ᠠᠶᠠᠯᠠᠯ ᠵᠢᠭᠤᠯᠴᠢᠯᠡᠯ ᠤᠨ ᠦᠵᠡᠮᠵᠢᠲᠦ ᠣᠷᠣᠨ | ᠵᠢᠭᠤᠯᠴᠢᠯᠠᠯ ᠤᠨ ᠦᠢᠯᠡᠰ ᠪᠤᠯ ᠯᠤᠲᠤ ᠶᠡᠭᠡ ᠬᠦᠭᠵᠢᠯᠲᠡ ᠶᠢᠨ ᠨᠦᠭᠡᠴᠡ ᠬᠦᠴᠦᠨ ᠪᠦᠬᠦᠢ ᠪᠠᠶᠢᠯᠳᠤᠬᠤ ᠪᠤᠳᠤᠯᠭ᠎ᠠ ᠶᠢᠨ ᠴᠢᠨᠠᠷᠲᠠᠢ ᠰᠢᠨ᠎ᠡ ᠪᠠᠷ | ᠮᠠᠨᠳᠤᠵᠤ ᠪᠠᠶᠢᠭ᠎ᠠ ᠠᠵᠤ ᠦᠢᠯᠠᠰ ᠪᠦᠭᠡᠳ ᠠᠷᠠᠳ ᠢᠶᠠᠨ ᠪᠠᠶᠠᠵᠢᠭᠤᠯᠬᠤ ᠠᠵᠤ ᠦᠢᠯᠠᠰ ᠪᠤᠯᠤᠨ᠎ᠠ᠃ ᠮᠥᠨ ᠴᠦ ᠤᠯᠤᠰ ᠠᠷᠠᠳ ᠤᠨ ᠠᠵᠤ ᠠᠬᠤᠢ ᠶᠢᠨ | ᠲᠤᠯᠭᠠᠭᠤᠷᠢ ᠠᠵᠤ ᠦᠢᠯᠠᠰ ᠪᠠ ᠤᠳᠤ ᠦᠶ᠎ᠡ ᠶᠢᠨ ᠠᠷᠠᠳ ᠤᠯᠠᠨ ᠤ ᠦᠢᠯᠡᠴᠢᠯᠡᠭᠡᠨ ᠤ ᠠᠵᠤ ᠦᠢᠯᠠᠰ ᠪᠤᠯᠬᠤ ᠶᠤᠮ᠃ ᠵᠢᠭᠤᠯᠴᠢᠯᠠᠯ ᠤᠨ ᠦᠢᠯᠡᠰ ᠢ | ᠬᠦᠭᠵᠢᠭᠦᠯᠬᠦ ᠨᠢ ᠭᠤᠷᠪᠠᠳᠤᠭᠠᠷ ᠠᠵᠤ ᠦᠢᠯᠡᠰ ᠢ ᠬᠦᠭᠵᠢᠭᠦᠯᠬᠦ᠂ ᠠᠵᠤ ᠠᠬᠤᠢ ᠶᠢᠨ ᠪᠦᠲᠦᠴᠡ ᠳᠤ ᠲᠤᠬᠢᠷᠠᠭᠤᠯᠤᠯᠲᠠ ᠬᠢᠬᠦ᠂ ᠦᠨᠳᠦᠰᠦᠲᠡᠨ ᠤ ᠰᠤᠶᠤᠯ ᠢᠶᠠᠨ | ᠤᠯᠠᠮᠵᠢᠯᠠᠨ ᠬᠦᠭᠵᠢᠭᠦᠯᠬᠦ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠵᠢᠴᠢ ᠤᠷᠴᠢᠨ ᠠᠬᠤᠢ ᠪᠠᠨ ᠬᠠᠮᠠᠭᠠᠯᠠᠬᠤ ᠵᠡᠷᠭᠡ ᠲᠠᠯ᠎ᠠ ᠳᠤ ᠴᠦᠮ ᠴᠢᠬᠤᠯᠠ ᠶᠡᠭᠡ | ᠠᠴᠢ ᠬᠤᠯᠪᠤᠭᠳᠠᠯᠲᠠᠢ ᠶᠤᠮ᠃ | ᠲᠤᠰ ᠬᠡᠰᠡᠭ ᠲᠤ ᠰᠢᠨ᠎ᠡ ᠪᠠᠷᠭᠤ ᠵᠡᠭᠦᠨ ᠬᠤᠰᠢᠭᠤᠨ ᠤ 10 ᠭᠤᠤᠯᠳᠠᠯᠭ᠎ᠠ ᠲᠠᠢ ᠠᠶᠠᠯᠠᠯ ᠵᠢᠭᠤᠯᠴᠢᠯᠠᠯ ᠤᠨ ᠦᠵᠡᠮᠵᠢᠲᠦ ᠤᠷᠤᠨ ᠢ ᠲᠠᠨᠢᠯᠴᠠᠭᠤᠯᠤᠭᠰᠠᠨ | ᠪᠠᠶᠢᠨ᠎ᠠ᠃ | ᠨᠢᠭᠡ᠂ ᠭᠠᠨᠵᠦᠦᠷ ᠰᠦᠮ᠎ᠡ ᠶᠢᠨ ᠵᠢᠭᠤᠯᠴᠢᠯᠠᠯ ᠤᠨ ᠦᠵᠡᠮᠵᠢᠲᠦ ᠭᠠᠵᠠᠷ | ᠭᠠᠨᠵᠣᠣᠷ ᠰᠦᠮ᠎ᠡ ᠪᠣᠯ ᠬᠦᠯᠦᠨ ᠪᠣᠶᠢᠷ ᠤᠨ ᠲᠠᠯ᠎ᠠ ᠨᠣᠲᠤᠭ ᠲᠠᠬᠢ ᠬᠠᠮᠤᠭ ᠤᠨ ᠲᠣᠮᠣ ᠪᠣᠳ᠋ᠳ᠋ᠾᠠ ᠶᠢᠨ ᠱᠠᠰᠢᠨ ᠤ ᠰᠦᠮ᠎ᠡ ᠪᠣᠯᠬᠤ ᠪᠦᠭᠡᠳ ᠣᠯᠣᠰ ᠤᠨ | ︽AAA︾ ᠲᠡᠰ ᠤᠨ ᠲᠡᠣᠬᠡᠨ ᠦᠵᠡᠮᠵᠢᠲᠦ ᠭᠠᠵᠠᠷ ᠪᠣᠯᠣᠨ᠎ᠠ᠃ | ᠰᠢᠨ᠎ᠡ ᠪᠠᠷᠭᠤ ᠵᠡᠭᠦᠨ ᠬᠤᠰᠢᠭᠤᠨ ᠤ ᠲᠦᠪ ᠠᠮᠣᠭᠤᠯᠠᠩ ᠪᠠᠯᠭᠠᠰᠦ ᠠᠴᠠ ᠬᠤᠶᠢᠰᠢ 20 ᠺᠢᠯᠣᠮᠧᠲᠷ ᠲᠤ ᠪᠠᠶᠢᠭ᠎ᠠ ᠪᠣᠶᠠᠨᠲᠦ ᠪᠦᠷᠢᠲᠦ ᠶᠢᠨ ᠪᠠᠷᠠᠭᠤᠨ | ᠡᠮᠦᠨ᠎ᠡ ᠲᠡᠨᠵᠢᠨ ᠲᠡᠭᠡᠷ᠎ᠡ ᠰᠦᠨᠳᠡᠷᠯᠡᠵᠦ ᠪᠣᠢ᠃ ᠲᠣᠰ ᠰᠦᠮ᠎ᠡ ᠶᠢᠨ ᠵᠢᠩᠬᠢᠨᠢ ᠨᠡᠷ᠎ᠡ ᠨᠢ ︽ᠦᠯᠵᠡᠢ ᠡᠩᠭᠡᠵᠢᠭᠦᠯᠦᠭᠴᠢ ᠰᠦᠮ᠎ᠡ︾ ᠭᠡᠳᠡᠭ ᠪᠣᠯᠪᠠᠴᠦ 108 | ᠪᠣᠳᠢ ᠶᠢᠨ ᠭᠠᠨᠵᠣᠣᠷ ᠨᠣᠮ ᠢ ᠲᠣᠰᠬᠠᠶᠢᠯᠠᠨ ᠵᠠᠯᠠᠵᠦ ᠰᠢᠲᠦᠵᠦ ᠪᠠᠶᠢᠭ᠎ᠠ ᠲᠣᠯᠠ ︽ᠪᠠᠷᠭᠤ ᠶᠢᠨ ᠣᠯᠠᠭᠠᠨ ᠭᠠᠨᠵᠦᠦᠷ ᠰᠦᠮ᠎ᠡ︾ ᠭᠡᠵᠦ ᠬᠤᠯᠠ ᠣᠶᠢᠷ᠎ᠠ ᠳᠤ | ᠠᠯᠳᠠᠷᠰᠢᠵᠠᠢ᠃ ᠠᠩᠬ᠎ᠠ 1781 ᠣᠨ ᠠᠴᠠ ᠡᠬᠢᠯᠡᠵᠦ ᠪᠠᠯᠡᠳᠭᠡᠭᠡᠳ 1785 ᠣᠨ ᠳᠤ ᠪᠠᠷᠢᠯᠭ᠎ᠠ ᠲᠠᠭᠤᠰᠴᠦ᠂ ᠴᠢᠩ ᠣᠯᠣᠰ ᠤᠨ ᠲᠡᠭᠷᠢ ᠲᠡᠳᠬᠦᠭᠴᠢ ᠬᠠᠭᠠᠨ | ᠠᠴᠠ ︽ᠦᠯᠵᠡᠢ ᠡᠩᠭᠡᠵᠢᠭᠦᠯᠦᠭᠴᠢ ᠰᠦᠮ᠎ᠡ︾ ᠭᠡᠰᠡᠨ ᠴᠣᠯᠠ ᠬᠠᠶᠢᠷᠠᠯᠠᠭᠰᠠᠨ ᠪᠦᠭᠡᠳ ᠭᠠᠨᠵᠦᠦᠷ ᠰᠦᠮ᠎ᠡ ᠪᠦᠬᠦᠢ ᠳᠡᠭᠡᠨ 11 ᠰᠠᠭᠤᠷᠢ ᠰᠦᠮ᠎ᠡ᠂ 4 | ᠵᠢᠰᠠ ᠪᠣᠯᠣᠨ 100 ᠭᠠᠷᠣᠢ ᠲᠠᠰᠣᠯᠭ᠎ᠠ ᠯᠠᠮᠠ ᠨᠠᠷ ᠤᠨ ᠣᠷᠣᠨ ᠰᠠᠭᠤᠴᠠ ᠪᠦᠬᠦᠢ ᠪᠠᠷᠢᠯᠭ᠎ᠠ ᠶᠢᠨ ᠲᠠᠯᠠᠪᠠᠢ 1 ᠲᠦᠮᠡ ᠭᠠᠷᠣᠢ ᠬᠠᠪᠲᠠᠭᠠᠢ ᠲᠦᠷᠪᠡᠯᠵᠢᠨ ᠮᠧᠲᠷ | ᠪᠠᠶᠢᠵᠦ᠂ ᠮᠣᠩᠭᠤᠯ᠂ ᠲᠦᠪᠡᠳ᠂ ᠬᠢᠲᠠᠳ ᠮᠠᠶ᠋ᠢᠭ ᠤᠨ ᠭᠤᠷᠪᠠᠨ ᠲᠦᠷᠦᠯ ᠤᠨ ᠬᠡᠪ ᠨᠠᠮᠪᠠ᠂ ᠰᠣᠶᠣᠯ ᠣᠷᠠᠯᠠᠯ ᠢ ᠣᠶᠠᠯᠳᠣᠭᠤᠯᠣᠭᠰᠠᠨ ᠭᠠᠶᠢᠬᠠᠮᠰᠢᠬᠲᠦ ᠪᠠᠷᠢᠯᠭ᠎ᠠ | ᠪᠣᠯᠣᠨ᠎ᠠ᠃ | 1966 ᠣᠨ ᠳᠤ ︽ᠰᠣᠶᠣᠯ ᠤᠨ ᠶᠡᠭᠡ ᠬᠤᠪᠢᠰᠬᠠᠯ︾ ᠤᠨ ᠲᠣᠮᠳᠠ ᠬᠤᠪᠬᠤ ᠡᠪᠳᠡᠭᠳᠡᠵᠦ᠂ 2001 — 2003 ᠣᠨ ᠳᠤ ᠲᠠᠬᠢᠨ ᠰᠢᠨ᠎ᠡ ᠪᠠᠷ | ᠰᠡᠷᠭᠦᠭᠡᠨ ᠪᠠᠶᠢᠭᠤᠯᠵᠦ᠂ ᠣᠳᠣ ᠰᠢᠨ᠎ᠡ ᠪᠠᠷᠭᠤ ᠵᠡᠭᠦᠨ ᠬᠤᠰᠢᠭᠤᠨ ᠤ ᠵᠢᠭᠤᠯᠴᠢᠯᠡᠯ ᠤᠨ ᠦᠵᠡᠮᠵᠢᠲᠦ ᠣᠷᠣᠨ ᠤ ᠭᠤᠣᠯᠳᠠᠯᠭ᠎ᠠ ᠲᠠᠢ ᠭᠠᠵᠠᠷ ᠪᠣᠯᠵᠦ ᠪᠠᠶᠢᠨ᠎ᠠ᠃ | ᠣᠳᠣ ᠣᠣᠯ ᠤᠨ ᠶᠠᠫᠣᠨ ᠴᠡᠷᠢᠭ ᠤᠨ ᠼᠧᠮᠧᠨ᠋ᠲ ᠪᠠᠬᠢᠯᠡᠯᠲᠡ᠂ ᠲᠠᠬᠢᠯᠭ᠎ᠠ ᠶᠢᠨ ᠣᠪᠣᠭ᠎ᠠ ᠪᠣᠯᠣᠨ ᠰᠦᠮ᠎ᠡ ᠲᠣᠭᠠᠩ᠂ ᠦᠯᠵᠡᠶᠢᠲᠦ ᠰᠣᠪᠣᠷᠭ᠎ᠠ ᠪᠠᠷ | ᠪᠦᠷᠢᠯᠳᠦᠭᠰᠡᠨ ᠱᠠᠰᠢᠨ ᠰᠢᠲᠦᠯᠭᠡ᠂ ᠰᠣᠶᠣᠯ ᠲᠡᠣᠬᠡ᠂ ᠬᠠᠭᠤᠴᠢ ᠪᠣᠳᠠᠰ᠂ ᠦᠨᠳᠦᠰᠦᠲᠡᠨ ᠤ ᠵᠠᠩ ᠦᠢᠯᠡ᠂ ᠲᠠᠯ᠎ᠠ ᠨᠣᠲᠤᠭ ᠤᠨ ᠠᠮᠢ ᠠᠬᠤᠢ ᠶᠢᠨ | ᠬᠠᠮᠠᠭᠠᠯᠠᠯᠲᠠ ᠶᠢ ᠪᠠᠭᠳᠠᠭᠠᠭᠰᠠᠨ ︽ᠭᠠᠨᠵᠣᠣᠷ — ᠪᠠᠷᠭᠤ ᠮᠣᠩᠭᠤᠯ ᠤᠨ ᠶᠡᠭᠡ ᠴᠠᠶᠢᠵᠠ︾ ᠵᠢᠭᠤᠯᠴᠢᠯᠠᠯ ᠤᠨ ᠲᠣᠭᠤᠷᠢᠭ ᠪᠤᠯᠤᠨ ᠬᠦᠭᠵᠢᠵᠦ ᠪᠠᠶᠢᠨ᠎ᠠ᠃ | ᠭᠠᠨᠵᠣᠣᠷ ᠰᠦᠮ᠎ᠡ ᠳᠤ ᠠᠮᠣᠭᠤᠯᠠᠩ ᠠᠴᠠ ᠭᠠᠨᠵᠣᠣᠷ ᠬᠦᠷᠬᠦ ᠬᠤᠶᠠᠳᠣᠭᠠᠷ ᠲᠡᠰ ᠤᠨ ᠲᠣᠰᠬᠠᠢ ᠱᠣᠭᠤᠮ ᠤᠨ ᠵᠠᠰᠠᠮᠠᠯ ᠵᠠᠮ ᠨᠡᠪᠲᠡᠷᠡᠵᠦ᠂ ᠬᠠᠶᠢᠯᠠᠷ | ᠲᠣᠭᠤᠷᠢᠭ ᠠᠴᠠ 180 ᠺᠢᠯᠣᠮᠧᠲᠷ᠂ ᠮᠠᠨᠵᠣᠣᠷ ᠬᠤᠳᠠ ᠠᠴᠠ 200 ᠺᠢᠯᠣᠮᠧᠲᠷ᠂ ᠰᠢᠨ᠎ᠡ ᠪᠠᠷᠭᠤ ᠪᠠᠷᠠᠭᠤᠨ ᠬᠤᠰᠢᠭᠤᠨ ᠤ ᠠᠯᠳ᠋ᠬᠠᠮᠡᠭᠡᠯ ᠪᠠᠯᠭᠠᠰᠤᠨ ᠠᠴᠠ | 100 ᠺᠢᠯᠦᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 220 ᠺᠢᠯᠣᠮᠧᠲᠷ ᠵᠠᠶᠢᠲᠠᠢ᠂ ᠣᠮᠠᠷᠠᠲᠦ ᠦᠷᠭᠡᠷᠢᠭ ᠤᠨ 48。22、ᠪᠠ ᠵᠠᠭᠦᠨ | ᠣᠷᠳᠣᠷᠢᠭ ᠤᠨ 118。08、 ᠲᠤ ᠣᠷᠣᠰᠢᠵᠦ ᠪᠣᠢ᠃ | ᠬᠤᠶᠠᠷ᠂ ᠨᠣᠮᠣᠨ ᠬᠠᠨ ᠵᠢᠭᠤᠯᠴᠢᠯᠠᠯ ᠤᠨ ᠦᠵᠡᠮᠵᠢᠲᠦ ᠭᠠᠵᠠᠷ ᠬᠤᠰᠢᠭᠤᠨ ᠲᠦᠪ ᠠᠮᠣᠭᠤᠯᠠᠩ ᠪᠠᠯᠭᠠᠰᠦ ᠠᠴᠠ ᠡᠮᠦᠨᠡᠰᠢ 55 ᠺᠢᠯᠣᠮᠧᠲᠷ ᠵᠠᠶᠢᠲᠠᠢ᠂ | ᠣᠮᠠᠷᠠᠲᠦ ᠦᠷᠭᠡᠷᠢᠭ ᠤᠨ 47。48、ᠪᠠ ᠵᠡᠭᠦᠨ ᠣᠷᠳᠣᠷᠢᠭ ᠤᠨ 118。50、 ᠲᠤ ᠣᠷᠣᠰᠢᠵᠦ᠂ ᠨᠣᠮᠣᠨ ᠬᠠᠨ ᠪᠦᠷᠢᠲᠦ ᠰᠣᠮᠣᠨ ᠤ ᠨᠣᠲᠤᠭ ᠲᠤ ᠪᠣᠢ | ᠃ | ᠲᠣᠰ ᠵᠢᠭᠤᠯᠴᠢᠯᠠᠯ ᠤᠨ ᠦᠵᠡᠮᠵᠢᠲᠦ ᠭᠠᠵᠠᠷ ᠨᠢ 1939 ᠣᠨ ᠳᠤ ᠪᠣᠯᠵᠦ ᠦᠩᠭᠡᠷᠡᠭᠰᠡᠨ ︽ᠨᠣᠮᠣᠨ ᠬᠠᠨ ᠤ ᠲᠠᠶᠢᠨ︾ ᠤ ᠪᠣᠳᠠᠳᠣ ᠲᠠᠯᠠᠪᠣᠷ᠂ ︽ | ᠨᠣᠮᠣᠨ ᠬᠠᠨ ᠲᠠᠶᠢᠨ ᠤ ᠮᠦᠽᠸᠢ︾ ᠬᠢᠭᠡᠳ ︽ᠡᠩᠭᠡ ᠲᠠᠶᠢᠪᠣᠩ︾ ᠲᠠᠯᠠᠪᠠᠢ ᠪᠠᠷ ᠪᠦᠷᠢᠯᠳᠦᠵᠡᠢ᠃ ᠨᠣᠮᠣᠨ ᠬᠠᠨ ᠤ ᠲᠠᠶᠢᠨ ᠤ ᠮᠦᠽᠸᠢ ᠶᠢ 2007 | ᠣᠨ ᠳᠤ ᠪᠠᠶᠢᠭᠤᠯᠵᠦ᠂ ᠪᠠᠷᠢᠯᠭ᠎ᠠ ᠶᠢᠨ ᠪᠦᠬᠦ ᠲᠠᠯᠠᠪᠠᠢ 2,264 ᠬᠠᠪᠲᠠᠭᠠᠢ ᠲᠦᠷᠪᠠᠯᠵᠢᠨ ᠮᠧᠲᠷ᠂ ᠪᠦᠬᠦᠳᠡ 4 ᠲᠠᠪᠬᠤᠷ ᠪᠠᠷᠢᠯᠭ᠎ᠠ ᠪᠣᠯᠣᠨ᠎ᠠ᠃ | 1᠂ 2᠂ 3 ᠳ᠋ᠣᠭᠠᠷ ᠳᠠᠪᠬᠤᠷ ᠨᠢ ︽ᠨᠣᠮᠣᠨ ᠬᠠᠨ ᠤ ᠲᠠᠶᠢᠨ︾ ᠤ ᠲᠠᠯᠠᠪᠣᠷ ᠠᠴᠠ ᠣᠯᠳᠠᠭᠰᠠᠨ ᠲᠠᠶᠢᠨ ᠤ ᠦᠯᠡᠳᠡᠭᠳᠡᠯ ᠪᠣᠳᠠᠰ᠂ ᠲᠠᠶᠢᠨ ᠤ ᠲᠠᠯᠠᠪᠣᠷ | ᠤᠨ ᠵᠠᠭᠪᠣᠷ᠂ ᠺᠢᠨᠤ᠋ ᠵᠢᠷᠣᠭᠲᠦ ᠲᠠᠩᠬᠢᠮ ᠵᠡᠷᠭᠡ ᠪᠠᠷ ᠪᠦᠷᠢᠯᠳᠦᠵᠦ᠂ ᠲᠦᠷᠪᠡᠳᠦᠭᠡᠷ ᠲᠠᠪᠬᠤᠷ ᠨᠢ ᠪᠦᠬᠦ ᠲᠠᠶᠢᠨ ᠤ ᠲᠠᠯᠠᠪᠣᠷ ᠤᠨ ᠦᠵᠡᠮᠵᠢ ᠶᠢ ᠰᠣᠨᠢᠷᠬᠠᠬᠤ | ᠲᠠᠪᠴᠠᠩ ᠪᠣᠯᠣᠨ᠎ᠠ᠃ | ᠨᠣᠮᠣᠨ ᠬᠠᠨ ᠤ ᠲᠠᠶᠢᠨ ᠤ ᠮᠦᠽᠸᠢ ᠳᠤ᠂ 300 ᠭᠠᠷᠣᠢ ᠲᠠᠶᠢᠨ ᠤ ᠦᠯᠡᠳᠡᠭᠳᠡᠯ ᠪᠣᠳᠠᠰ᠂ ᠶᠡᠭᠡ ᠬᠡᠮᠵᠢᠶᠡᠨ ᠤ ᠪᠠᠷᠢᠮᠳᠠᠲᠤ ᠬᠡᠷᠡᠯ ᠵᠢᠷᠤᠭ ᠵᠢᠴᠢ ᠲᠠᠶᠢᠨ ᠤ | ᠪᠠᠶᠢᠳᠠᠯ ᠢ ᠢᠯᠡᠳᠭᠡᠭᠰᠡᠨ ᠵᠢᠷᠤᠭ ᠤᠳ ᠪᠠᠶᠢᠵᠦ᠂ ᠲᠣᠬᠠᠢ ᠶᠢᠨ ᠦᠶ᠎ᠡ ᠶᠢᠨ ᠵᠦᠪᠯᠡᠯᠲᠦ᠂ ᠮᠣᠩᠭᠤᠯ ᠤᠨ ᠴᠡᠷᠢᠭ᠂ ᠵᠦᠺᠤᠸ᠋ ᠵᠠᠩᠵᠣᠨ ᠪᠣᠯᠣᠨ ᠴᠣᠶᠢᠪᠠᠯᠰᠠᠩ | ᠮᠠᠷᠱᠠᠯ ᠤᠨ ᠵᠢᠯᠣᠭᠤᠳᠣᠯᠭ᠎ᠠ ᠲᠣᠣᠷ᠎ᠠ ᠶᠠᠫᠣᠨ ᠤ ᠭᠤᠸᠠᠨᠳᠦ᠋ᠩᠵᠢᠶᠦ᠋ᠨ ᠴᠡᠷᠢᠭ ᠢ ᠢᠯᠠᠭᠰᠠᠨ ᠪᠦᠬᠦ ᠦᠩᠭᠡᠷᠡᠯᠲᠡ ᠶᠢ ᠢᠯᠡᠳᠭᠡᠭᠰᠡᠨ ᠪᠠᠶᠢᠨ᠎ᠠ᠃ | ᠲᠣᠰ ᠵᠢᠭᠤᠯᠴᠢᠯᠠᠯ ᠤᠨ ᠦᠵᠡᠮᠵᠢᠲᠦ ᠣᠷᠣᠨ ᠳᠤ᠂ ᠲᠣᠬᠠᠢ ᠶᠢᠨ ᠦᠶ᠎ᠡ ᠶᠢᠨ ᠲᠠᠶᠢᠨ ᠤ ᠲᠠᠯᠠᠪᠣᠷ ᠪᠣᠯᠬᠤ᠂ ᠶᠠᠫᠣᠨ ᠴᠡᠷᠢᠭ ᠤᠨ 23 ᠳ᠋ᠣᠭᠠᠷ ᠳ᠋ᠢᠸᠢᠽᠢ | ᠪᠣᠯᠣᠨ 6 ᠳ᠋ᠣᠭᠠᠷ ᠬᠤᠷᠢᠶᠠᠨ ᠤ ᠺᠤᠮᠠᠨᠳ᠋ᠯᠠᠬᠤ ᠭᠠᠵᠠᠷ ᠪᠠᠶᠢᠭᠰᠠᠨ ᠵᠠᠩᠵᠣᠨ ᠰᠦᠮ᠎ᠡ ᠶᠢᠨ ᠪᠠᠭᠤᠷᠢ᠂ ᠶᠠᠫᠣᠨ ᠴᠡᠷᠢᠭ ᠤᠨ ᠲᠠᠶᠢᠨ ᠳᠤ ᠦᠷᠡᠭᠳᠡᠭᠰᠡᠳ ᠤᠨ ᠬᠦᠰᠢᠶ᠎ᠡ | ᠰᠣᠪᠣᠷᠭ᠎ᠠ ᠶᠢᠨ ᠪᠠᠭᠤᠷᠢ᠂ ᠶᠡᠭᠡ ᠫᠣᠣ ᠶᠢᠨ ᠪᠠᠶᠢᠷᠢ ᠶᠢᠨ ᠭᠤᠣ ᠰᠣᠪᠠᠭ ᠤᠨ ᠪᠠᠭᠤᠷᠢ᠂ ᠶᠠᠫᠣᠨ ᠴᠡᠷᠢᠭ ᠤᠨ ᠪᠠᠺᠲ᠋ᠧᠷᠢ ᠶᠢᠨ 731 ᠣᠲᠷᠢᠶᠠᠲ ᠤᠨ ᠦᠯᠡᠳᠡᠭᠳᠡᠯ | ᠪᠠᠭᠤᠷᠢ᠂ ᠶᠠᠫᠣᠨ ᠴᠡᠷᠢᠭ ᠤᠨ ᠴᠢᠨᠳᠠᠷ ᠢ ᠰᠢᠳᠠᠭᠠᠭᠰᠠᠨ ᠪᠠᠭᠤᠷᠢ᠂ ᠶᠠᠫᠣᠨ ᠴᠡᠷᠢᠭ ᠤᠨ ᠬᠡᠬᠡᠷᠡᠯᠡᠨ ᠪᠠᠶᠢᠯᠳᠣᠬᠤ ᠴᠡᠷᠢᠭ ᠤᠨ ᠡᠮᠨᠡᠯᠬᠡ ᠪᠠᠶᠢᠭᠰᠠᠨ ᠪᠠᠭᠤᠷᠢ ᠵᠢᠴᠢ | ᠬᠤᠯᠣᠰᠣᠲᠠᠢ ᠭᠤᠣᠯ ᠤᠨ ᠲᠠᠶᠢᠨ ᠤ ᠦᠯᠡᠳᠡᠭᠳᠡᠯ ᠪᠠᠭᠤᠷᠢ ᠵᠡᠷᠭᠡ ᠭᠠᠵᠠᠷ ᠤᠳ ᠪᠣᠢ᠃ | 1996 ᠣᠨ ᠳᠤ᠂ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠨᠣᠮᠣᠨ ᠬᠠᠨ ᠭᠠᠵᠠᠷ ᠣᠷᠣᠨ ᠢ ︽ | ᠡᠬᠡ ᠣᠯᠣᠰ ᠢᠶᠠᠨ ᠬᠠᠶᠢᠷᠠᠯᠠᠬᠤ ᠬᠦᠮᠦᠵᠢᠯ ᠤᠨ ᠰᠠᠭᠤᠷᠢᠨ ᠭᠠᠵᠠᠷ︾ ᠵᠢᠴᠢ ︽ᠲᠡᠣᠬᠡᠨ ᠬᠠᠭᠤᠴᠢ ᠪᠣᠳᠠᠰ ᠤᠨ ᠬᠠᠮᠠᠭᠠᠯᠠᠯᠲᠠ ᠶᠢᠨ ᠣᠷᠣᠨ︾ ᠤ ᠭᠤᠣᠯᠳᠠᠯᠭ᠎ᠠ | ᠲᠠᠢ ᠭᠠᠵᠠᠷ ᠣᠷᠣᠨ ᠭᠡᠵᠦ ᠲᠣᠭᠳᠠᠭᠠᠭᠰᠠᠨ ᠪᠠᠶᠢᠨ᠎ᠠ᠃ ᠨᠣᠮᠣᠨ ᠬᠠᠨ ᠵᠢᠭᠤᠯᠴᠢᠯᠠᠯ ᠤᠨ ᠦᠵᠡᠮᠵᠢᠲᠦ ᠣᠷᠣᠨ ᠨᠢ ᠬᠠᠶᠢᠯᠠᠷ ᠲᠣᠭᠤᠷᠢᠭ ᠠᠴᠠ 225 | ᠺᠢᠯᠣᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 150 ᠺᠢᠯᠣᠮᠧᠲᠷ᠂ ᠠᠮᠣᠭᠤᠯᠠᠩ — ᠲᠣᠯᠤᠷ ᠤᠨ ᠵᠠᠰᠠᠮᠠᠯ ᠵᠠᠮ ᠨᠡᠪᠲᠡᠷᠡᠵᠦ ᠪᠣᠢ᠃ | ᠭᠤᠷᠪᠠ᠂ ᠲᠣᠯᠣᠭᠠᠲᠦ ᠶᠢᠨ ᠠᠶᠠᠯᠠᠯ ᠵᠢᠭᠤᠯᠴᠢᠯᠠᠯ ᠤᠨ ᠦᠵᠡᠮᠵᠢᠲᠦ ᠣᠷᠣᠨ | ︽ᠲᠣᠯᠣᠭᠠᠲᠦ︾ ᠭᠡᠳᠡᠭ ᠨᠢ ᠰᠢᠨ᠎ᠡ ᠪᠠᠷᠭᠤ ᠵᠡᠭᠦᠨ ᠬᠤᠰᠢᠭᠤᠨ ᠤ ᠣᠣᠯ ᠤᠨ ᠵᠣᠰᠠᠯᠠᠩ ᠨᠣᠲᠤᠭ ᠪᠣᠯᠣᠨ᠎ᠠ᠃ ᠡᠨᠡ ᠨᠢ ᠦᠪᠦᠷᠪᠣᠯᠠᠭ ᠰᠣᠮᠣ ᠬᠢᠭᠡᠳ | ᠨᠣᠮᠣᠨ ᠬᠠᠨ ᠪᠦᠷᠢᠲᠦ ᠰᠣᠮᠣᠨ ᠤ ᠨᠣᠲᠤᠭ ᠤᠨ ᠲᠣᠮᠳᠠ ᠬᠡᠰᠡᠭ ᠲᠠᠬᠢ ︽ᠪᠠᠷᠰᠲᠦ᠂ ᠰᠢᠭᠤᠶᠢᠲᠦ᠂ ᠦᠯᠦᠩᠲᠦ᠂ ᠬᠠᠰᠢᠶᠠᠲᠦ᠂ ᠵᠠᠮᠳᠦ᠂ ᠬᠤᠰᠣᠲᠦ᠂ | ᠲᠣᠭᠤᠭᠠᠲᠦ︾ ᠬᠡᠭᠦ 7 ᠣᠨᠴᠠᠯᠢᠭ ᠪᠦᠬᠦᠢ ᠭᠠᠵᠠᠷ ᠤᠨ ᠬᠤᠷᠢᠶᠠᠩᠭᠤᠶᠢᠯᠠᠯ ᠨᠡᠷᠡᠶᠢᠳᠦᠯ ᠪᠣᠯᠣᠨ᠎ᠠ᠃ ᠲᠡᠭᠡᠷ᠎ᠡ ᠵᠠᠭᠤᠨ ᠤ ᠡᠴᠦᠰ᠂ ᠡᠨᠡ ᠵᠠᠭᠤᠨ ᠤ ᠡᠬᠢᠨ ᠢᠶᠠᠷ | ᠬᠤᠰᠢᠭᠤ ᠵᠠᠰᠠᠭ ᠤᠨ ᠣᠷᠳᠣᠨ ᠠᠴᠠ ︽ᠲᠣᠯᠣᠭᠠᠲᠦ ᠨᠣᠲᠤᠭ︾ ᠢ ᠵᠠᠷᠭᠡᠯᠡᠳᠡᠭᠡ ᠠᠶᠢᠮᠠᠭ᠂ ᠬᠤᠲᠠ ᠲᠠᠢ ᠬᠤᠷᠰᠢᠨ ᠨᠡᠬᠡᠬᠡᠨ ᠠᠰᠢᠭᠯᠠᠵᠦ᠂ ᠵᠢᠭᠤᠯᠴᠢᠯᠠᠯ ᠤᠨ | ᠦᠢᠯᠡᠰ ᠢ ᠬᠦᠭᠵᠢᠭᠦᠯᠦᠭᠰᠡᠨ ᠢᠶᠠᠷ ᠪᠠᠷᠭᠤ ᠶᠠᠰᠣᠲᠠᠨ ᠤ ᠦᠪᠡᠷᠮᠢᠴᠡ ᠵᠠᠩ ᠦᠢᠯᠡ᠂ ᠠᠵᠦ ᠠᠮᠢᠳᠣᠷᠠᠯ ᠢ ᠢᠯᠡᠳᠭᠡᠭᠰᠡᠨ ᠮᠠᠯᠴᠢᠳ ᠤᠨ ᠵᠢᠭᠤᠯᠴᠢᠯᠠᠯ ᠵᠣᠭᠠᠴᠠᠯ | ᠤᠨ ᠡᠷᠦᠭᠡ ᠨᠦᠭᠦᠳ ᠪᠣᠢ ᠪᠣᠯᠣᠭᠰᠠᠨ ᠪᠠᠶᠢᠨ᠎ᠠ᠃ | ︽ᠲᠣᠯᠣᠭᠠᠳᠦ︾ ᠶᠢᠨ ᠪᠠᠶᠢᠭᠠᠯᠢᠯᠢᠭ ᠰᠠᠶᠢᠬᠠᠨ ᠦᠵᠡᠮᠵᠢ᠂ ᠲᠠᠯ᠎ᠠ ᠶᠢᠨ ᠴᠠᠭᠠᠨ ᠮᠦᠬᠦ ᠰᠢᠭ ᠴᠠᠶᠢᠷᠠᠭᠰᠠᠨ ᠲᠠᠨᠠᠨ ᠴᠠᠭᠠᠨ ᠮᠣᠩᠭᠤᠯ ᠭᠡᠷ᠂ ᠲᠠᠯ᠎ᠠ | ᠲᠦᠭᠦᠷᠡᠩ ᠪᠡᠯᠴᠢᠭᠰᠡᠨ ᠲᠠᠩᠰᠤᠭ ᠪᠠᠶᠠᠨ ᠰᠦᠷᠦᠭ᠂ ᠬᠦᠳᠡᠯᠮᠦᠷᠢᠴᠢ ᠮᠠᠯᠴᠢᠳ ᠤᠨ ᠬᠦᠭᠵᠢᠯᠲᠦ ᠠᠮᠢᠳᠣᠷᠠᠯ ᠤᠨ ᠬᠦᠭ ᠨᠠᠮᠪᠠ᠂ ᠡᠩᠭᠡ ᠨᠠᠶᠢᠷᠠᠮᠳᠠᠭᠤ ᠵᠠᠩ ᠠᠬᠤᠢ | ᠨᠢ ᠬᠤᠯᠠ ᠣᠶᠢᠷ᠎ᠠ ᠶᠢᠨ ᠵᠢᠭᠤᠯᠴᠢᠯᠠᠭᠰᠠᠳ ᠤᠨ ᠰᠣᠨᠢᠷᠬᠠᠯ ᠢ ᠶᠡᠬᠡᠳᠡ ᠲᠠᠳᠠᠵᠦ ᠪᠣᠢ᠃ | ︽ᠲᠣᠯᠣᠭᠠᠳᠦ︾ ᠭᠡᠳᠡᠭ ᠡᠬᠡ ᠪᠠᠶᠢᠭᠠᠯᠢ ᠶᠢᠨ ᠭᠠᠵᠠᠷ ᠣᠰᠣᠨ ᠠᠴᠠ ᠢᠷᠡᠯᠲᠡᠲᠡᠢ ᠨᠡᠷ᠎ᠡ ᠪᠠᠶᠢᠳᠠᠯ᠎ᠠ ᠣᠳᠣ ᠬᠠᠷᠢᠨ ︽ᠲᠣᠯᠣᠭᠠᠨ ᠲᠠᠬᠢᠨᠢ ᠶᠢᠨ ᠨᠠᠭᠤᠷ︾ | ᠭᠡᠮᠡᠨ᠂ ᠪᠠᠰᠠ ᠶᠠᠭᠤᠨ ᠤ ︽ᠲᠣᠯᠣᠭᠠᠨ ᠲᠠᠬᠢᠨᠢ ᠶᠢᠨ ᠲᠣᠮᠤᠭ︾ ᠵᠣᠬᠢᠶᠠᠭᠳᠠᠭᠰᠠᠨ ᠨᠢ ᠦᠨᠡᠭᠡᠷ ᠠᠩᠬᠠᠷᠣᠭᠤᠰᠢᠲᠠᠢ︕ ︽ᠲᠣᠯᠣᠭᠠᠳᠦ ᠨᠣᠲᠤᠭ︾ ᠨᠢ | ᠠᠮᠣᠭᠤᠯᠠᠩ ᠠᠴᠠ ᠲᠣᠯᠤᠷ ᠬᠦᠷᠬᠦ ᠵᠠᠰᠠᠮᠠᠯ ᠵᠠᠮ ᠤᠨ ᠲᠣᠮᠳᠠ ᠬᠡᠰᠡᠭ ᠲᠤ ᠣᠮᠠᠷᠠᠲᠦ ᠦᠷᠭᠡᠷᠢᠭ ᠤᠨ 47。42、ᠪᠠ ᠵᠡᠭᠦᠨ ᠣᠷᠳᠣᠷᠢᠭ ᠤᠨ 119。27、 | ᠲᠤ ᠣᠷᠣᠰᠢᠵᠦ ᠪᠣᠢ᠃ | ᠳᠦᠷᠪᠡ᠂ ᠡᠪᠦᠳᠦᠭ ᠬᠢᠯᠢ ᠶᠢᠨ ᠪᠣᠭᠤᠮᠳᠠ ᠶᠢᠨ ᠦᠵᠡᠮᠵᠢᠲᠦ ᠣᠷᠣᠨ ᠡᠪᠦᠳᠦᠭ ᠬᠢᠯᠢ ᠶᠢᠨ ᠪᠣᠭᠤᠮᠳᠠ ᠨᠢ ᠬᠤᠰᠢᠭᠤᠨ ᠲᠦᠪ ᠠᠮᠣᠭᠤᠯᠠᠩ ᠠᠴᠠ | ᠪᠠᠷᠠᠭᠤᠨ ᠡᠮᠦᠨᠡᠰᠢ 20 ᠺᠢᠯᠣᠮᠧᠲᠷ ᠵᠠᠶᠢᠲᠠᠢ ᠬᠠᠯᠬ᠎ᠠ ᠭᠤᠣᠯ ᠤᠨ ᠬᠤᠶᠢᠲᠦ ᠬᠦᠪᠡᠭᠡᠨ ᠳᠤ᠂ ᠣᠯᠣᠰ ᠤᠨ ᠬᠢᠯᠢ ᠶᠢᠨ 1424 ᠳ᠋ᠣᠭᠡᠷ ᠰᠢᠨ᠎ᠡ ᠪᠠᠭᠠᠨ᠎ᠠ ᠶᠢᠨ | ᠣᠷᠴᠢᠮ ᠳᠤ ᠬᠠᠯᠬ᠎ᠠ ᠭᠤᠣᠯ ᠢᠶᠠᠷ ᠮᠣᠩᠭᠤᠯ ᠣᠯᠣᠰ ᠤᠨ ᠪᠠᠶᠠᠨ ᠬᠤᠰᠢᠭᠤ ᠬᠠᠷᠠᠭᠤᠯ ︵ᠪᠣᠭᠤᠮᠳᠠ︶ ᠲᠠᠢ ᠨᠢᠭᠤᠷᠲᠠᠨ ᠪᠠᠶᠢᠷᠢᠰᠢᠵᠦ ᠪᠣᠢ᠃ | 1995 ᠣᠨ ᠳᠤ ᠲᠣᠮᠳᠠᠳᠣ ᠣᠯᠣᠰ ᠤᠨ ᠭᠠᠳᠠᠭᠠᠳᠦ ᠶᠠᠪᠣᠳᠠᠯ ᠤᠨ ᠶᠠᠮᠣᠨ ᠠᠴᠠ ᠨᠢᠭᠡᠳᠦᠭᠡᠷ ᠲᠦᠷᠦᠯ ᠤᠨ ᠣᠯᠠᠷᠢᠯ ᠤᠨ ᠴᠢᠨᠠᠷᠲᠠᠢ ᠬᠢᠯᠢ ᠶᠢᠨ ᠪᠣᠭᠤᠮᠳᠠ | ᠪᠠᠷ ᠲᠣᠭᠳᠠᠭᠠᠵᠠᠢ᠃ ᠣᠳᠣ ᠬᠤᠶᠠᠷ ᠣᠯᠣᠰ ᠤᠨ ᠬᠡᠯᠡᠯᠴᠡᠭᠡᠷ ᠢᠶᠠᠷ ᠬᠢᠯᠢ ᠨᠡᠭᠡᠭᠡᠭᠦ ᠬᠤᠭᠤᠴᠠᠭ᠎ᠠ ᠶᠢ ᠵᠢᠯ ᠪᠦᠷᠢ ᠶᠢᠨ 2᠂ 5᠂ 8᠂ 11 ᠳ᠋ᠤᠭᠡᠷ ᠰᠠᠷ᠎ᠠ ᠶᠢᠨ 1 | — 15 ᠡᠳᠦᠷ ᠨᠡᠭᠡᠭᠡᠭᠦ ᠪᠠᠷ ᠲᠣᠭᠳᠠᠭᠰᠠᠨ ᠪᠠᠶᠢᠨ᠎ᠠ᠃ ᠣᠯᠠᠨ ᠵᠢᠯ ᠤᠨ ᠲᠣᠷᠰᠢ᠂ ᠡᠪᠦᠳᠦᠭ ᠬᠢᠯᠢ ᠶᠢᠨ ᠪᠣᠭᠤᠮᠳᠠ ᠶᠢᠨ ᠠᠵᠢᠯ ᠢᠯᠭᠤᠮ ᠢᠶᠠᠷ ᠲᠦᠷᠢᠮᠵᠢᠵᠦ᠂ | ᠪᠣᠭᠤᠮᠳᠠ ᠶᠢᠨ ᠰᠠᠭᠤᠷᠢ ᠪᠦᠳᠦᠭᠡᠨ ᠪᠠᠶᠢᠭᠤᠯᠣᠯᠲᠠ ᠴᠦ ᠰᠠᠶᠢᠵᠢᠷᠠᠵᠦ᠂ ᠪᠠᠷᠠᠭ᠎ᠠ ᠲᠠᠸᠠᠷ ᠤᠨ ᠭᠠᠷᠭᠠᠯᠲᠠ ᠪᠠ ᠣᠷᠣᠭᠤᠯᠣᠯᠲᠠ ᠶᠢᠨ ᠲᠤᠭ᠎ᠠ ᠬᠡᠮᠵᠢᠶᠡᠨ ᠤ | ᠶᠡᠷᠦᠩᠭᠡᠢ ᠨᠣᠷᠮ᠎ᠠ ᠴᠦ ᠵᠢᠯ ᠠᠴᠠ ᠵᠢᠯ ᠳᠤ ᠲᠡᠭᠡᠭᠰᠢᠯᠡᠵᠦ ᠪᠠᠶᠢᠨ᠎ᠠ᠃ | ᠡᠪᠦᠳᠦᠭ ᠬᠢᠯᠢ ᠶᠢᠨ ᠪᠣᠭᠤᠮᠳᠠ ᠨᠢ ᠬᠢᠯᠢ ᠶᠢᠨ ᠪᠠᠶᠢᠴᠠᠭᠠᠯᠲᠠ ᠶᠢᠨ ᠲᠣᠮᠣ ᠠᠰᠠᠷ᠂ ᠬᠠᠯᠬ᠎ᠠ ᠭᠤᠣᠯ ᠳᠠᠬᠢ ᠬᠢᠯᠢ ᠠᠯᠣᠰᠯᠠᠭᠰᠠᠨ ᠲᠣᠮᠣ ᠬᠦᠬᠦᠷᠭᠡ᠂ ᠣᠯᠣᠰ | ᠤᠨ ᠬᠢᠯᠢ ᠶᠢᠨ ᠪᠠᠭᠠᠨ᠎ᠠ ︵1424 ᠳ᠋ᠣᠭᠡᠷ︶᠂ ᠬᠢᠯᠢ ᠶᠢᠨ ᠲᠡᠮᠳᠡᠭ ᠴᠢᠯᠠᠭᠤ᠂ ᠬᠠᠯᠬ᠎ᠠ ᠭᠤᠣᠯ ᠤᠨ ᠪᠠᠶᠢᠭᠠᠯᠢᠯᠢᠭ ᠦᠵᠡᠮᠵᠢ ᠪᠣᠯᠣᠨ ᠬᠢᠯᠢ ᠶᠢᠨ ᠲᠡᠷᠳᠡᠭᠡ ᠶᠢᠨ | ︽ᠬᠠᠯᠬ᠎ᠠ ᠭᠤᠣᠯ ᠤᠨ ᠲᠠᠶᠢᠨ︾ ᠤ ᠲᠠᠯᠠᠪᠣᠷ ᠤᠨ ᠡᠯᠪᠡᠭ ᠠᠷᠪᠢᠨ ᠬᠠᠭᠤᠴᠢᠨ ᠦᠯᠡᠳᠡᠭᠳᠡᠯ ᠨᠢ ᠭᠠᠳᠠᠨ᠎ᠠ ᠲᠣᠳᠣᠨ᠎ᠠ ᠶᠢᠨ ᠵᠢᠭᠤᠯᠴᠢᠯᠠᠭᠰᠠᠳ ᠤᠨ ᠪᠠᠬ᠎ᠠ | ᠰᠣᠨᠢᠷᠬᠠᠯ ᠢ ᠶᠡᠬᠡᠳᠡ ᠲᠠᠳᠠᠵᠦ ᠪᠣᠢ᠃ | ᠡᠪᠦᠳᠦᠭ ᠬᠢᠯᠢ ᠶᠢᠨ ᠪᠣᠭᠤᠮᠳᠠ᠂ ᠬᠦᠯᠦᠨ ᠪᠣᠶᠢᠷ ᠬᠤᠳᠠ ᠶᠢᠨ ᠬᠠᠶᠢᠯᠠᠷ ᠲᠣᠭᠤᠷᠢᠭ ᠠᠴᠠ 190 ᠺᠢᠯᠣᠮᠧᠲᠷ᠂ ᠬᠢᠯᠢ ᠶᠢᠨ ᠬᠤᠳᠠ ᠮᠠᠨᠵᠣᠣᠷ ᠠᠴᠠ 192 | ᠺᠢᠯᠣᠮᠧᠲᠷ᠂ ᠬᠢᠩᠭᠠᠨ ᠠᠶᠢᠮᠠᠭ ᠤᠨ ᠷᠠᠰᠢᠶᠠᠨ ᠬᠤᠲᠠ ᠠᠴᠠ 220 ᠺᠢᠯᠣᠮᠧᠲᠷ᠂ ᠣᠮᠠᠷᠠᠳᠦ ᠦᠷᠭᠡᠷᠢᠭ ᠤᠨ 48。02、᠂ ᠵᠡᠭᠦᠨ ᠣᠷᠳᠣᠷᠢᠭ ᠤᠨ 118。 | 10、 ᠲᠤ ᠣᠷᠣᠰᠢᠵᠦ ᠪᠣᠢ᠃ | ᠲᠠᠪᠤ᠂ ᠬᠤᠯᠪᠣᠭ᠎ᠠ ᠠᠭᠤᠯᠠ ᠶᠢᠨ ᠵᠢᠭᠤᠯᠴᠢᠯᠠᠯ ᠤᠨ ᠦᠵᠡᠮᠵᠢᠲᠦ ᠣᠷᠣᠨ ᠬᠦᠯᠦᠨ ᠨᠠᠭᠤᠷ ︵ᠲᠠᠯᠠᠶᠢᠨᠠᠭᠤᠷ︶ ᠤᠨ ᠵᠡᠭᠦᠨ ᠬᠦᠪᠡᠭᠡᠨ ᠳᠤ ᠡᠬᠡ ᠶᠢᠨ ᠬᠤᠶᠠᠷ | ᠬᠦᠬᠦ ᠰᠢᠭ ᠬᠤᠯᠪᠣᠭ᠎ᠠ 2 ᠠᠭᠤᠯᠠ ᠶᠢ ᠨᠣᠲᠤᠭ ᠤᠨ ᠬᠢᠨ ︽ᠬᠤᠯᠪᠣᠭ᠎ᠠ ᠠᠭᠤᠯᠠ︾ ᠪᠣᠶᠣ ︽ᠰᠢᠬᠢᠷ᠎ᠡ ᠬᠤᠯᠪᠣᠭ᠎ᠠ︾ ᠬᠡᠵᠦ ᠲᠠᠭᠤᠳᠠᠳᠠᠭ᠃ ᠲᠣᠰ | ᠵᠢᠭᠤᠯᠴᠢᠯᠠᠯ ᠤᠨ ᠦᠵᠡᠮᠵᠢᠲᠦ ᠣᠷᠣᠨ ᠨᠢ ᠭᠤᠣᠯᠳᠠᠭᠤ ᠬᠦᠯᠦᠨ ᠨᠠᠭᠤᠷ ᠤᠨ ᠣᠰᠣ᠂ ᠠᠯᠲᠠᠨ ᠰᠢᠷᠭᠠᠯ ᠡᠯᠡᠰᠦᠨ ᠬᠦᠪᠡᠭᠡ ᠬᠢᠭᠡᠳ ᠪᠠᠷᠭᠤ ᠨᠣᠲᠤᠭ ᠤᠨ | ᠣᠣᠭᠠᠯ ᠲᠦᠷᠬᠦ ᠪᠦᠷᠢᠳᠦᠭᠰᠡᠨ ᠵᠢᠭᠤᠯᠴᠢᠯᠠᠯ ᠤᠨ ᠤᠷᠣᠨ ᠪᠣᠯᠣᠨ᠎ᠠ᠃ | ᠠᠳᠡ ᠬᠦᠯᠦᠨ ᠨᠠᠭᠤᠷ ᠤᠨ ᠣᠰᠣ ᠨᠢ ᠣᠶᠢᠯᠠᠨ ᠴᠣᠶᠢᠯᠠᠨ ᠲᠠᠪᠠᠯᠭᠠᠯᠠᠵᠦ᠂ ᠠᠯᠲᠠᠨ ᠰᠢᠷᠭᠠᠯ ᠵᠢᠭᠠᠰᠦ ᠵᠢᠷᠠᠭᠠᠬᠠᠢ ᠨᠢ ᠵᠢᠷᠪᠡᠯᠵᠡᠨ ᠢᠷᠡᠯᠵᠠᠨ ᠱᠣᠮᠪᠠᠵᠦ᠂ | ᠣᠯᠠᠨ ᠵᠦᠢᠯ ᠤᠨ ᠰᠢᠪᠠᠭᠤᠳ ᠨᠢ ᠬᠠᠯᠢᠨ ᠲᠡᠬᠦᠯᠢᠨ ᠰᠣᠮᠣᠳᠠᠵᠦ᠂ ᠬᠤᠯᠠ ᠶᠢᠨ ᠲᠡᠷᠲᠡᠭᠡ ᠬᠦᠪᠡᠬᠡᠨ᠎ᠡ ᠠᠭᠤᠯᠠᠰ ᠬᠦᠭᠡᠷᠡᠨ ᠰᠦᠨᠳᠡᠷᠯᠡᠵᠦ᠂ ᠬᠦᠳᠡᠭᠡ ᠨᠣᠲᠤᠭ | ᠤᠨ ᠦᠵᠡᠮᠵᠢ ᠨᠢᠳᠦᠨ ᠤ ᠬᠠᠷᠠᠭᠠᠨ᠎ᠠ ᠲᠣᠳᠣᠷᠠᠨ᠂ ᠬᠦᠷᠦᠯᠴᠡᠨ ᠢᠷᠡᠭᠰᠡᠨ ᠬᠦᠮᠦᠰ ᠤᠨ ᠬᠦᠰᠡᠯ ᠰᠣᠨᠢᠷᠬᠠᠯ ᠢ ᠬᠦᠴᠦᠲᠡᠢ ᠲᠠᠲᠠᠲᠠᠭ ᠪᠠᠶᠢᠨ᠎ᠠ᠃ | ᠬᠦᠯᠦᠨ ᠨᠠᠭᠤᠷ ᠪᠣᠯ ᠮᠠᠨ ᠤ ᠣᠯᠣᠰ ᠤᠨ 4 ᠶᠡᠭᠡ ᠴᠡᠩᠬᠡᠭ ᠨᠠᠭᠤᠷ ᠤᠨ ᠨᠢᠭᠡ ᠪᠦᠭᠡᠳ ᠦᠪᠦᠷ ᠮᠣᠩᠭᠤᠯ ᠤᠨ ᠬᠠᠮᠤᠭ ᠤᠨ ᠲᠤᠮᠤ ᠨᠠᠭᠤᠷ ᠪᠠᠶᠢᠵᠦ᠂ | ᠣᠯᠣᠰ ᠤᠨ ᠲᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠳᠤ ᠲᠣᠭᠠᠴᠠᠭᠳᠠᠵᠦ᠂ 35 ᠲᠦᠷᠦᠯ ᠤᠨ ᠬᠡᠬᠡᠷ᠎ᠡ ᠶᠢᠨ ᠠᠷᠢᠶᠠᠲᠠᠨ᠂ 284 ᠲᠦᠷᠦᠯ ᠤᠨ | ᠵᠢᠭᠦᠷᠲᠠᠨ ᠰᠢᠪᠠᠭᠤ᠂ 26 ᠲᠦᠷᠦᠯ ᠤᠨ ᠵᠢᠭᠠᠰᠦ ᠵᠢᠷᠠᠭᠠᠬᠠᠢ ᠠᠮᠢᠳᠦᠷᠠᠵᠦ ᠪᠠᠶᠢᠳᠠᠭ᠃ | ᠲᠣᠰ ᠭᠠᠵᠠᠷ ᠨᠢ ᠰᠢᠨ᠎ᠡ ᠪᠠᠷᠭᠤ ᠵᠡᠭᠦᠨ ᠬᠤᠰᠢᠭᠤᠨ ᠤ ᠵᠢᠭᠤᠯᠴᠢᠯᠠᠯ ᠤᠨ ᠦᠵᠡᠮᠵᠢᠲᠦ ᠣᠷᠣᠨ ᠤ ᠨᠢᠭᠡ ᠨᠢ ᠪᠠᠶᠢᠵᠦ᠂ ᠬᠤᠰᠢᠭᠤᠨ ᠲᠦᠪ ᠠᠮᠣᠭᠤᠯᠠᠩ | ᠠᠴᠠ ᠬᠤᠶᠢᠰᠢ 102 ᠺᠢᠯᠣᠮᠧᠲᠷ᠂ ᠬᠠᠶᠢᠯᠠᠷ ᠲᠣᠭᠤᠷᠢᠭ ᠠᠴᠠ ᠪᠠᠷᠠᠭᠤᠨᠰᠢ 180 ᠺᠢᠯᠣᠮᠧᠲᠷ᠂ ᠬᠢᠯᠢ ᠶᠢᠨ ᠬᠤᠲᠠ ᠮᠠᠨᠵᠣᠣᠷ ᠠᠴᠠ ᠵᠡᠭᠦᠨ ᠡᠮᠦᠨᠡᠰᠢ 60 | ᠺᠢᠯᠣᠮᠧᠲᠷ᠂ ︽301︾ ᠨᠡᠷᠡᠮᠵᠢᠲᠦ ᠣᠯᠣᠰ ᠤᠨ ᠲᠡᠰ ᠤᠨ ᠵᠠᠰᠠᠮᠠᠯ ᠵᠠᠮ ᠠᠴᠠ ᠠᠰ ᠡᠮᠦᠨᠡᠰᠢ 25 ᠺᠢᠯᠣᠮᠧᠲᠷ ᠵᠠᠶᠢᠲᠠᠢ᠂ ᠣᠮᠠᠷᠠᠲᠦ ᠦᠷᠭᠡᠷᠢᠭ ᠤᠨ 48。 | 08、ᠪᠠ ᠵᠡᠬᠦᠨ ᠣᠷᠳᠣᠷᠢᠭ ᠤᠨ 117。48、 ᠲᠤ ᠣᠷᠣᠰᠢᠵᠦ ᠪᠣᠢ᠃ | ᠵᠢᠷᠭᠤᠭ᠎ᠠ᠂ ᠷᠠᠰᠢᠶᠠᠨ ᠰᠦᠮ᠎ᠡ ᠶᠢᠨ ᠦᠵᠡᠮᠵᠢᠲᠦ ᠣᠷᠣᠨ ᠷᠠᠰᠢᠶᠠᠨ ᠰᠦᠮ᠎ᠡ᠂ ᠬᠤᠰᠢᠭᠤᠨ ᠲᠦᠪ ᠠᠮᠣᠭᠤᠯᠠᠩ ᠠᠴᠠ ᠪᠠᠷᠠᠭᠤᠨ ᠬᠤᠶᠢᠰᠢ 3 ᠭᠠᠵᠠᠷ | ᠲᠠᠬᠢ ᠦᠯᠵᠡᠶᠢᠲᠦ ᠪᠣᠯᠠᠭ ᠤᠨ ᠠᠷᠣ ᠶᠢᠨ ᠲᠡᠨᠵᠢᠨ ᠲᠡᠭᠡᠷ᠎ᠡ ᠪᠠᠶᠢᠷᠢᠯᠠᠵᠦ ᠪᠣᠢ᠃ | ᠷᠠᠰᠢᠶᠠᠨ ᠰᠦᠮ᠎ᠡ ᠶᠢ 1926 ᠣᠨ ᠳᠤ᠂ ᠰᠢᠨ᠎ᠡ ᠪᠠᠷᠭᠤ ᠵᠡᠭᠦᠨ ᠭᠠᠷ ᠤᠨ ᠬᠤᠰᠢᠭᠤᠨ ᠤ ᠪᠦᠬᠦᠳᠡ ᠶᠢᠨ ᠲᠠᠷᠤᠭ᠎ᠠ ᠡᠷᠬᠢᠮᠪᠠᠲᠦ᠂ ᠪᠡᠭᠡᠵᠢᠩ ᠬᠤᠲᠠ ᠠᠴᠠ | ᠭᠠᠵᠠᠷ ᠰᠢᠨᠵᠢᠭᠡᠴᠢ ᠶᠢ ᠵᠠᠯᠠᠵᠦ ᠠᠪᠴᠢᠷᠠᠭᠠᠳ ᠦᠯᠵᠡᠶᠢᠲᠦ ᠷᠠᠰᠢᠶᠠᠨ ᠤ ᠣᠷᠴᠢᠮ ᠤᠨ ᠭᠠᠵᠠᠷ ᠢ ᠰᠢᠨᠵᠢᠭᠦᠯᠦᠭᠰᠡᠨ ᠳᠤ᠄ ︽ᠡᠨᠡ ᠪᠣᠯ ᠶᠠᠭ ᠯᠣᠣ ᠬᠡᠪᠳᠡᠵᠦ | ᠪᠠᠶᠢᠭ᠎ᠠ ᠰᠢᠨᠵᠢ ᠶᠢᠨ ᠭᠠᠵᠠᠷ ᠪᠠᠶᠢᠨ᠎ᠠ︾ ᠭᠡᠰᠡᠨ ᠭᠡᠨ᠎ᠡ᠃ ᠲᠡᠭᠡᠭᠡᠳ ᠬᠡᠪᠳᠡᠭᠡ ᠯᠣᠣ ᠶᠢᠨ ᠴᠡᠭᠡᠵᠢ ᠬᠡᠪᠡᠯᠢ ᠲᠡᠭᠡᠷ᠎ᠡ ᠨᠢ ᠰᠦᠮ᠎ᠡ ᠬᠡᠶᠢᠳ ᠢᠶᠠᠨ ᠴᠤᠭᠴᠠᠯᠠᠨ | ᠪᠠᠶᠢᠭᠤᠯᠣᠭᠰᠠᠨ ᠪᠠᠶᠢᠵᠠᠢ᠃ | ᠲᠣᠰ ᠰᠦᠮ᠎ᠡ ᠶᠢᠨ ᠵᠢᠩᠬᠢᠨᠢ ᠨᠡᠷ᠎ᠡ ᠨᠢ ︽ᠨᠠᠰᠣᠨ ᠠᠷᠪᠢᠳᠬᠠᠭᠴᠢ ᠰᠦᠮ᠎ᠡ︾ ᠭᠡᠳᠡᠭ ᠪᠠᠶᠢᠭᠰᠠᠨ ᠪᠣᠯᠪᠠᠴᠦ ᠦᠯᠵᠡᠶᠢᠲᠦ ᠷᠠᠰᠢᠶᠠᠨ ᠤ ᠲᠡᠨᠵᠢᠨ ᠲᠡᠭᠡᠷ᠎ᠡ | ᠪᠠᠶᠢᠭᠤᠯᠣᠭᠰᠠᠨ ᠲᠤᠯᠠ ︽ᠷᠠᠰᠢᠶᠠᠨ ᠰᠦᠮ᠎ᠡ︾ ᠭᠡᠵᠦ ᠠᠯᠲᠠᠷᠰᠢᠵᠠᠢ᠃ ᠡᠨᠡ ᠨᠢ ᠪᠣᠷᠬᠠᠨ ᠱᠠᠰᠢᠨ᠂ ᠠᠨᠠᠭᠠᠬᠤ ᠣᠬᠠᠭᠠᠨ ᠢ ᠬᠤᠣᠰᠯᠠᠭᠤᠯᠣᠭᠰᠠᠨ ᠰᠦᠮ᠎ᠡ | ᠪᠠᠶᠢᠵᠦ᠂ ᠮᠣᠩᠭᠤᠯ ᠡᠮᠨᠡᠯᠭᠡ ᠶᠢᠨ ᠰᠣᠷᠭᠠᠭᠤᠯᠢ ᠶᠢ ᠡᠷᠬᠢᠯᠡᠵᠦ ᠪᠠᠶᠢᠭᠰᠠᠨ ᠲᠡᠣᠬᠡ ᠲᠠᠢ᠃ | ᠣᠳᠣ ᠰᠢᠨ᠎ᠡ ᠪᠠᠷᠭᠤ ᠵᠡᠭᠦᠨ ᠬᠤᠰᠢᠭᠤᠨ ᠤ ᠪᠣᠷᠬᠠᠨ ᠱᠠᠰᠢᠨ ᠤ ᠠᠵᠢᠯᠯᠠᠭᠠᠨ ᠤ ᠭᠤᠣᠯ ᠭᠠᠵᠠᠷ ᠪᠦᠭᠡᠳ ᠠᠶᠠᠯᠠᠯ ᠵᠢᠭᠤᠯᠴᠢᠯᠠᠯ᠂ ᠪᠠᠶ᠎ᠠ ᠰᠣᠪᠢᠯᠠᠯᠲᠠ ᠶᠢᠨ | ᠠᠷᠢᠭᠤᠨ ᠲᠠᠭᠰᠢᠨ ᠦᠵᠡᠮᠵᠢᠲᠦ ᠣᠷᠣᠨ ᠪᠣᠯᠣᠭᠰᠠᠨ ᠪᠠᠶᠢᠨ᠎ᠠ᠃ | ᠷᠠᠰᠢᠶᠠᠨ ᠰᠦᠮ᠎ᠡ᠂ ᠣᠮᠠᠷᠠᠲᠦ ᠦᠷᠭᠡᠷᠢᠭ ᠤᠨ 47。48、ᠪᠠ ᠵᠡᠭᠦᠨ ᠣᠷᠳᠣᠷᠢᠭ ᠤᠨ 118。14、 ᠲᠤ ᠣᠷᠣᠰᠢᠵᠦ ᠪᠤᠢ᠃ | ᠳᠤᠯᠤᠭ᠎ᠠ᠂ ᠲᠣᠰᠣᠨ ᠪᠣᠯᠠᠭ ᠤᠨ ᠰᠣᠪᠢᠯᠠᠯᠲᠠ ᠵᠢᠭᠤᠯᠴᠢᠯᠠᠯ ᠤᠨ ᠭᠠᠵᠠᠷ | ᠣᠷᠱᠣᠨ ᠭᠤᠣᠯ ᠤᠨ ᠪᠠᠷᠠᠭᠤᠨ ᠲᠠᠯ᠎ᠠ ᠳᠤ᠂ ᠣᠮᠠᠷᠠᠲᠦ ᠦᠷᠭᠡᠷᠢᠭ ᠤᠨ 48。54、ᠪᠠ ᠵᠡᠭᠦᠨ ᠣᠷᠳᠣᠷᠢᠭ ᠤᠨ 117。41、 ᠲᠤ ᠣᠷᠣᠰᠢᠵᠦ᠂ | ᠲᠤᠰ ᠨᠣᠲᠤᠭ ᠤᠨ ᠮᠠᠯᠴᠢᠳ ︽ᠲᠣᠰᠣᠨ ᠷᠠᠰᠢᠶᠠᠨ︾ ᠭᠡᠳᠡᠭ᠃ | ᠪᠠᠷᠭᠤᠴᠣᠳ ᠠᠯᠢ ᠡᠷᠲᠡ ᠠᠴᠠ ᠡᠨᠡ ᠪᠣᠯᠠᠭ ᠤᠨ ᠲᠣᠰᠣᠯᠢᠭ ᠰᠢᠪᠠᠷ ᠢ ᠠᠰᠢᠭᠯᠠᠨ ᠠᠷᠬᠠᠭ ᠬᠡᠮ᠂ ᠬᠠᠭᠤᠴᠢᠨ ᠡᠪᠡᠳᠴᠢᠨ ᠢᠶᠠᠨ ᠵᠠᠰᠠᠵᠦ ᠢᠷᠡᠭᠰᠡᠨ ᠲᠡᠣᠭᠡ | ᠲᠠᠢ ᠪᠠᠶᠢᠵᠠᠢ᠃ ᠡᠨᠡ ᠪᠣᠯᠠᠭ ᠤᠨ ᠲᠣᠰᠣᠯᠢᠭ ᠰᠢᠪᠠᠷ ᠲᠤᠨᠢ ᠣᠯᠠᠨ ᠵᠦᠢᠯ ᠤᠨ ᠠᠭᠤᠷᠬᠠᠢ ᠶᠢᠨ ᠪᠣᠳᠠᠰ ᠪᠠ ᠬᠢᠮᠢ ᠶᠢᠨ ᠡᠯᠧᠮᠧᠨ᠋ᠲ ᠠᠭᠤᠯᠤᠭᠳᠠᠵᠦ ᠪᠠᠶᠢᠳᠠᠭ | ᠲᠣᠯᠠ ᠬᠡᠷᠦᠭᠦ ᠡᠪᠡᠳᠴᠢᠨ᠂ ᠠᠷᠠᠰᠣᠨ ᠤ ᠡᠪᠡᠳᠴᠢᠨ᠂ ᠶᠠᠰᠣᠨ ᠰᠦᠷᠢᠶ᠎ᠡ ᠡᠪᠡᠳᠴᠢᠨ᠂ ᠬᠡᠢ ᠰᠢᠷ᠎ᠠ ᠣᠰᠣ ᠬᠤᠶᠠᠩ ᠡᠪᠡᠳᠴᠢᠨ᠂ ᠬᠦᠵᠦᠬᠦᠦ ᠰᠡᠭᠡᠷ᠂ ᠬᠦᠯ | ᠨᠢᠷᠣᠭᠤ᠂ ᠦᠶ᠎ᠡ ᠭᠡᠰᠢᠭᠦᠦ ᠶᠢᠨ ᠡᠪᠡᠳᠴᠢᠨ ᠵᠢᠴᠢ ᠵᠢᠷᠦᠭᠡᠨ ᠡᠪᠡᠳᠴᠢᠨ᠂ ᠴᠢᠰᠣᠨ ᠰᠣᠳᠠᠯ ᠤᠨ ᠬᠠᠳᠠᠭᠤᠷᠠᠯ ᠵᠡᠷᠭᠡ ᠣᠯᠠᠨ ᠲᠦᠷᠦᠯ ᠤᠨ ᠡᠪᠡᠳᠴᠢᠨ ᠢ ᠵᠠᠰᠠᠵᠦ | ᠢᠯᠡᠳᠲᠡ ᠰᠠᠶᠢᠨ ᠪᠣᠯᠭᠠᠵᠦ ᠪᠠᠶᠢᠨ᠎ᠠ᠃ | ᠣᠳᠣ ᠮᠣᠩᠭᠤᠯ ᠡᠮᠨᠡᠯᠭᠡ ᠶᠢᠨ ᠬᠢᠨ ᠲᠣᠰᠣᠨ ᠪᠣᠯᠠᠭ ᠢ ᠨᠡᠭᠡᠭᠡᠨ ᠠᠰᠢᠭᠯᠠᠵᠦ ᠬᠦᠪᠡᠭᠡᠨ ᠳᠤᠨᠢ ᠠᠮᠠᠷᠠᠯᠲᠠ ᠰᠣᠪᠢᠯᠠᠯᠲᠠ ᠶᠢᠨ ᠭᠠᠵᠠᠷ ᠪᠠᠶᠢᠭᠤᠯᠵᠦ᠂ ᠲᠣᠰᠣᠨ | ᠰᠢᠪᠠᠷ ᠪᠣᠯᠣᠨ ᠮᠣᠩᠭᠤᠯ ᠡᠮᠴᠢᠯᠡᠭᠡ ᠶᠢ ᠣᠶᠠᠯᠳᠤᠭᠤᠯᠣᠨ ᠬᠤᠯᠠ ᠣᠶᠢᠷ᠎ᠠ ᠶᠢᠨ ᠡᠪᠡᠳᠴᠢᠲᠡᠳ ᠢ ᠡᠮᠴᠢᠯᠡᠨ ᠵᠠᠰᠠᠬᠤ ᠶᠢᠨ ᠲᠠᠭᠠᠣ ᠠᠶᠠᠯᠠᠯ ᠵᠢᠭᠤᠯᠴᠢᠯᠠᠯ ᠲᠠᠢ | ᠵᠣᠬᠢᠴᠠᠭᠤᠯᠣᠨ ︽ᠠᠮᠠᠷᠠᠯᠲᠠ ᠰᠣᠪᠢᠯᠠᠯᠲᠠ ᠶᠢᠨ ᠵᠣᠰᠠᠯᠠᠩ︾ ᠪᠣᠯᠭᠠᠨ ᠠᠰᠢᠭᠯᠠᠵᠦ ᠪᠣᠢ᠃ | ᠲᠣᠰ ᠲᠣᠰᠣᠨ ᠪᠣᠯᠠᠭ ᠤᠨ ︽ᠠᠮᠠᠷᠠᠯᠲᠠ ᠰᠣᠪᠢᠯᠠᠯᠲᠠ ᠶᠢᠨ ᠵᠣᠰᠠᠯᠠᠩ︾ ᠨᠢ ᠵᠢᠪᠬᠤᠯᠠᠩᠲᠦ ᠰᠣᠮᠣᠨ ᠤ ᠲᠦᠪ ᠭᠠᠨᠵᠣᠣᠷᠬᠤᠸᠠ ᠠᠴᠠ ᠪᠠᠷᠠᠭᠤᠨᠰᠢ 5 | ᠺᠢᠯᠣᠮᠧᠲᠷ᠂ ᠰᠦᠮ᠎ᠡ ᠶᠢᠨ ᠨᠠᠭᠤᠷ ᠤᠨ ᠳ᠋ᠠᠴᠢᠩ — ᠵᠠᠯᠠᠶᠢᠨᠠᠭᠤᠷ ᠤᠨ ᠵᠠᠰᠠᠮᠠᠯ ᠵᠠᠮ ᠠᠴᠠ 8 ᠺᠢᠯᠣᠮᠧᠲᠷ ᠵᠠᠶᠢᠲᠠᠢ ᠪᠠᠶᠢᠳᠠᠭ᠃ | ᠨᠠᠢᠮᠠ᠂ ᠪᠠᠷᠭᠤ ᠠᠶᠢᠮᠠᠭ ᠤᠨ ᠠᠶᠠᠯᠠᠯ ᠵᠢᠭᠤᠯᠴᠢᠯᠠᠯ ᠤᠨ ᠭᠠᠵᠠᠷ ᠴᠠᠭᠠᠨ ᠪᠠᠯᠭᠠᠰᠦ ᠶᠢᠨ ᠨᠣᠲᠤᠭ ᠲᠠᠬᠢ ᠪᠦᠮᠪᠡ ︵ᠪᠦᠮᠪᠧ︶ ᠨᠠᠭᠤᠷ ᠤᠨ ᠠᠷᠣ ᠶᠢᠨ | ᠲᠡᠨᠵᠢᠨ ᠳᠤ᠂ ᠣᠮᠠᠷᠠᠲᠦ ᠦᠷᠭᠡᠷᠢᠭ ᠤᠨ 49。30、ᠪᠠ ᠵᠡᠭᠦᠨ ᠣᠷᠳᠣᠷᠢᠭ ᠤᠨ 118。03、ᠣᠷᠴᠢᠮ ᠳᠤ ᠣᠷᠣᠰᠢᠵᠦ᠂ ᠮᠠᠨᠵᠣᠣᠷ — ᠰᠦᠢ ᠹᠧᠨ | ᠡᠾᠧ ᠬᠦᠷᠭᠦ ︽301︾ ᠨᠠᠷᠠᠮᠵᠢᠲᠦ ᠣᠯᠣᠰ ᠤᠨ ᠲᠡᠰ ᠤᠨ ᠵᠠᠰᠠᠮᠠᠯ ᠵᠠᠮ ᠤᠨ ᠬᠤᠶᠢᠨ᠎ᠠ ᠲᠠᠯ᠎ᠠ ᠳᠤ ᠪᠠᠶᠢᠷᠢᠯᠠᠵᠦ ᠪᠣᠢ᠃ | ᠲᠣᠰ ᠠᠶᠠᠯᠠᠯ ᠵᠢᠭᠤᠯᠴᠢᠯᠠᠯ ᠤᠨ ᠭᠠᠵᠠᠷ ᠣᠷᠢᠳ ᠬᠤᠵᠢᠳ 200 ᠭᠠᠷᠣᠢ ᠲᠦᠮᠡᠨ ᠲᠦᠬᠦᠷᠢᠭ ᠵᠠᠷᠣᠴᠠᠭᠤᠯᠵᠦ᠂ ᠪᠠᠷᠭᠤ ᠶᠠᠰᠣᠳᠠᠨ ᠤ ᠦᠪ ᠰᠣᠶᠣᠯ᠂ | ᠵᠠᠩ ᠦᠢᠯᠡ ᠶᠢ ᠲᠣᠪᠣᠶᠢᠯᠭᠠᠵᠦ᠂ ᠲᠠᠯ᠎ᠠ ᠨᠣᠲᠤᠭ ᠤᠨ ᠪᠠᠶᠢᠭᠠᠯᠢᠯᠢᠭ ᠦᠩᠭᠡ ᠦᠵᠡᠮᠵᠢ ᠲᠠᠢ ᠣᠶᠠᠯᠳᠤᠭᠤᠯᠣᠨ᠂ ᠮᠣᠩᠭᠤᠯ ᠭᠡᠷ ᠢᠶᠠᠷ ᠪᠦᠷᠢᠯᠳᠦᠭᠰᠡᠨ ᠢᠳᠡᠵᠦ | ᠣᠣᠭᠤᠬᠤ᠂ ᠬᠤᠨᠣᠵᠦ ᠬᠡᠪᠳᠡᠭᠦ᠂ ᠶᠠᠪᠣᠵᠦ ᠰᠠᠭᠤᠬᠤ᠂ ᠦᠵᠡᠵᠦ ᠰᠣᠨᠢᠷᠬᠠᠬᠤ᠂ ᠨᠠᠭᠠᠳᠴᠦ ᠵᠣᠭᠠᠴᠠᠬᠤ᠂ ᠠᠶᠠᠯᠠᠯ ᠵᠢᠭᠤᠯᠴᠢᠯᠠᠯ᠂ ᠠᠮᠠᠷᠠᠯᠲᠠ ᠴᠡᠩᠭᠡᠯ ᠤᠨ | ᠲᠣᠰᠬᠠᠢ ᠭᠠᠵᠠᠷ ᠪᠣᠯᠣᠨ᠎ᠠ᠃ | 2009 ᠣᠨ ᠳᠤ ᠲᠣᠰ ᠵᠢᠭᠤᠯᠴᠢᠯᠠᠯ ᠤᠨ ᠭᠠᠵᠠᠷ ᠢ ᠬᠦᠯᠦᠨ ᠪᠣᠶᠢᠷ ᠬᠤᠲᠠ ᠶᠢᠨ ᠵᠢᠭᠤᠯᠴᠢᠯᠠᠯ ᠤᠨ ᠲᠣᠪᠴᠢᠶᠠᠨ ᠠᠴᠠ ︽ᠭᠡᠷ ᠪᠦᠯᠢ ᠶᠢᠨ ᠠᠶᠠᠯᠠᠯ | ᠵᠢᠭᠤᠯᠴᠢᠯᠠᠯ ᠤᠨ ᠰᠢᠯᠢᠳᠡᠭ ᠡᠷᠦᠭᠡ︾ ᠭᠡᠵᠦ ᠦᠨᠡᠯᠡᠭᠰᠡᠨ ᠪᠦᠭᠡᠳ ᠣᠯᠣᠰ ᠤᠨ ︽AA︾ ᠲᠡᠰ ᠤᠨ ᠵᠢᠭᠤᠯᠴᠢᠯᠠᠯ ᠤᠨ ᠦᠵᠡᠮᠵᠢᠲᠦ ᠣᠷᠣᠨ ᠢᠶᠠᠷ | ᠨᠡᠷᠡᠶᠢᠳᠦᠭᠳᠡᠵᠦ᠂ ᠣᠳᠣᠬᠠᠨ᠎ᠠ ᠰᠢᠨ᠎ᠡ ᠪᠠᠷᠭᠤ ᠵᠡᠭᠦᠨ ᠬᠤᠰᠢᠭᠤᠨ ᠤ ᠬᠤᠶᠢᠲᠦ ᠲᠣᠭᠤᠷᠢᠭ ᠲᠠᠬᠢ ᠭᠤᠣᠯᠳᠠᠯᠭ᠎ᠠ ᠲᠠᠢ ᠠᠶᠠᠯᠠᠯ ᠵᠢᠭᠤᠯᠴᠢᠯᠠᠯ ᠤᠨ ᠭᠠᠵᠠᠷ | ᠪᠣᠯᠣᠭᠰᠠᠨ ᠪᠠᠶᠢᠨ᠎ᠠ᠃ | ᠶᠢᠰᠦ᠂ ᠶᠡᠭᠡ ᠠᠭᠤᠯᠠ ᠶᠢᠨ ᠵᠢᠭᠤᠯᠴᠢᠯᠠᠯ ᠤᠨ ᠦᠵᠡᠮᠵᠢᠲᠦ ᠣᠷᠣᠨ | ᠶᠡᠭᠡ ᠠᠭᠤᠯᠠ ᠨᠢ ᠬᠠᠶᠢᠯᠠᠷ ᠭᠤᠣᠯ ᠤᠨ ᠠᠷᠣ ᠬᠦᠪᠡᠭᠡᠨ ᠳᠤ ᠣᠮᠠᠷᠠᠲᠦ ᠦᠷᠭᠡᠷᠢᠭ ᠤᠨ 49。28、ᠪᠠ ᠵᠡᠭᠦᠨ ᠣᠷᠳᠣᠷᠢᠭ ᠤᠨ 118。24、 ᠲᠤ | ᠪᠠᠶᠢᠷᠢᠯᠠᠵᠦ ᠪᠣᠢ᠃ | ᠨᠣᠲᠤᠭ ᠤᠨ ᠮᠣᠩᠭᠤᠯᠴᠣᠳ ᠶᠡᠭᠡ ᠠᠭᠤᠯᠠ ᠶᠢ ᠲᠡᠬᠦᠨ ᠤ ᠪᠠᠶᠢᠴᠠ ᠲᠦᠷᠬᠦ ᠪᠠᠷ ᠨᠢ ︽ ᠲᠠᠭᠠᠨ ᠲᠠᠯ ᠠᠭᠤᠯᠠ︾ ᠭᠡᠮᠡᠨ ᠨᠡᠷᠡᠯᠡᠵᠦ᠂ ᠬᠦᠨᠳᠦᠳᠭᠡᠯ ᠪᠢᠰᠢᠷᠡᠯ | ᠤᠨ ᠡᠭᠦᠳᠡᠨ ᠠᠴᠠ ︽ᠬᠠᠶᠢᠷᠬᠠᠨ ᠠᠭᠤᠯᠠ︾ ᠪᠣᠶᠣ ︽ᠶᠡᠭᠡ ᠠᠭᠤᠯᠠ︾ ᠭᠡᠵᠦ ᠲᠠᠭᠤᠳᠠᠳᠠᠭ᠃ | ᠣᠳᠣ ᠶᠡᠭᠡ ᠠᠭᠤᠯᠠ ᠨᠢ ᠣᠶᠢᠷ᠎ᠠ ᠣᠷᠴᠢᠮ ᠤᠨ ᠪᠠᠶᠢᠭᠠᠯᠢᠯᠢᠭ ᠦᠪᠡᠷᠮᠢᠴᠡ ᠣᠨᠴᠠᠯᠢᠭ ᠢᠶᠠᠷ ᠢᠶᠠᠨ ᠣᠯᠠᠨ ᠤ ᠰᠣᠨᠢᠷᠬᠠᠯ ᠢ ᠲᠠᠳᠠᠵᠦ᠂ ᠠᠶᠠᠯᠠᠯ ᠵᠢᠭᠤᠯᠴᠢᠯᠠᠯ | ᠤᠨ ᠣᠷᠣᠨ ᠪᠣᠯᠣᠨ ᠬᠦᠭᠵᠢᠵᠦ ᠪᠠᠶᠢᠨ᠎ᠠ᠃ ᠶᠡᠭᠡ ᠠᠭᠤᠯᠠ ᠶᠢᠨ ᠡᠷᠬᠢᠨ ᠲᠣᠭᠤᠷᠢᠨ ᠤ ᠬᠠᠳᠠ ᠴᠢᠯᠠᠭᠤᠳ ᠡᠯᠳᠡᠪ ᠶᠠᠩᠵᠦ ᠬᠡᠯᠪᠡᠷᠢ ᠪᠠᠷ ᠪᠠᠶᠢᠷᠢᠰᠢᠨ ᠲᠣᠭᠳᠠᠵᠦ | ᠰᠡᠬᠦᠶᠢᠨ ᠰᠦᠨᠳᠡᠷᠯᠡᠵᠦ᠂ ᠡᠮᠦᠨ᠎ᠡ ᠬᠤᠷᠮᠣᠢ ᠪᠠᠷ ᠨᠢ ᠦᠷᠭᠡᠨ ᠬᠠᠶᠢᠯᠠᠷ ᠬᠠᠯᠬᠢᠯᠠᠨ ᠣᠷᠣᠰᠴᠦ᠂ ᠦᠩ ᠰᠢᠮᠡᠯᠢᠭ ᠡᠪᠡᠰᠦ ᠪᠡᠯᠴᠢᠭᠡᠷ ᠬᠠᠯᠢᠭᠤᠷᠠᠨ ᠦᠨᠡᠭᠡᠷ | ᠦᠵᠡᠮᠵᠢ ᠶᠢᠨ ᠰᠠᠶᠢᠬᠠᠨ ᠭᠠᠵᠠᠷ ᠡ᠃ ᠡᠨᠡ ᠭᠦ ᠨᠣᠲᠤᠭ ᠲᠤ ᠡᠷᠲᠡᠨ ᠤ ᠨᠡᠭᠦᠳᠡᠯᠴᠢᠨ ᠠᠶᠢᠮᠠᠭ ᠤᠳ ᠠᠮᠢᠳᠣᠷᠠᠵᠦ ᠪᠠᠶᠢᠭᠰᠠᠨ ᠢᠶᠠᠷ ᠶᠡᠭᠡ ᠠᠭᠤᠯᠠ ᠶᠢᠨ | ᠬᠠᠵᠠᠭᠤ ᠡᠩᠭᠡᠷ ᠢᠶᠠᠷ ᠣᠯᠠᠨ ᠠᠷᠪᠢᠨ ᠡᠷᠲᠡᠨ ᠤ ᠴᠢᠯᠠᠭᠤᠨ ᠪᠣᠯᠠᠰᠢ ᠪᠠᠶᠢᠳᠠᠭ ᠨᠢ ᠨᠡᠩ ᠴᠦ ᠰᠣᠨᠢᠷᠬᠠᠯᠲᠠᠢ ᠪᠢᠯᠠ᠃ ᠪᠠᠰᠠ ᠲᠠᠬᠢᠯᠭ᠎ᠠ ᠶᠢᠨ ᠣᠪᠣᠭ᠎ᠠ᠂ ᠲᠠᠯ | ᠬᠠᠳᠠ᠂ ᠲᠡᠮᠡᠭᠡ ᠬᠠᠳᠠ᠂ ᠠᠭᠤᠢ ᠬᠠᠳᠠ᠂ ᠦᠭᠡᠷ ᠴᠢᠯᠠᠭᠤ᠂ ᠲᠠᠪᠰᠢᠭᠤᠷ ᠬᠠᠳᠠ᠂ ᠲᠣᠭᠤᠭ᠎ᠠ ᠬᠠᠳᠠ᠂ ᠴᠢᠩᠬᠢᠰ ᠤᠨ ᠮᠣᠷᠢᠨ ᠲᠣᠭᠤᠷᠠᠢ ᠶᠢᠨ ᠣᠷᠣᠮ᠂ | ᠴᠢᠩᠬᠢᠰ ᠤᠨ ᠬᠡᠷᠡᠮ ᠵᠡᠷᠭᠡ ᠰᠣᠨᠢᠨ ᠭᠠᠶᠢᠬᠠᠮᠰᠢᠭᠲᠦ ᠭᠠᠵᠠᠷ ᠤᠳ ᠪᠠᠶᠢᠳᠠᠭ᠃ ᠨᠣᠲᠤᠭ ᠤᠨ ᠮᠠᠯᠴᠢᠳ ᠵᠢᠯ ᠪᠦᠷᠢ ᠶᠢᠨ 6 ᠳ᠋ᠤᠭᠠᠷ ᠰᠠᠷ᠎ᠠ ᠳᠤ ᠶᠡᠭᠡ ᠠᠭᠤᠯᠠ | ᠪᠠᠨ ᠲᠠᠬᠢᠵᠦ᠂ ︽ᠡᠷ᠎ᠡ ᠶᠢᠨ ᠭᠤᠷᠪᠠᠨ ᠨᠠᠭᠠᠳᠣᠮ︾ ᠡᠷᠬᠢᠯᠡᠵᠦ᠂ ᠬᠤᠯᠠ ᠣᠶᠢᠷ᠎ᠠ ᠶᠢᠨ ᠵᠢᠭᠤᠯᠴᠢᠯᠠᠭᠰᠠᠳ ᠢ ᠣᠷᠢᠨ ᠴᠣᠭᠯᠠᠭᠤᠯᠵᠦ ᠪᠠᠶᠢᠳᠠᠭ᠃ | ᠠᠷᠪᠠ᠂ ᠴᠣᠶᠢᠴᠢᠨ ᠴᠠᠭᠠᠨ ᠨᠠᠭᠤᠷ ᠤᠨ ᠵᠢᠭᠤᠯᠴᠢᠯᠠᠯ ᠤᠨ ᠣᠷᠣᠨ | ᠲᠣᠰ ᠭᠠᠵᠠᠷ ᠨᠢ ᠦᠪᠦᠷᠪᠣᠯᠠᠭ ᠰᠣᠮᠣᠨ ᠤ ᠨᠤᠭᠤᠭᠠᠨᠨᠠᠭᠤᠷ ᠭᠠᠴᠠᠭᠠᠨ ᠳᠤ ᠬᠠᠷᠢᠶᠠᠯᠠᠭᠳᠠᠵᠦ᠂ ᠣᠮᠠᠷᠠᠲᠦ ᠦᠷᠭᠡᠷᠢᠭ ᠤᠨ 49。55、᠂ ᠵᠡᠭᠦᠨ | ᠣᠷᠳᠣᠷᠢᠭ ᠤᠨ 119。34、 ᠲᠤ ᠣᠷᠣᠰᠢᠵᠦ᠂ ᠠᠷᠣ ᠲᠠᠯ᠎ᠠ ᠪᠠᠷ ᠢᠶᠠᠨ ᠬᠤᠩᠭᠤᠯᠵᠢ ᠶᠢᠨ ᠨᠠᠷᠠᠰᠣᠨ ᠰᠢᠭᠤᠢ ᠲᠠᠢ ᠵᠡᠷᠭᠡᠯᠡᠵᠦ᠂ ᠡᠮᠦᠨ᠎ᠡ ᠲᠠᠯ᠎ᠠ ᠪᠠᠷ ᠢᠶᠠᠨ | ᠬᠠᠯᠠᠭᠤᠨ ᠷᠠᠰᠢᠶᠠᠨ ᠤ ᠵᠢᠭᠤᠯᠴᠢᠯᠠᠯ ᠤᠨ ᠣᠷᠣᠨ ᠲᠠᠢ ᠵᠠᠯᠭᠠᠯᠳᠣᠵᠦ᠂ ᠵᠡᠭᠦᠨ ᠲᠠᠯ᠎ᠠ ᠪᠠᠷ ᠢᠶᠠᠨ ᠼᠠᠢ ᠡᠾᠧ ᠵᠢᠭᠤᠯᠴᠢᠯᠠᠯ ᠤᠨ ᠣᠷᠣᠨ ᠲᠠᠢ ᠬᠦᠷᠰᠢᠯᠡᠵᠦ᠂ | ᠡᠷᠬᠢᠨ ᠲᠣᠭᠤᠷᠢᠨ 10 ᠲᠦᠮᠡᠨ ᠮᠣ᠋ ᠪᠠᠶᠢᠭᠠᠯᠢ ᠶᠢᠨ ᠰᠢᠯᠢᠳᠡᠭ ᠰᠠᠶᠢᠨ ᠪᠡᠯᠴᠢᠭᠡᠷ ᠢᠶᠠᠷ ᠬᠦᠷᠢᠶᠡᠯᠡᠭᠳᠡᠵᠦ᠂ ᠢᠮᠢᠨ — ᠢᠷᠪᠢᠰ ᠤᠨ ᠵᠠᠰᠠᠮᠠᠯ ᠵᠠᠮ ᠬᠢᠭᠡᠳ ᠲᠡᠮᠦᠷ | ᠵᠠᠮ ᠨᠠᠭᠤᠷ ᠤᠨ ᠬᠦᠪᠡᠭᠡ ᠪᠠᠷ ᠦᠩᠭᠡᠷᠡᠵᠦ ᠪᠠᠶᠢᠭ᠎ᠠ ᠲᠣᠯᠠ ᠠᠶᠠᠯᠠᠯ ᠵᠢᠭᠤᠯᠴᠢᠯᠠᠯ ᠤᠨ ᠠᠯᠣᠰ ᠢᠷᠡᠭᠡᠳᠦᠢ ᠲᠠᠢ ᠭᠠᠵᠠᠷ ᠪᠣᠯᠣᠨ᠎ᠠ᠃ | ᠲᠣᠰ ᠨᠠᠭᠤᠷ ᠲᠤ ᠮᠣᠭᠠᠢ ᠶᠢᠨ ᠭᠤᠣᠯ ᠴᠢᠳᠬᠤᠵᠦ ᠪᠠᠶᠢᠭ᠎ᠠ ᠪᠣᠯᠬᠤᠷ ᠣᠰᠣᠨ ᠤ ᠡᠬᠢ ᠪᠠᠶᠠᠯᠢᠭ ᠬᠦᠢᠴᠡᠳ᠂ ᠣᠰᠣᠨ ᠤ ᠪᠦᠬᠦ ᠲᠠᠯᠠᠪᠠᠢ 10 ᠲᠦᠮᠡᠨ ᠮᠣ᠋ | ᠂ ᠣᠰᠣᠨ ᠤ ᠬᠦᠨ ᠨᠢ 3 — 4 ᠮᠧᠲᠷ᠂ ᠣᠰᠣ ᠨᠢ ᠪᠣᠵᠠᠷᠳᠣᠯ ᠦᠭᠡᠢ ᠲᠣᠩᠭᠠᠯᠠᠭ ᠴᠡᠩᠭᠡᠭ ᠨᠠᠭᠤᠷ ᠲᠣᠯᠠ ᠡᠯ᠎ᠡ ᠲᠦᠷᠦᠯ ᠤᠨ ᠵᠢᠭᠠᠰᠦ ᠵᠢᠷᠠᠭᠠᠬᠠᠢ᠂ ᠣᠰᠣᠨ | ᠤ ᠣᠷᠭᠤᠮᠠᠯ ᠦᠷᠡᠵᠢᠨ ᠪᠣᠶᠢᠵᠢᠬᠤ ᠳᠤ ᠲᠣᠬᠢᠲᠠᠢ ᠰᠠᠶᠢᠬᠠᠨ ᠭᠠᠵᠠᠷ ᠪᠤᠯᠬᠤ ᠪᠠᠷ ᠦᠯᠦ ᠪᠠᠷᠠᠨ ᠣᠢ ᠰᠢᠭᠤᠢ᠂ ᠡᠪᠡᠰᠦ ᠪᠡᠯᠴᠢᠭᠡᠷ᠂ ᠨᠠᠭᠤᠷ ᠨᠣᠭᠤ᠂ ᠭᠤᠣᠯ | ᠭᠤᠷᠤᠬ᠎ᠠ᠂ ᠲᠣᠪᠤ ᠲᠣᠯᠣᠭᠠᠳ ᠪᠦᠷᠢᠳᠦᠭᠰᠡᠨ ᠣᠢ ᠬᠦᠪᠴᠢ ᠶᠢᠨ ᠠᠮᠢ ᠠᠬᠤᠢ ᠶᠢᠨ ᠵᠢᠭᠤᠯᠴᠢᠯᠠᠯ᠂ ᠲᠠᠯ᠎ᠠ ᠨᠣᠲᠤᠭ ᠤᠨ ᠵᠢᠭᠤᠯᠴᠢᠯᠠᠯ᠂ ᠦᠨᠳᠦᠰᠦᠲᠡᠨ ᠤ ᠵᠠᠩ | ᠦᠢᠯᠡ ᠶᠢᠨ ᠵᠢᠭᠤᠯᠴᠢᠯᠠᠯ ᠢ ᠡᠷᠬᠢᠯᠡᠬᠦ ᠳᠤ ᠵᠣᠬᠢᠴᠠᠬᠤ ᠬᠦᠯᠦᠨ ᠪᠣᠶᠢᠷ ᠤᠨ ᠬᠠᠮᠤᠭ ᠤᠨ ᠪᠦᠷᠢᠨ ᠪᠦᠲᠦᠨ ᠪᠠᠶᠢᠭ᠎ᠠ ᠲᠠᠯ᠎ᠠ ᠨᠣᠲᠤᠭ ᠤᠨ ᠠᠶᠠᠯᠠᠯ ᠵᠢᠭᠤᠯᠴᠢᠯᠠᠯ | ᠤᠨ ᠭᠠᠵᠠᠷ ᠪᠣᠯᠣᠨ᠎ᠠ᠃ | ᠡᠮᠦᠨ᠎ᠡ ᠬᠦᠪᠡᠭᠡᠨ ᠳᠡᠭᠡᠷ᠎ᠡ ᠨᠢ ᠳᠤᠮᠳᠠᠳᠤ ᠤᠯᠤᠰ ᠤᠨ ᠮᠤᠩᠭᠤᠯ ᠦᠨᠳᠦᠰᠦᠲᠡᠨ ᠤ ᠤᠷᠴᠢᠨ ᠦᠶ᠎ᠡ ᠶᠢᠨ ᠤᠷᠠᠨ ᠵᠤᠬᠢᠶᠠᠯ ᠤᠨ ᠦᠨᠳᠦᠰᠦᠯᠡᠭᠴᠢ ᠨᠠ᠊ · | ᠰᠠᠶᠢᠨᠴᠤᠭᠲᠤ ᠶᠢᠨ ︽ᠴᠤᠶᠢᠴᠢᠨ ᠴᠠᠭᠠᠨ ᠨᠠᠭᠤᠷ︾ ᠭᠡᠬᠦ ᠰᠢᠯᠦᠭ ᠢᠶᠠᠨ ᠪᠢᠴᠢᠭᠰᠡᠨ ︽ᠠᠯᠲᠠᠨ ᠬᠠᠳᠠ︾ ᠪᠠᠶᠢᠬᠤ ᠪᠦᠭᠡᠳ ︽ᠢᠷᠠᠭᠤ ᠨᠠᠶᠢᠷᠠᠭ ᠤᠨ ᠤᠪᠤᠭ᠎ᠠ︾ | ᠪᠤᠢ᠃ | | |