ᠰᠢᠨ᠎ᠡ ᠪᠠᠷᠭᠤ ᠵᠡᠭᠦᠨ ᠬᠤᠰᠢᠭᠤᠨ ᠳᠤ ᠥᠪᠡᠷ ᠢᠶᠠᠨ ᠲᠡᠷᠭᠡ ᠵᠢᠯᠤᠭᠤᠳᠴᠤ ᠣᠴᠢᠬᠤ ᠠᠶᠠᠯᠠᠯ ᠢᠶᠠᠨ ᠡᠬᠢᠯᠡᠭᠦᠯᠦᠯ᠎ᠡ
ᠨᠡᠶᠢᠲᠡᠯᠡᠭᠰᠡᠨ ᠴᠠᠭ᠄
2025/4/22
           331 ᠤᠯᠤᠰ ᠤᠨ ᠵᠠᠮ ᠢᠶᠠᠷ᠂ ᠰᠢᠨ᠎ᠡ ᠪᠠᠷᠭᠤ ᠵᠡᠭᠦᠨ ᠬᠤᠰᠢᠭᠤᠨ ᠳᠤ ᠬᠦᠷᠬᠦ ᠠᠶᠠᠨ ᠢᠶᠠᠨ ᠡᠬᠢᠯᠡᠭᠦᠯᠪᠡ᠂ ᠡᠨᠡ ᠪᠣᠯ ᠰᠦᠷᠯᠢᠭ ᠰᠠᠶᠢᠬᠠᠨ  ᠦᠵᠡᠮᠵᠢ ᠲᠠᠢ ᠵᠣᠯᠭᠠᠯᠳᠤᠭᠰᠠᠨ ᠨᠢᠭᠡᠨ ᠤᠳᠠᠭᠠᠨ ᠤ ᠷᠣᠮᠠᠨᠲ᠋ᠢᠭ ᠤᠴᠠᠷᠠᠯ ᠪᠣᠯᠣᠨ᠎ᠠ᠃ᠬᠥᠪᠡᠭᠡ ᠬᠢᠵᠠᠭᠠᠷ ᠨᠢ ᠬᠠᠷᠠᠭᠳᠠᠬᠤ ᠦᠭᠡᠢ ᠥᠷᠭᠡᠨ ᠠᠭᠤᠳᠠᠮ ᠲᠠᠯ᠎ᠠ  ᠨᠤᠲᠤᠭ ᠲᠤ ᠬᠦᠷᠬᠦ ᠳᠤ᠂ ᠥᠭᠡᠳᠡ ᠠᠴᠠ ᠮᠠᠨᠢ ᠢᠨᠢᠶᠡᠮᠰᠦᠭᠯᠡᠨ ᠤᠭᠲᠤᠵᠤ ᠦᠵᠡᠰᠬᠦᠯᠡᠩᠲᠦ ᠰᠠᠶᠢᠬᠠᠨ ᠵᠢᠷᠤᠭ ᠢᠶᠠᠨ ᠠᠯᠭᠤᠷᠬᠠᠨ ᠳᠡᠯᠭᠡᠨ᠎ᠡ᠃ ᠵᠠᠮ ᠤᠨ ᠳᠠᠭᠠᠤ  ᠴᠣᠩᠬᠤ ᠪᠠᠷ ᠭᠠᠳᠠᠭᠰᠢ ᠬᠠᠷᠠᠨ ᠶᠠᠪᠤᠬᠤ ᠳᠤ᠂ ᠬᠥᠬᠡ ᠣᠭᠲᠠᠷᠭᠤᠢ ᠪᠣᠯᠣᠨ ᠨᠣᠭᠤᠭᠠᠨ ᠵᠦᠯᠭᠡ ᠵᠠᠯᠭᠠᠯᠳᠤᠭᠰᠠᠨ ᠮᠡᠲᠦ ᠬᠠᠷᠠᠭᠠᠨ ᠳᠤ ᠲᠣᠳᠣᠷᠠᠵᠤ᠂ ᠵᠡᠭᠦᠳᠦ  ᠵᠡᠷᠭᠡᠯᠭᠡᠨ ᠮᠡᠲᠦ ᠶᠢᠷᠲᠢᠨᠴᠦ ᠳᠤ ᠠᠯᠬᠤᠨ ᠣᠷᠣᠭᠰᠠᠨ ᠮᠡᠲᠦ ᠰᠠᠨᠠᠭᠳᠠᠨ᠎ᠠ᠃               ᠡᠷᠬᠡ ᠴᠢᠯᠦᠭᠡᠲᠦ ᠰᠠᠯᠬᠢ ᠲᠠᠨ ᠤ ᠴᠢᠬᠢᠨ ᠳᠤ ᠲᠠᠯ᠎ᠠ ᠨᠤᠲᠤᠭ ᠤᠨ ᠠᠭᠤᠷ ᠠᠮᠢᠰᠬᠤᠯ  ᠶᠢ ᠳᠠᠭᠠᠭᠤᠯᠤᠨ ᠠᠪᠴᠢᠷᠠᠨ᠎ᠠ᠃ ᠵᠠᠮ ᠤᠨ ᠳᠤᠮᠳᠠ  ᠲᠣᠬᠢᠶᠠᠯᠳᠤᠭᠰᠠᠨ ᠠᠭᠤᠯᠠᠨ ᠳᠣᠪᠣᠴᠠᠭ ᠨᠢ ᠶᠠᠭ ᠯᠠ ᠡᠬᠡ ᠭᠠᠵᠠᠷ ᠤᠨ ᠤᠶᠠᠩᠭᠠᠲᠤ ᠰᠢᠯᠦᠭ ᠰᠢᠭ︔ ᠬᠠᠷᠠᠭᠠᠨ ᠳᠤ ᠲᠣᠳᠣᠷᠠᠭᠰᠠᠨ ᠳᠣᠯᠭᠢᠶᠠᠯᠠᠨ ᠳᠠᠪᠠᠯᠭᠠᠯᠠᠭᠰᠠᠨ  ᠭᠤᠣᠯ ᠮᠥᠷᠡᠨ ᠪᠠᠢᠭᠠᠯᠢ ᠶᠢᠨ ᠨᠠᠶᠢᠷᠠᠯ ᠬᠥᠭᠵᠢᠮ ᠢ ᠴᠢᠪᠬᠠᠳᠠᠨ᠎ᠠ᠃   20240702163338860o4nuxm.jpg             ᠡᠷᠲᠡ ᠳᠡᠭᠡᠳᠦ ᠶᠢᠨ ᠤᠬᠡ ᠲᠡᠦᠬᠡ  ᠶᠢᠨ ᠪᠡᠯᠭᠡ ᠲᠡᠮᠳᠡᠭ ᠪᠣᠯᠤᠭᠰᠠᠨ ᠲᠠᠨᠠᠨ ᠴᠠᠭᠠᠨ ᠮᠣᠩᠭᠤᠯ ᠭᠡᠷ  ᠤᠳ ᠲᠠᠯ᠎ᠠ ᠨᠤᠲᠤᠭ  ᠢ ᠴᠢᠮᠡᠭᠯᠡᠵᠦ᠂  ᠬᠠᠯᠠᠭᠤᠨ ᠰᠡᠳᠬᠢᠯᠲᠦ ᠮᠠᠯᠴᠢᠳ ᠠᠯᠤᠰ ᠤᠨ ᠵᠣᠴᠢᠳ ᠢᠶᠠᠨ ᠢᠨᠢᠶᠡᠳᠦ ᠳᠦᠭᠦᠷᠡᠩ ᠪᠠᠶᠠᠷᠯᠠᠨ ᠤᠭᠲᠤᠨ᠎ᠠ᠃ ᠠᠳᠡ ᠴᠠᠭ ᠮᠥᠴᠡ ᠪᠦᠷ ᠤᠳᠠᠭᠠᠰᠢᠷᠠᠭᠰᠠᠨ ᠰᠢᠭ᠋  ᠪᠣᠯᠵᠤ᠂ ᠬᠥᠯᠥᠨ ᠪᠤᠶᠢᠷ ᠤᠨ ᠲᠠᠯ᠎ᠠ ᠨᠤᠲᠤᠭ ᠤᠨ ᠰᠠᠶᠢᠨ ᠰᠠᠶᠢᠬᠠᠨ  ᠢ ᠪᠡᠶ᠎ᠡ ᠰᠡᠳᠬᠢᠯ ᠢᠶᠠᠷ  ᠢᠶᠠᠨ ᠮᠡᠳᠡᠷᠡᠨ ᠪᠠᠶᠠᠰᠤᠨ᠎ᠠ᠃               331 ᠪᠠᠷ ᠥᠪᠡᠷ  ᠢᠶᠠᠨ ᠲᠡᠷᠭᠡ ᠵᠢᠯᠣᠭᠤᠳᠤᠨ ᠠᠶᠠᠯᠠᠵᠤ᠂ ᠰᠢᠨ᠎ᠡ ᠪᠠᠷᠭᠤ ᠵᠡᠭᠦᠨ ᠬᠤᠰᠢᠭᠤᠨ ᠳᠤ ᠮᠠᠷᠲᠠᠭᠳᠠᠰᠢ ᠦᠭᠡᠢ ᠠᠷᠢᠭᠤᠨ ᠳᠤᠷᠠᠳᠬᠠᠯ  ᠦᠯᠡᠳᠡᠭᠡᠨ᠎ᠡ᠃ᠲᠠᠯ᠎ᠠ ᠨᠤᠲᠤᠭ ᠲᠠᠢ ᠲᠡᠪᠡᠷᠢᠯᠴᠡᠵᠦ᠂ ᠪᠠᠶᠢᠭᠠᠯᠢ ᠲᠠᠢ ᠬᠠᠮᠲᠤ ᠪᠥᠵᠢᠭᠯᠡᠵᠦ᠂ ᠠᠶᠠᠯᠠᠨ ᠲᠣᠭᠤᠷᠢᠵᠤ ᠶᠠᠪᠤᠭ᠎ᠠ ᠬᠥᠮᠥᠰ ᠤᠨ ᠰᠡᠳᠬᠢᠯ ᠰᠠᠨᠠᠭ᠎ᠠ ᠡᠨᠡᠬᠦ  ᠨᠤᠲᠤᠭ ᠳᠡᠪᠢᠰᠬᠡᠷ ᠳᠡᠭᠡᠷ᠎ᠡ  ᠠᠴᠠ ᠬᠠᠮᠤᠭ ᠤᠨ ᠴᠡᠪᠡᠷ ᠠᠷᠢᠭᠤᠨ ᠡᠨᠧᠷᠭᠢ ᠪᠠ ᠰᠢᠮ᠎ᠡ ᠲᠡᠵᠢᠭᠡᠯ ᠢ ᠣᠯᠣᠨ᠎ᠠ᠃ ᠴᠠᠭᠯᠠᠰᠢ ᠦᠭᠡᠢ ᠭᠤᠶᠤ ᠰᠠᠢᠬᠠᠨ ᠪᠠ ᠨᠥᠬᠦᠴᠡᠯ  ᠪᠣᠯᠣᠯᠴᠠᠭ᠎ᠠ ᠶᠢ ᠡᠷᠢᠯᠬᠢᠯᠡᠬᠦ ᠪᠠᠷ ᠮᠣᠷᠳᠠᠶ᠎ᠠ᠂ ᠲᠡᠭᠷᠢ ᠶᠢᠨ ᠠᠭᠤᠳᠠᠮ ᠢ ᠪᠣᠳᠣᠬᠤ ᠦᠭᠡᠢ᠂ ᠭᠠᠵᠠᠷ ᠤᠨ ᠠᠭᠤᠳᠠᠮ ᠢ ᠪᠣᠳᠣᠬᠤ ᠦᠭᠡᠢ᠂ ᠵᠥᠪᠬᠡᠨ ᠴᠡᠪᠡᠷ ᠰᠠᠯᠬᠢᠨ ᠤ  ᠠᠶ᠎ᠠ  ᠪᠠᠷ ᠰᠣᠨᠣᠷ ᠰᠡᠳᠬᠢᠯ ᠢᠶᠠᠨ ᠪᠠᠶᠠᠰᠬᠠᠵᠤ᠂ ᠲᠠᠯ᠎ᠠ ᠳᠦᠭᠦᠷᠡᠩ ᠪᠡᠯᠴᠢᠭᠰᠡᠨ ᠦᠬᠡᠷ ᠬᠤᠨᠢ ᠪᠠᠷ ᠨᠢᠳᠦ ᠪᠠᠨ ᠬᠤᠵᠢᠷᠯᠠᠬᠤ ᠪᠠᠷ ᠬᠥᠯᠥᠨ ᠪᠤᠶᠢᠷ ᠤᠨ ᠲᠠᠯ᠎ᠠ  ᠨᠤᠲᠤᠭ ᠵᠦᠭ ᠠᠶᠠᠨ ᠤ ᠵᠢᠯᠣᠭᠤ  ᠪᠠᠨ ᠬᠥᠲᠥᠯᠥᠶ᠎ᠡ︕  
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ