ᠬᠥᠯᠥᠨ ᠨᠠᠭᠤᠷ ᠤᠨ ᠵᠡᠭᠦᠨ ᠬᠥᠪᠡᠭᠡᠨ ᠳᠤ ᠪᠠᠶᠢᠳᠠᠭ ᠡᠬᠡ ᠶᠢᠨ ᠬᠤᠶᠠᠷ ᠬᠥᠬᠦ ᠰᠢᠭ ᠬᠤᠯᠪᠤᠭ᠎ᠠ ᠬᠤᠶᠠᠷ ᠠᠭᠤᠯᠠ ᠶᠢ ᠨᠤᠲᠤᠭ ᠤᠨ ᠬᠢᠨ︽ᠬᠤᠯᠪᠤᠭ᠎ᠠ | ᠠᠭᠤᠯᠠ︾ ᠪᠤᠶᠤ︽ᠰᠢᠭᠢᠷ᠎ᠡ ᠬᠤᠯᠪᠤᠭ᠎ᠠ︾ ᠭᠡᠳᠡᠭ᠃ | ᠲᠤᠰ ᠵᠢᠭᠤᠯᠴᠢᠯᠠᠯ ᠤᠨ ᠣᠷᠣᠨ ᠨᠢ ᠭᠤᠣᠯᠳᠠᠭᠤ ᠬᠥᠯᠥᠨ ᠨᠠᠭᠤᠷ ᠤᠨ ᠤᠰᠤ᠂ ᠠᠯᠲᠠᠨ ᠰᠢᠷᠭᠠᠯ ᠡᠯᠡᠰᠦᠨ ᠲᠠᠩ ᠬᠢᠭᠡᠳ ᠠᠭᠤᠯᠠ ᠲᠠᠯ᠎ᠠ᠂ ᠭᠤᠣᠯ | ᠭᠤᠷᠤᠬ᠎ᠠ ᠪᠦᠷᠢᠳᠦᠭᠰᠡᠨ ᠪᠠᠷᠭᠤ ᠨᠤᠲᠤᠭ ᠤᠨ ᠤᠤᠭᠠᠯ ᠲᠥᠷᠬᠦ ᠶᠢ ᠬᠠᠳᠠᠭᠠᠯᠠᠭᠰᠠᠨ ᠲᠡᠦᠬᠡᠲᠦ ᠵᠢᠭᠤᠯᠴᠢᠯᠠᠯ ᠤᠨ ᠣᠷᠣᠨ ᠪᠣᠯᠣᠨ᠎ᠠ᠃ ᠠᠳᠡ ᠬᠥᠯᠥᠨ ᠨᠠᠭᠤᠷ ᠤᠨ | ᠤᠰᠤ ᠣᠶᠢᠯᠤᠨ ᠴᠣᠶᠢᠯᠠᠨ ᠳᠠᠪᠠᠯᠭᠠᠯᠠᠵᠤ᠂ ᠵᠢᠭᠠᠰᠤ ᠵᠢᠷᠠᠭᠠᠬᠠᠢ ᠨᠢ ᠵᠢᠷᠪᠢᠯᠵᠡᠨ ᠢᠷᠠᠯᠵᠠᠨ ᠱᠤᠮᠪᠠᠵᠤ᠂ ᠵᠦᠢᠯ ᠤᠨ ᠰᠢᠪᠠᠭᠤᠳ ᠨᠢ ᠬᠠᠯᠢᠨ ᠳᠡᠭᠦᠯᠢᠨ ᠰᠤᠮᠤᠳᠠᠵᠤ᠂ | ᠬᠤᠯᠠ ᠶᠢᠨ ᠲᠡᠷᠲᠡᠭᠡ ᠬᠥᠪᠡᠭᠡᠨ᠎ᠡ ᠠᠭᠤᠯᠠᠰ ᠬᠥᠬᠡᠷᠡᠨ ᠰᠦᠨᠳᠡᠷᠯᠡᠵᠦ᠂ ᠬᠥᠳᠡᠭᠡ ᠨᠤᠲᠤᠭ ᠤᠨ ᠦᠵᠡᠮᠵᠢ ᠬᠠᠷᠠᠬᠤ ᠨᠢᠳᠦᠨ᠎ᠡ ᠲᠣᠳᠣᠷᠠᠨ ᠬᠤᠯᠠᠳᠠᠵᠤ᠂ ᠬᠦᠷᠦᠯᠴᠡᠨ | ᠢᠷᠡᠭᠰᠡᠨ ᠬᠥᠮᠥᠰ ᠤᠨ ᠬᠦᠰᠡᠯ ᠰᠡᠳᠬᠢᠯ ᠢ ᠠᠷᠭᠠᠮᠵᠢᠨ ᠲᠠᠲᠠᠳᠠᠭ ᠪᠠᠶᠢᠨ᠎ᠠ᠃ ᠬᠥᠯᠥᠨ ᠨᠠᠭᠤᠷ ᠪᠣᠯ ᠮᠠᠨ ᠤ ᠤᠯᠤᠰ ᠤᠨ ᠳᠦᠷᠪᠡᠨ ᠶᠡᠭᠡ ᠴᠡᠩᠭᠡᠭ ᠨᠠᠭᠤᠷ ᠤᠨ | ᠨᠢᠭᠡ ᠪᠥᠭᠡᠳ ᠥᠪᠥᠷ ᠮᠣᠩᠭᠤᠯ ᠤᠨ ᠬᠠᠮᠤᠭ ᠤᠨ ᠲᠣᠮᠣ ᠨᠠᠭᠤᠷ ᠶᠤᠮ᠂ ᠤᠯᠤᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠪᠥᠭᠡᠳ35 | ᠲᠦᠷᠦᠯ ᠤᠨ ᠬᠡᠭᠡᠷ᠎ᠡ ᠶᠢᠨ ᠠᠮᠢᠲᠠᠨ᠂284 ᠲᠦᠷᠦᠯ ᠤᠨ ᠵᠢᠭᠦᠷᠲᠡᠨ ᠰᠢᠪᠠᠭᠤ᠂26 ᠲᠦᠷᠦᠯ ᠤᠨ ᠵᠢᠭᠠᠰᠤ ᠠᠮᠢᠳᠤᠷᠠᠵᠤ ᠪᠠᠶᠢᠳᠠᠭ ᠶᠤᠮ᠃ | ᠲᠤᠰ ᠵᠢᠭᠤᠯᠴᠢᠯᠠᠯ ᠤᠨ ᠣᠷᠣᠨ ᠨᠢ ᠬᠤᠰᠢᠭᠤᠨ ᠲᠥᠪ ᠠᠮᠤᠭᠤᠯᠠᠩ ᠠᠴᠠ ᠬᠤᠶᠢᠰᠢ102 ᠺᠢᠯᠣᠮᠧᠲᠷ᠂ ᠬᠠᠶᠢᠯᠠᠷ ᠬᠤᠲᠠ ᠠᠴᠠ ᠪᠠᠷᠠᠭᠤᠨᠰᠢ180 | ᠺᠢᠯᠣᠮᠧᠲᠷ᠂ ᠬᠢᠯᠢ ᠶᠢᠨ ᠪᠣᠭᠤᠮᠲᠠ ᠮᠠᠨᠵᠤᠤᠷ ᠬᠤᠲᠠ ᠠᠴᠠ ᠵᠡᠭᠦᠨ ᠡᠮᠦᠨᠡᠰᠢ 60 ᠺᠢᠯᠣᠮᠧᠲᠷ ᠵᠠᠶᠢᠲᠠᠢ ᠪᠠᠶᠢᠷᠢᠰᠢᠨ᠎ᠠ᠃ | | | |