ᠬᠡᠷᠪᠡ ᠲᠠᠨ ᠤ ᠵᠢᠭᠤᠯᠴᠢᠯᠠᠯ ᠤᠨ ᠳᠠᠩᠰᠠᠨ ᠳᠤ ᠲᠠᠯ᠎ᠠ ᠨᠤᠲᠤᠭ ᠪᠠᠶᠢᠪᠠᠯ ᠬᠤᠷᠳᠤᠨ ᠰᠢᠨ᠎ᠡ ᠪᠠᠷᠭᠤ ᠵᠡᠭᠦᠨ ᠬᠤᠰᠢᠭᠤᠨ ᠳᠤ ᠢᠷᠡᠵᠦ ᠦᠵᠡᠭᠡᠷᠡᠢ~
ᠨᠡᠶᠢᠲᠡᠯᠡᠭᠰᠡᠨ ᠴᠠᠭ᠄
2025/4/22
          ︽ᠵᠢᠯ ᠤᠨ ᠠᠵᠢᠯ ᠬᠠᠪᠤᠷ ᠲᠠᠭᠠᠨ᠂ ᠡᠳᠦᠷ ᠤᠨ ᠠᠵᠢᠯ ᠥᠷᠯᠥᠭᠡ ᠳᠡᠭᠡᠨ︾ ᠭᠡᠵᠦ ᠬᠡᠯᠡᠳᠡᠭ ᠰᠢᠭ ᠶᠡᠷᠦ ᠨᠢ ᠬᠠᠪᠤᠷ  ᠤᠨ ᠨᠠᠭᠠᠳᠤᠨ  ᠵᠤᠭᠠᠴᠠᠯᠲᠠ ᠪᠠᠨ ᠬᠢᠬᠦ ᠦᠭᠡᠢ ᠪᠣᠯ ᠡᠨᠡ ᠵᠢᠯ  ᠤᠨ ᠬᠠᠪᠤᠷ ᠪᠦᠷᠢᠨ ᠪᠦᠲᠦᠨ ᠪᠢᠰᠢ ᠰᠢᠭ ᠪᠣᠳᠤᠭᠳᠠᠨ᠎ᠠ᠃ᠡᠶᠢᠮᠦ ᠰᠠᠶᠢᠬᠠᠨ ᠲᠠᠭᠠᠯᠠᠮᠵᠢᠲᠠᠢ ᠤᠯᠠᠷᠢᠯ ᠳᠤ᠂ ᠬᠡᠷᠪᠡ  ᠲᠠᠨ ᠤ ᠵᠢᠭᠤᠯᠴᠢᠯᠠᠯ ᠤᠨ ᠳᠠᠩᠰᠠᠨ ᠳᠤ ᠲᠠᠯ᠎ᠠ ᠨᠤᠲᠤᠭ ᠪᠠᠶᠢᠪᠠᠯ ᠬᠤᠷᠳᠤᠨ ᠰᠢᠨ᠎ᠡ ᠪᠠᠷᠭᠤ ᠵᠡᠭᠦᠨ ᠬᠤᠰᠢᠭᠤᠨ ᠳᠤ ᠢᠷᠡᠵᠦ ᠦᠵᠡᠭᠡᠷᠡᠢ~              ᠦᠵᠡᠰᠬᠦᠯᠡᠩᠲᠦ ᠰᠠᠶᠢᠬᠠᠨ ᠲᠠᠯ᠎ᠠ ᠨᠤᠲᠤᠭ ᠬᠥᠪᠡᠭᠡ ᠬᠢᠵᠠᠭᠠᠷ ᠨᠢ ᠬᠠᠷᠠᠭᠳᠠᠬᠤ ᠦᠭᠡᠢ᠂ ᠬᠥᠬᠡ ᠲᠡᠭᠷᠢ ᠬᠥᠪᠥᠩ ᠡᠭᠦᠯᠡ᠂ ᠨᠣᠮᠢᠨ ᠡᠪᠡᠰᠦ ᠨᠣᠭᠤᠭᠠᠨ  ᠳᠠᠪᠠᠯᠭᠠᠨ᠂ ᠨᠠᠭᠤᠷ ᠤᠨ ᠤᠰᠤ ᠢᠷᠠᠯᠵᠠᠨ᠂ ᠰᠦᠷᠦᠭ ᠰᠦᠷᠦᠭ ᠦᠬᠡᠷ ᠬᠤᠨᠢ ᠪᠡᠯᠴᠢᠵᠦ᠂ ᠢᠰᠡᠭᠡᠢ ᠭᠡᠷ ᠴᠤᠪᠤᠷᠠᠨ᠂ ᠤᠲᠤᠭ᠎ᠠ ᠰᠤᠭᠤᠨᠠᠭᠯᠠᠵᠤ᠂ ᠲᠠᠯ᠎ᠠ  ᠨᠤᠲᠤᠭ ᠴᠡᠪᠡᠷ ᠲᠤᠩᠭᠠᠯᠠᠭ ᠨᠠᠮ ᠰᠡᠯᠡᠭᠦᠨ᠂ ᠭᠤᠷᠪᠠ ᠲᠠᠪᠤᠨ ᠰᠠᠢᠨ ᠨᠠᠢᠵᠠ ᠲᠠᠢ ᠪᠠᠨ ᠪᠣᠯᠵᠣᠵᠤ ᠶᠠᠪᠤᠨ᠎ᠠ ᠭᠡᠪᠡᠯ ᠶᠠᠪᠤᠬᠤ ᠰᠡᠳᠬᠢᠯ ᠰᠠᠨᠠᠭ᠎ᠠ ᠪᠠᠨ ᠠᠮᠠᠷᠠᠭᠤᠯᠬᠤ  ᠵᠤᠭᠠᠴᠠᠯ ᠢᠶᠠᠨ ᠡᠬᠢᠯᠡᠭᠦᠯᠦᠭᠡᠷᠡᠢ᠃  
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ