡᠨ ᠮᠣᠷᠳᠠᠬᠤ ᠠᠴᠠ ᠡᠮᠦᠨ᠎ᠡ ᠨᠢᠭᠡ ᠬᠤᠶᠠᠷ ᠡᠳᠦᠷ ᠲᠤ ᠮᠣᠷᠳᠠᠬᠤ ᠬᠡᠦᠬᠡᠨ ᠤ ᠡᠭᠡᠴᠢ ᠪᠤᠶᠤ ᠨᠢᠭᠡ ᠣᠪᠣᠭ ᠤᠨ ᠠᠶᠢᠯ ᠨᠢ︽ᠣᠶᠣᠳᠠᠯ | ᠣᠳᠣᠭᠤᠯᠤᠨᠠ︾ ᠭᠡᠬᠦ ᠨᠡᠷ᠎ᠡ ᠪᠠᠷ ᠬᠡᠦᠬᠡᠨ ᠢ ᠭᠡᠷ ᠲᠤ ᠪᠠᠨ ᠠᠪᠠᠴᠢᠵᠤ ᠪᠤᠷᠤᠭᠤᠯᠠᠨ᠎ᠠ᠃ ᠮᠣᠷᠳᠠᠬᠤ ᠬᠡᠦᠬᠡᠨ ᠡᠨᠡ ᠬᠦ ᠨᠢᠭᠤᠴᠠ ᠶᠢ ᠭᠠᠳᠠᠷᠯᠠᠬᠤ ᠪᠣᠯᠬᠤᠷ ᠵᠣᠷᠢᠭᠤᠳᠠ | ᠰᠢᠯᠲᠠᠭ ᠬᠡᠯᠡᠨ ᠶᠠᠪᠤᠬᠤ ᠦᠭᠡᠢ ᠭᠡᠵᠦ ᠵᠥᠷᠢᠳᠡᠭ ᠪᠣᠯᠪᠠᠴᠤ ᠬᠠᠰᠢ ᠯᠠ ᠶᠠᠪᠤᠳᠠᠭ ᠪᠢᠯᠡ᠃ ᠬᠡᠦᠬᠡᠨ ᠪᠤᠷᠤᠭᠤᠯᠠᠬᠤ ᠳᠤ ᠬᠡᠳᠦᠨ ᠬᠡᠦᠬᠡᠨ ᠢᠷᠡᠵᠦ ᠬᠠᠨᠢ ᠪᠣᠯᠣᠨ | ᠬᠠᠮᠲᠤ ᠶᠠᠪᠤᠯᠴᠠᠳᠠᠭ᠃ | ᠤᠷᠢᠳᠤ ᠠᠴᠠ ᠲᠣᠭᠲᠠᠭᠰᠠᠨ ᠶᠣᠰᠣᠭᠠᠷ ᠵᠣᠬᠢᠬᠤ ᠵᠢᠯ ᠲᠠᠢ ᠬᠥᠮᠥᠨ ᠥᠭᠡᠷ᠎ᠡ ᠪᠠᠷ ᠬᠡᠯᠡᠪᠡᠯ︽ᠢᠪᠡᠭᠡᠯ ᠵᠢᠯᠲᠡᠨ︾ ᠲᠣᠭᠲᠠᠭᠰᠠᠨ ᠴᠠᠭ ᠲᠤ ᠬᠤᠶᠠᠷ | ᠤᠯᠠᠭᠠᠨ ᠪᠦᠴᠡ ᠲᠠᠢ᠂ ᠬᠠᠷ᠎ᠠ ᠬᠤᠷᠠᠭᠠᠨ ᠤ ᠠᠷᠠᠰᠤᠨ ᠲᠣᠭᠤᠷᠠᠭ ᠮᠠᠯᠠᠭᠠᠢ ᠶᠢ ᠨᠢᠭᠤᠨ ᠣᠯᠵᠤ ᠠᠪᠴᠤ ᠢᠷᠡᠭᠡᠳ ᠬᠡᠦᠬᠡᠨ ᠳᠤ ᠡᠮᠦᠰᠬᠡᠬᠦ ᠶᠢᠨ ᠵᠡᠷᠭᠡ ᠬᠡᠳᠦᠨ | ᠬᠥᠮᠥᠨ ᠬᠠᠮᠵᠢᠯᠴᠠᠨ ᠬᠥᠬᠡ ᠪᠦᠰᠡ ᠪᠠᠷ ᠬᠢᠭᠰᠡᠨ ᠳᠡᠪᠡᠯ ᠤᠨ ᠵᠠᠬ᠎ᠠ ᠶᠢ ᠲᠣᠭᠤᠷᠢᠭᠰᠠᠨ ᠤᠯᠠᠭᠠᠨ ᠳᠠᠯᠪᠠᠭ᠎ᠠ ᠲᠠᠢ ᠤᠷᠲᠤ ᠪᠠᠨ ᠡᠩᠭᠡᠷ ᠲᠠᠢ ᠴᠠᠮᠴᠠ ᠶᠢ ᠬᠡᠦᠬᠡᠨ ᠤ | ᠳᠡᠪᠡᠯ ᠤᠨ ᠭᠠᠳᠠᠭᠤᠷ ᠬᠦᠴᠦ ᠪᠠᠷ ᠡᠮᠦᠰᠬᠡᠬᠦ ᠳᠤ︽ᠴᠤᠪᠠ ᠡᠮᠦᠰᠦᠭᠰᠡᠨ︾ ᠬᠡᠦᠬᠡᠨ ᠴᠢᠩᠭ᠎ᠠ ᠪᠠᠷ ᠪᠠᠷᠬᠢᠷᠠᠨ ᠤᠬᠢᠯᠠᠨ᠎ᠠ᠃ ᠢᠩᠭᠢᠬᠦ ᠳᠤ ᠬᠠᠮᠲᠤ ᠪᠠᠶᠢᠭᠰᠠᠨ | ᠬᠡᠦᠬᠡᠨᠴᠦᠳ ᠲᠡᠭᠦᠨ ᠢ ᠲᠠᠭᠠᠨ ᠤᠬᠢᠯᠠᠵᠠᠭᠠᠨᠠ᠃ᠲᠡᠷᠡ ᠦᠶ᠎ᠡ ᠳᠤ ᠭᠡᠷ ᠤᠨ ᠡᠵᠡᠨ ᠪᠦᠰᠡᠭᠦᠢ ᠬᠡᠦᠬᠡᠨᠴᠦᠳ ᠢ ᠠᠷᠭᠠᠳᠠᠨ ᠪᠠᠶᠢᠵᠤ ᠠᠷᠠᠢ ᠭᠡᠵᠦ ᠤᠬᠢᠯᠠᠬᠤ ᠶᠢ ᠨᠢ | ᠵᠣᠭᠰᠣᠭᠠᠨ᠎ᠠ᠃ | ᠲᠡᠷᠡ ᠭᠡᠷ ᠤᠨ ᠬᠢᠨ ᠬᠡᠦᠬᠡᠨᠴᠦᠳ ᠪᠠ ᠴᠤᠭᠯᠠᠷᠠᠭᠰᠠᠳ ᠲᠤ ᠰᠢᠨ᠎ᠡ ᠴᠠᠢ ᠴᠢᠨᠠᠵᠤ᠂ ᠢᠳᠡᠭᠡ ᠲᠠᠪᠠᠭ ᠵᠠᠰᠠᠵᠤ ᠬᠡᠦᠬᠡᠨ ᠳᠤ ᠬᠠᠳᠠᠭ ᠲᠠᠢ ᠰᠦ ᠪᠠᠷᠢᠵᠤ᠂ | ᠪᠤᠰᠤᠳ ᠲᠤᠨᠢ ᠬᠠᠳᠠᠭ ᠲᠠᠢ ᠠᠷᠢᠬᠢ ᠪᠠᠷᠢᠨ᠎ᠠ᠃ ᠳᠠᠷᠠᠭ᠎ᠠ ᠰᠢᠭᠦᠰᠦ ᠲᠠᠯᠪᠢᠵᠤ᠂ ᠬᠤᠨᠢᠨ ᠤ ᠲᠣᠯᠣᠭᠠᠢ ᠶᠢ ᠬᠡᠦᠬᠡᠨ ᠬᠡᠰᠦᠭᠦᠯᠦᠭᠴᠢ ᠶᠢᠨ ᠲᠦᠷᠦᠭᠦᠦ ᠳᠤ᠂ | ᠤᠭᠤᠴᠠ ᠶᠢ ᠴᠤᠪᠠ ᠡᠮᠦᠰᠦᠭᠰᠡᠨ ᠬᠡᠦᠬᠡᠨ ᠳᠤ᠂ ᠪᠤᠰᠤᠳ ᠲᠤᠨᠢ ᠮᠢᠬ᠎ᠠ ᠬᠤᠪᠢᠶᠠᠨ ᠲᠠᠯᠪᠢᠨ᠎ᠠ᠃ ᠬᠡᠦᠬᠡᠨ ᠬᠡᠰᠦᠭᠦᠯᠦᠭᠴᠢ ᠲᠣᠯᠣᠭᠠᠢ ᠠᠴᠠ ᠣᠭᠲᠣᠯᠵᠤ ᠭᠠᠯ ᠳᠤ | ᠡᠷᠭᠦᠨ᠂ ᠥᠪᠡᠷ ᠢᠶᠠᠨ ᠠᠮᠠ ᠬᠦᠷᠦᠭᠡᠳ ᠲᠣᠯᠣᠭᠠᠢ ᠶᠢ ᠲᠡᠷᠡ ᠠᠶᠢᠯ ᠤᠨ ᠡᠵᠡᠨ ᠪᠤᠶᠤ ᠬᠦᠦ ᠳᠤᠨᠢ ᠥᠭᠭᠦᠨ᠎ᠡ᠃ ᠴᠤᠪᠠ ᠲᠠᠢ ᠬᠡᠦᠬᠡᠨ ᠤ ᠤᠭᠤᠴᠠ ᠶᠢ ᠥᠭᠡᠷ᠎ᠡ | ᠬᠥᠮᠥᠨ ᠬᠠᠶᠢᠵᠤ ᠥᠭᠬᠦ ᠳᠤ ᠴᠤᠪᠠ ᠲᠠᠢ ᠬᠡᠦᠬᠡᠨ ᠬᠠᠷ᠎ᠠ ᠬᠤᠷᠠᠭᠠᠨ ᠮᠠᠯᠠᠭᠠᠢ ᠶᠢᠨ ᠡᠮᠦᠨ᠎ᠡ ᠰᠠᠷᠠᠪᠴᠢ ᠶᠢ ᠳᠠᠷᠤᠭᠰᠠᠨ ᠬᠡᠪ ᠢᠶᠠᠷ ᠪᠣᠰᠴᠤ ᠬᠤᠶᠠᠷ ᠭᠠᠷ ᠢᠶᠠᠷ ᠢᠶᠠᠨ | ᠤᠭᠤᠴᠠᠨ ᠤ ᠭᠤᠣᠯ ᠤᠨ ᠳᠡᠭᠡᠳᠦ ᠦᠵᠦᠭᠦᠷ ᠢ ᠲᠤᠯᠭᠠᠨ ᠵᠦᠭ ᠬᠠᠨᠳᠤᠭᠤᠯᠤᠨ ᠪᠠᠷᠢᠵᠤ ᠲᠡᠷᠡ ᠠᠶᠢᠯ ᠤᠨ ᠡᠬᠡᠨᠡᠷ ᠲᠤ ᠥᠭᠭᠦᠨ᠎ᠡ᠃ ᠢᠩᠭᠢᠭᠡᠳ ᠪᠦᠭᠦᠳᠡᠭᠡᠷ | ᠰᠢᠭᠦᠰᠦ ᠪᠠᠷᠢᠵᠠᠭᠠᠨ ᠬᠡᠦᠬᠡᠨᠴᠦᠳ ᠠᠶ᠎ᠠ ᠪᠠᠷᠢᠨ᠎ᠠ᠃ ᠬᠡᠷᠪᠡ ᠲᠡᠷᠡ ᠭᠡᠷ ᠲᠤ ᠬᠤᠨᠣᠪᠠᠯ ᠣᠶᠢᠷ᠎ᠠ ᠬᠠᠪᠢ ᠶᠢᠨ ᠬᠥᠮᠥᠰ ᠴᠤᠭᠯᠠᠷᠠᠨ ᠦᠳᠡᠰᠢ ᠣᠷᠣᠢ ᠪᠣᠯᠲᠠᠯ᠎ᠠ | ᠳᠠᠭᠤᠯᠠᠯᠴᠠᠬᠤ ᠪᠤᠶᠤ ᠭᠠᠳᠠᠨ᠎ᠠ ᠭᠠᠷᠴᠤ ᠨᠠᠭᠠᠳᠴᠠᠭᠠᠨᠠ᠃ ᠬᠡᠷᠪᠡ ᠬᠤᠨᠣᠬᠤ ᠦᠭᠡᠢ ᠪᠣᠯ ᠴᠤᠪᠠ ᠲᠠᠢ ᠬᠡᠦᠬᠡᠨ ᠮᠣᠷᠳᠠᠬᠤ ᠦᠶ᠎ᠡ ᠳᠤ ᠲᠡᠷᠡ ᠠᠶᠢᠯ ᠬᠡᠦᠬᠡᠨ ᠳᠤ | ᠬᠤᠷᠭᠤᠢ ᠲᠣᠷᠭ᠎ᠠ ᠪᠤᠶᠤ ᠬᠠᠶᠢᠷᠴᠠᠭ ᠪᠣᠣᠪᠤ ᠵᠡᠷᠭᠡ ᠪᠡᠯᠡᠭ ᠥᠭᠭᠦᠨ᠎ᠡ᠃ ᠬᠡᠦᠬᠡᠨ ᠬᠡᠰᠦᠭᠦᠯᠬᠦ ᠳᠤ ᠪᠠᠰᠠ ᠬᠡᠳᠦᠨ ᠡᠷᠡᠭᠲᠡᠶᠢᠴᠦᠳ ᠶᠠᠪᠤᠯᠴᠠᠳᠠᠭ᠃ ᠲᠡᠳᠡᠨ ᠤ ᠨᠢᠭᠡ | ᠨᠢ ᠲᠦᠷᠦᠭᠦᠦ ᠪᠣᠯᠵᠤ ᠬᠡᠵᠢᠶ᠎ᠡ ᠬᠠᠮᠢᠭ᠎ᠠ ᠬᠦᠷᠴᠦ ᠬᠡᠦᠬᠡᠨ ᠨᠠᠭᠠᠳᠤᠭᠤᠯᠬᠤ ᠵᠠᠷ ᠲᠠᠯᠪᠢᠳᠠᠭ᠃ | ᠴᠤᠪᠠ ᠲᠠᠢ ᠬᠡᠦᠬᠡᠨ ᠠᠩᠬᠠᠨ ᠤ ᠠᠶᠢᠯ ᠠᠴᠠ ᠮᠣᠷᠳᠠᠭᠠᠳ ᠥᠪᠡᠷ ᠤᠨ ᠭᠡᠷ ᠲᠤ ᠪᠠᠨ ᠬᠠᠷᠢᠲᠠᠯᠠ ᠲᠦᠷᠦᠯ ᠰᠠᠳᠤᠨ ᠪᠤᠶᠤ ᠲᠠᠨᠢᠯ ᠳᠠᠰᠤᠯ ᠨᠠᠶᠢᠵᠠ | ᠨᠤᠭᠤᠳ ᠢᠶᠠᠷ ᠠᠶᠢᠯᠴᠢᠯᠠᠨ ᠶᠠᠪᠤᠬᠤ ᠶᠢ︽ᠬᠡᠦᠬᠡᠨ ᠬᠡᠰᠦᠭᠦᠯᠬᠦ︾ ᠭᠡᠳᠡᠭ᠃ ᠬᠡᠦᠬᠡᠨ ᠬᠡᠰᠦᠭᠦᠯᠦᠭᠴᠢ ᠨᠢ ᠣᠷᠣᠬᠤ ᠶᠣᠰᠣᠲᠠᠢ ᠠᠶᠢᠯ ᠪᠦᠬᠦᠨ ᠢᠶᠠᠷ ᠣᠷᠤᠭᠤᠯᠬᠤ ᠶᠢ | ᠬᠠᠷᠢᠭᠤᠴᠠᠨ᠎ᠠ᠃ ᠡᠭᠦᠨ ᠳᠤ ᠴᠡᠭᠡᠷᠯᠡᠬᠦ ᠵᠦᠢᠯ ᠪᠣᠯ ᠵᠠᠷ ᠦᠭᠡᠢ ᠠᠶᠢᠯ ᠳᠤ ᠣᠷᠣᠬᠤ ᠦᠭᠡᠢ᠃ ᠬᠦᠷᠭᠡᠨ ᠤ ᠣᠶᠢᠷ᠎ᠠ ᠲᠦᠷᠦᠯ ᠪᠤᠶᠤ ᠲᠡᠳᠡᠨ ᠤ ᠨᠢᠭᠡ ᠣᠪᠣᠭ ᠤᠨ | ᠠᠶᠢᠯ ᠳᠤ ᠣᠷᠣᠬᠤ ᠦᠭᠡᠢ᠃ ᠬᠡᠦᠬᠡᠨ ᠬᠡᠰᠦᠭᠦᠯᠬᠦ ᠳᠤ ᠬᠠᠨᠢ ᠪᠣᠯᠵᠤ ᠶᠠᠪᠤᠭ᠎ᠠ ᠬᠡᠦᠬᠡᠨᠴᠦᠳ ᠤᠨ ᠳᠣᠲᠣᠷ᠎ᠠ ᠬᠠᠳᠠᠮ ᠲᠠᠢ ᠬᠡᠦᠬᠡᠨ ᠪᠠᠶᠢᠪᠠᠯ ᠬᠠᠳᠠᠮ ᠤᠨ ᠳᠤ ᠨᠢ | ᠣᠷᠤᠭᠤᠯᠬᠤ ᠦᠭᠡᠢ᠃ ᠠᠳᠠᠯᠢ ᠬᠤᠭᠤᠴᠠᠭᠠᠨ ᠳᠤ ᠬᠤᠶᠠᠷ ᠬᠡᠦᠬᠡᠨ ᠢ ᠬᠡᠰᠦᠭᠦᠯᠵᠦ ᠶᠠᠪᠤᠪᠠᠯ ᠲᠡᠷᠡ ᠬᠤᠶᠠᠷ ᠬᠡᠰᠦᠭᠦᠯᠵᠦ ᠶᠠᠪᠤᠭ᠎ᠠ ᠬᠡᠦᠬᠡᠨ ᠢ ᠬᠤᠭᠤᠷᠣᠨᠳᠤ ᠨᠢ | ᠠᠭᠤᠯᠵᠠᠭᠤᠯᠬᠤ ᠦᠭᠡᠢ ᠪᠠᠶᠢᠬᠤ ᠬᠡᠷᠡᠭᠲᠡᠢ᠃ | ᠨᠠᠭᠠᠳᠤᠭᠤᠯᠤᠭᠰᠠᠨ ᠠᠶᠢᠯ ᠠᠴᠠ ᠮᠣᠷᠳᠠᠭᠠᠳ ᠴᠤᠪᠠ ᠲᠠᠢ ᠬᠡᠦᠬᠡᠨ ᠬᠡᠰᠦᠬᠦ ᠳᠤ ᠪᠠᠨ ᠬᠠᠷ᠎ᠠ ᠬᠤᠷᠠᠭᠠᠨ ᠮᠠᠯᠠᠭᠠᠢ ᠶᠢᠨ ᠢᠶᠠᠨ ᠰᠠᠷᠠᠪᠴᠢ ᠶᠢ ᠬᠡᠵᠢᠶᠡᠳᠡ | ᠳᠣᠷᠣᠭᠰᠢ ᠳᠠᠷᠤᠵᠤ ᠶᠠᠪᠤᠳᠠᠭ᠃ ᠠᠶᠢᠯ ᠳᠤ ᠣᠷᠣᠬᠤ ᠪᠤᠶᠤ ᠮᠣᠷᠳᠠᠬᠤ ᠪᠦᠷᠢ ᠴᠤᠪᠠ ᠲᠠᠢ ᠬᠡᠦᠬᠡᠨ ᠬᠤᠶᠠᠷ ᠭᠠᠷ ᠢᠶᠠᠷ ᠢᠶᠠᠨ ᠨᠢᠭᠤᠷ ᠢᠶᠠᠨ ᠪᠦᠲᠡᠭᠡᠵᠦ ᠤᠭᠢᠯᠠᠨ | ᠶᠠᠪᠤᠨ᠎ᠠ᠃ ᠣᠷᠤᠭᠤᠯᠬᠤ ᠠᠶᠢᠯ ᠤᠨ ᠪᠦᠰᠡᠭᠦᠶᠢᠴᠦᠳ ᠤᠭᠲᠤᠨ ᠣᠴᠢᠵᠤ ᠠᠷᠭᠠᠳᠠᠨ ᠲᠠᠶᠢᠳᠬᠤᠷᠠᠭᠤᠯᠤᠨ᠎ᠠ᠃ ᠭᠡᠷ ᠲᠤ ᠪᠠᠨ ᠣᠷᠣᠭᠤᠯᠤᠮᠠᠭᠴᠠ ᠴᠥᠮ ᠨᠢᠭᠡᠨ | ᠠᠳᠠᠯᠢ ᠴᠠᠢ ᠢᠳᠡᠭᠡ ᠲᠠᠯᠪᠢᠨ᠂ ᠰᠦ ᠪᠠᠷᠢᠵᠤ᠂ ᠨᠢᠭᠡᠨ ᠵᠢᠷᠤᠮ ᠢᠶᠠᠷ ᠵᠣᠴᠢᠯᠠᠨ ᠳᠠᠶᠢᠯᠠᠵᠤ ᠨᠠᠭᠠᠳᠤᠭᠤᠯᠤᠨ᠎ᠠ᠃ | ᠴᠤᠪᠠ ᠲᠠᠢ ᠬᠡᠦᠬᠡᠨ ᠬᠡᠰᠦᠵᠦ ᠪᠠᠷᠠᠭᠠᠳ ᠭᠡᠷ ᠲᠤ ᠪᠠᠨ ᠪᠤᠴᠠᠵᠤ ᠢᠷᠡᠬᠦ ᠳᠤ ᠪᠠᠨ ᠭᠡᠷ ᠣᠶᠢᠷᠠᠳᠬᠤ ᠲᠤᠲᠤᠮ ᠤᠯᠠᠮ ᠶᠡᠭᠡ ᠤᠬᠢᠯᠠᠨ᠎ᠠ᠂ ᠬᠠᠨᠢ ᠪᠣᠯᠵᠤ | ᠶᠠᠪᠤᠭ᠎ᠠ ᠬᠡᠦᠬᠡᠨᠴᠦᠳ ᠴᠦ ᠪᠠᠰᠠ ᠲᠡᠰᠴᠦ ᠴᠢᠳᠠᠬᠤ ᠦᠭᠡᠢ ᠤᠬᠢᠯᠠᠵᠠᠭᠠᠨᠠ᠃ ᠡᠨᠡ ᠦᠶ᠎ᠡ ᠳᠤ ᠴᠤᠪᠠ ᠲᠠᠢ ᠬᠡᠦᠬᠡᠨ ᠤ ᠮᠣᠷᠢᠨ ᠠᠴᠠ ᠤᠨᠠᠬᠤ ᠶᠢ ᠪᠣᠯᠭᠤᠮᠵᠢᠯᠠᠵᠤ | ᠥᠭᠡᠷ᠎ᠡ ᠬᠥᠮᠥᠨ ᠮᠣᠷᠢᠨ ᠳᠤᠨᠢ ᠰᠤᠨᠳᠠᠯᠠᠵᠤ ᠲᠦᠰᠢᠨ ᠶᠠᠪᠤᠨ᠎ᠠ᠃ | ᠬᠡᠦᠬᠡᠨ ᠭᠡᠷ ᠲᠤ ᠪᠠᠨ ᠬᠦᠷᠬᠦ ᠦᠶ᠎ᠡ ᠳᠤ ᠡᠭᠡᠴᠢ ᠪᠣᠯᠣᠨ ᠪᠡᠷᠭᠡᠨ ᠨᠢ ᠤᠭᠲᠤᠨ ᠢᠷᠡᠵᠦ ᠤᠬᠢᠯᠠᠬᠤ ᠨᠢ ᠤᠬᠢᠯᠠᠵᠤ᠂ ᠠᠷᠭᠠᠳᠠᠬᠤ ᠨᠢ ᠠᠷᠭᠠᠳᠠᠵᠤ | ᠪᠠᠶᠢᠳᠠᠭ᠃ ᠬᠡᠳᠦᠨ ᠠᠶᠢᠯ ᠬᠠᠮᠲᠤ ᠪᠠᠶᠢᠪᠠᠯ ᠬᠡᠦᠬᠡᠨ ᠤᠷᠢᠳ ᠢᠶᠠᠷ ᠬᠥᠷᠰᠢ ᠠᠶᠢᠯ ᠢᠶᠠᠷ ᠣᠷᠣᠵᠤ ᠬᠠᠮᠤᠭ ᠤᠨ ᠰᠡᠭᠦᠯ ᠳᠤ ᠭᠡᠷ ᠲᠤ ᠪᠠᠨ ᠣᠷᠣᠳᠠᠭ᠃ ᠭᠡᠷ ᠲᠤ ᠪᠠᠨ | ᠣᠷᠣᠬᠤ ᠦᠶ᠎ᠡ ᠳᠤ ᠡᠴᠢᠭᠡ ᠡᠬᠡ ᠨᠢ ᠦᠨᠦᠰᠬᠦ ᠳᠤ ᠬᠡᠦᠬᠡᠨ ᠤᠯᠠᠮ ᠶᠡᠭᠡ ᠤᠬᠢᠯᠠᠳᠠᠭ ᠪᠣᠯᠬᠤᠷ ᠠᠷᠭᠠᠳᠠᠨ ᠲᠠᠶᠢᠳᠬᠠᠷᠤᠭᠤᠯᠵᠤ᠂ ᠡᠩᠬᠦᠷᠡᠶᠢᠯᠡᠨ ᠬᠠᠶᠢᠷᠠᠯᠠᠵᠤ | ᠳᠣᠲᠣᠭᠰᠢ ᠣᠷᠣᠭᠤᠯᠳᠠᠭ᠃ | | | |