| ︽ᠪᠤᠷᠢᠶᠠᠳ ᠤᠳ ᠡᠳᠦᠭᠡ ᠣᠷᠤᠰ᠂ ᠮᠣᠩᠭᠤᠯ᠂ ᠬᠢᠲᠠᠳ᠂ ᠠᠦ᠋ᠰᠳ᠋ᠷᠠᠯᠢᠶ᠎ᠠ ᠣᠯᠤᠰ ᠲᠤ ᠠᠮᠢᠳᠣᠷᠠᠳᠠᠭ᠃ ᠲᠡᠣᠬᠡᠨ ᠦᠯᠣᠭᠡᠢ ᠭᠤᠯᠤᠮᠳᠠ ᠨᠢ ᠰᠤᠶᠤᠨ ᠤ | ᠠᠭᠤᠯᠠᠰ ᠠᠴᠠ ᠡᠷᠭᠦᠨ᠎ᠠ ᠮᠦᠷᠡᠨ᠂ ᠪᠠᠶᠢᠭᠠᠯ ᠳᠠᠯᠠᠢ ᠠᠴᠠ ᠭᠤᠷᠪᠠᠨ ᠭᠤᠣᠯ ᠬᠦᠷᠳᠡᠯ᠎ᠡ ᠪᠢᠯᠡ᠃ ᠪᠤᠷᠢᠶᠠᠳ ᠤᠨ ᠪᠦᠷᠢᠯᠳᠦᠬᠦᠨ ᠳᠤ ᠲᠡᠣᠬᠡᠨ ᠭᠠᠷᠤᠯ ᠤᠨ ᠲᠠᠯ | ᠠ᠋ ᠠᠴᠠ ᠨᠢ ᠠᠪᠴᠣ ᠦᠵᠡᠪᠡᠯ ᠪᠤᠷᠢᠶᠠᠳ᠂ ᠢᠬᠢᠷᠢᠳ᠂ ᠪᠤᠯᠠᠭᠠᠳ᠂ ᠬᠤᠷᠢ ᠲᠦᠮᠡᠳ᠂ ᠲᠠᠪᠤᠨᠠᠩ᠂ ᠴᠤᠩᠭᠤᠯ᠂ ᠠᠪᠭᠠᠳ᠂ ᠠᠳᠬᠤᠨ᠂ ᠬᠠᠲᠠᠬᠢᠨ᠂ | ᠠᠰᠢᠪᠠᠭᠤᠳ᠂ ᠰᠠᠯᠵᠢᠭᠤᠳ᠂ ᠰᠠᠷᠳᠠᠭᠤᠯ᠂ ᠶᠦᠩᠰᠢᠶᠡᠪᠦ᠂ ᠬᠠᠮᠨᠢᠭᠠᠨ᠂ ᠪᠠᠷᠭᠤ᠂ ᠦᠵᠢᠶᠡᠳ ᠬᠡᠮᠡᠬᠦ ᠣᠯᠠᠨ ᠣᠪᠤᠭ ᠤᠨ ᠣᠯᠠᠨ ᠢᠵᠠᠭᠤᠷ ᠲᠠᠢ ᠪᠦᠭᠡᠳ ᠲᠡᠷᠡ | ᠪᠦᠭᠦᠳᠡ ᠣᠳᠣᠮ ᠣᠭᠰᠠᠭᠠᠨ ᠤ ᠪᠠᠨ ᠠᠷᠭᠠᠮᠵᠢᠶ᠎ᠠ ᠶᠢ ᠮᠢᠬ ᠠ᠋ ᠴᠢᠰᠤ ᠪᠠᠷ ᠢᠶᠠᠨ ᠬᠡᠯᠡᠬᠦ ᠨᠢ ᠮᠣᠩᠭᠤᠯ ᠤᠨ ᠶᠡᠭᠡ ᠭᠦᠷᠦᠨ ᠳᠤ ᠨᠢᠭᠡᠲᠦᠨ ᠣᠯᠤᠰ ᠭᠡᠷ ᠢᠶᠠᠨ | ᠳᠡᠳᠬᠦᠵᠤ᠂ ᠲᠡᠣᠬᠡ ᠰᠤᠶᠤᠯ ᠤᠨ ᠨᠢᠭᠡᠳᠦᠮᠡᠯ ᠶᠡᠭᠡ ᠣᠭᠲᠠᠷᠭᠤᠢ ᠳᠤ ᠬᠤᠪᠢ ᠵᠠᠶᠠᠭ᠎ᠠ ᠪᠠᠨ ᠬᠤᠯᠪᠣᠵᠤ ᠶᠠᠪᠣᠭᠰᠠᠨ ᠶᠤᠮ︾ ᠭᠡᠵᠦ ᠪᠢᠮᠪᠠᠰᠦ᠋ᠷᠦᠩ ᠭᠤᠸᠠᠢ ᠣᠷᠠᠨ | ᠢᠷᠠᠭᠤ ᠲᠤᠳᠤᠷᠬᠠᠶᠢᠯᠠᠭᠰᠠᠨ ᠨᠢ ᠪᠤᠢ᠃ | ︽ᠲᠡᠭᠡᠳᠦ ᠢᠵᠠᠭᠤᠷᠲᠤ ᠪᠦᠷᠳᠡ ᠴᠢᠨ᠋ᠸ᠎ᠠ᠂ ᠬᠡᠷᠬᠡᠢ ᠭᠤᠸ᠎ᠠ ᠮᠠᠷᠠᠯ ᠤᠨ ᠬᠠᠮᠳᠤ ᠲᠠᠩᠭᠢᠰ ᠲᠠᠯᠠᠢ ᠶᠢ ᠭᠡᠲᠦᠯᠵᠤ ᠢᠷᠡᠭᠡᠳ ᠣᠨᠣᠨ ᠮᠦᠷᠡᠨ ᠤ ᠡᠬᠢ ᠪᠣᠷᠬᠠᠨ | ᠬᠠᠯᠳᠤᠨ ᠠᠭᠤᠯᠠᠨ ᠳᠤ ᠨᠣᠲᠤᠭᠯᠠᠵᠦ᠂ ᠪᠠᠲᠤᠴᠠᠭᠠᠨ ᠬᠦᠦ ᠲᠦᠷᠦᠭᠦᠯᠵᠠᠢ︾ ᠭᠡᠵᠦ ᠮᠣᠩᠭᠤᠯ ᠤᠨ ᠨᠢᠭᠤᠴᠠ ᠲᠤᠪᠴᠢᠶᠠᠨ ᠡᠬᠢᠯᠡᠳᠡᠭ᠃ ︽ᠲᠠᠩᠭᠢᠰ ᠲᠠᠯᠠᠢ ᠶᠢ | ᠭᠡᠲᠦᠯᠵᠤ︾ ᠭᠡᠳᠡᠭ ᠲᠤ ᠰᠣᠳᠣᠯᠣᠭᠴᠢᠳ ᠮᠠᠷᠭᠤᠯᠳᠤᠨ ᠰᠠᠨᠠᠯ ᠵᠦᠷᠢᠵᠤ᠂ ᠬᠤᠯᠠ ᠣᠶᠢᠷ᠎ᠠ ᠶᠢᠨ᠂ ᠬᠠᠷᠢ ᠦᠪᠡᠷ ᠤᠨ ᠣᠯᠠᠨ ᠳᠠᠯᠠᠢ ᠲᠠᠩᠭᠢᠰ ᠢ ᠨᠡᠷᠡᠯᠡᠬᠦ ᠨᠢ ᠪᠤᠢ | ᠃ ᠡᠭᠦᠨ ᠳᠤ᠄ ︽ᠮᠣᠩᠭᠤᠯ ᠤᠨ ᠵᠠᠷᠢᠮ ᠲᠡᠣᠬᠡᠴᠢᠳ ᠬᠦᠪᠰᠦᠬᠦᠯ ᠨᠠᠭᠤᠷ᠂ ᠡᠭ ᠤᠨ ᠭᠤᠣᠯ ᠤᠨ ᠴᠠᠭᠠᠨ᠎ᠠ ᠠᠴᠠ ᠢᠷᠡᠭᠰᠡᠨ ᠣᠷᠢᠶᠠᠩᠬᠠᠢ ᠭᠠᠷᠤᠯ ᠲᠠᠢ ᠬᠦᠮᠦᠰ | ᠭᠡᠬᠦ᠃ ᠮᠣᠩᠭᠤᠯ ᠪᠤᠷᠢᠶᠠᠳ ᠤᠨ ᠵᠠᠷᠢᠮ ᠲᠡᠣᠬᠡᠴᠢᠳ ᠪᠠᠶᠢᠭᠠᠯ ᠨᠠᠭᠤᠷ᠂ ᠰᠡᠯᠡᠩᠭᠡ ᠮᠦᠷᠡᠨ ᠤ ᠴᠠᠭᠠᠨ᠎ᠠ ᠠᠴᠠ ᠢᠷᠡᠭᠰᠡᠨ ᠪᠤᠯᠠᠭᠠᠴᠢᠳ᠂ ᠬᠡᠷᠡᠮᠦᠴᠢᠳ | ᠭᠡᠳᠡᠭ᠃ ᠡᠸᠦ᠋ᠷᠦᠫᠠ ᠶᠢᠨ ᠲᠡᠣᠭᠡᠴᠢᠳ ᠤᠨ ᠲᠤᠳᠤᠷ᠎ᠠ ᠢᠷᠡᠨ ᠫᠧᠷᠰ ᠠᠴᠠ ᠭᠠᠷᠤᠯ ᠲᠠᠢ ᠨᠧᠰᠲ᠋ᠣᠷᠢᠶᠠᠨ ᠱᠠᠰᠢᠨ ᠲᠠᠢ ᠬᠦᠮᠦᠰ ᠭᠡᠵᠦ ᠦᠵᠡᠬᠦ ᠲᠣᠬᠢᠶᠠᠯᠳᠣᠯ | ᠪᠠᠶᠢᠳᠠᠭ ᠪᠤᠯ ᠰᠡᠭᠦᠯ ᠤᠨ ᠦᠶ᠎ᠡ ᠳᠤ ᠶᠠᠫᠣᠨ ᠤ ᠵᠠᠷᠢᠮ ᠡᠷᠳᠡᠮᠲᠡᠳ ᠶᠠᠫᠣᠨ ᠲᠠᠩᠭᠢᠰ ᠢ ᠭᠠᠲᠤᠯᠵᠤ ᠢᠷᠡᠭᠰᠡᠨ ᠭᠡᠵᠦ ᠲᠠᠭᠠᠮᠠᠭᠯᠠᠵᠤ ᠪᠠᠶᠢᠭ᠎ᠠ ᠰᠣᠷᠠᠭ ᠴᠦ ᠭᠠᠷᠤᠯ᠎ᠠ᠃ | ︾ ᠰᠡᠭᠦᠯ ᠤᠨ ᠬᠤᠶᠠᠷ ᠲᠠᠭᠠᠮᠠᠭᠯᠠᠯ ᠢ ᠠᠩᠬᠠᠷᠤᠯ ᠳᠠᠭᠠᠨ ᠠᠪᠬᠤ ᠦᠭᠡᠢ ᠪᠠᠶᠢᠵᠤ ᠪᠣᠯᠬᠤ ᠪᠢᠵᠠ᠃ 740 ᠭᠡᠳ ᠣᠨ ᠤ ᠦᠶ᠎ᠡ ᠳᠤ ᠲᠦᠷᠺ᠂ ᠣᠶᠢᠭᠤᠷ ᠤᠨ | ᠬᠤᠭᠤᠷᠤᠨᠳᠦ ᠪᠤᠯᠤᠭᠰᠠᠨ ᠰᠢᠷᠦᠭᠦᠨ ᠪᠠᠶᠢᠯᠳᠣᠭᠠᠨ ᠲᠣᠯᠣᠯᠳᠣᠭᠠᠨ ᠳᠤ ᠮᠣᠩᠭᠤᠯ ᠠᠶᠢᠮᠠᠭ ᠤᠳ ᠣᠶᠢᠭᠤᠷ ᠤᠨ ᠲᠠᠯ ᠠ᠋ ᠳᠤ ᠣᠷᠤᠵᠤ ᠳᠠᠶᠢᠳᠤᠭᠠᠳ ᠬᠢᠶᠠᠷ | ᠴᠤᠬᠢᠭᠤᠯᠵᠠᠢ᠃ ᠡᠭᠦᠨ ᠠᠴᠠ ᠠᠮᠢᠳᠦ ᠦᠯᠡᠳᠡᠭᠰᠡᠨ ᠮᠣᠩᠭᠤᠯ ᠠᠶᠢᠮᠠᠭ ᠤᠨ ᠬᠢᠶᠠᠨ᠂ ᠨᠡᠭᠦᠰ ᠭᠡᠭᠴᠢ ᠬᠤᠶᠠᠷ ᠬᠦᠮᠦᠨ ᠲᠦᠷᠺ ᠤᠨ ᠬᠠᠭᠠᠨᠲᠤ ᠣᠯᠤᠰ ᠤᠨ | ᠡᠵᠡᠮᠰᠢᠯ ᠤᠨ ᠭᠠᠳᠠᠨ᠎ᠠ ᠣᠷᠣᠰᠢᠬᠤ ᠦᠷᠡᠵᠢᠯ ᠰᠢᠮ᠎ᠡ ᠲᠠᠢ ᠡᠷᠭᠦᠨ᠎ᠠ ᠭᠤᠣᠯ ᠤᠨ ᠡᠷᠭᠢ ᠳᠤ ᠢᠷᠡᠵᠦ ᠨᠣᠲᠤᠭᠰᠢᠭᠰᠠᠨ ᠲᠤᠬᠠᠢ ᠳᠤᠮᠤᠭ᠂ ᠲᠡᠣᠬᠡ ᠪᠠᠶᠢᠳᠠᠭ᠃ | ᠬᠢᠶᠠᠨ᠂ ᠨᠡᠭᠦᠰ ᠬᠤᠶᠠᠷ ᠠᠯᠳᠠᠷᠲᠣ ᠪᠤᠷᠵᠢᠭᠢᠨ ᠣᠪᠤᠭ ᠤᠨ ᠪᠤᠶᠤ ᠪᠦᠷᠳᠡ ᠴᠢᠨ᠋ᠸ᠎ᠠ ᠭᠤ ᠤᠠ᠋ ᠮᠠᠷᠠᠯ ᠤᠨ ᠲᠠᠭᠡᠳᠤ ᠡᠪᠦᠭᠡ᠃ ᠭᠤᠷᠪᠠᠨ ᠭᠤᠣᠯ ᠤᠨ ᠡᠬᠢ ᠪᠠᠷ | ᠭᠤᠣᠯ ᠲᠦᠯᠦᠪ ᠬᠡᠨᠲᠠᠢ ᠨᠢᠷᠤᠭᠤ᠂ ᠪᠤᠶᠢᠷ ᠨᠠᠭᠤᠷ᠂ ᠳᠤᠷᠤᠨᠠᠲᠤ ᠶᠢᠨ ᠬᠡᠭᠡᠷ᠎ᠡ ᠲᠠᠯ ᠠ᠋ ᠶᠢᠨ ᠪᠠᠷᠠᠭᠤᠨ ᠬᠡᠰᠡᠭ ᠲᠤ ᠨᠣᠲᠤᠭᠯᠠᠵᠦ ᠬᠠᠮᠤᠭ ᠮᠣᠩᠭᠤᠯ ᠬᠠᠨᠯᠢᠭ ᠤᠨ | ᠪᠦᠷᠢᠯᠳᠦᠬᠦᠨ ᠳᠤ ᠪᠠᠶᠢᠭᠰᠠᠨ ᠮᠣᠩᠭᠤᠯ ᠣᠪᠣᠭ ᠠᠶᠢᠮᠠᠭ ᠢ ᠢᠵᠠᠭᠤᠷ ᠤᠨ ᠮᠣᠩᠭᠤᠯ ᠭᠡᠬᠦ ᠪᠤᠯᠤᠭᠰᠠᠨ ᠪᠢᠯᠡ᠃ ᠢᠵᠠᠭᠤᠷ ᠤᠨ ᠮᠣᠩᠭᠤᠯ ᠳᠤ ᠬᠢᠶᠠᠳ ᠶᠠᠰᠤᠨ ᠤ | ᠪᠤᠷᠵᠢᠭᠢᠨ ᠣᠪᠣᠭ ᠤᠨ ᠬᠢᠨ ᠵᠤᠩᠭᠢᠯᠡᠵᠤ᠂ ᠲᠡᠭᠦᠨ ᠠᠴᠠ ᠬᠠᠮᠤᠭ ᠮᠣᠩᠭᠤᠯ ᠤᠨ ᠲᠡᠷᠢᠭᠦᠨ ᠰᠣᠩᠭᠤᠭᠳᠠᠵᠣ ᠪᠠᠶᠢᠪᠠ᠃︾ ᠴᠢᠩᠭᠢᠰ ᠬᠠᠭᠠᠨ ᠨᠢ ᠲᠡᠶᠢᠨᠬᠦ ᠬᠢᠶᠠᠳ | ᠣᠳᠤᠮ ᠤᠨ ᠪᠤᠷᠵᠢᠭᠢᠨ ᠣᠪᠣᠭᠲᠠᠨ ᠪᠢᠯᠡ᠃ | ᠡᠷᠳᠡᠮᠲᠡᠨ ᠰ᠊ · ᠢᠰᠢᠪᠠᠯᠵᠤᠣᠷ᠄ ︽ᠪᠦᠷᠳᠡ ᠴᠢᠨ᠋ᠸ᠎ᠠ᠂ ᠭᠤ ᠤᠠ᠋ ᠮᠠᠷᠠᠯ ᠬᠤᠶᠠᠷ ︵ᠶᠡᠭᠡ ᠵᠠᠭᠤᠨ︶ ᠣᠳᠤ ᠶᠢᠨ ᠦᠪᠦᠷ ᠮᠣᠩᠭᠤᠯ ᠤᠨ ᠨᠣᠲᠤᠭ ᠡᠷᠭᠦᠨ᠎ᠠ | ᠭᠤᠣᠯ ᠤᠨ ᠬᠦᠨᠳᠡᠢ ᠳᠤ ᠨᠣᠲᠤᠭᠯᠠᠵᠦ ᠪᠠᠶᠢᠭᠠᠳ᠂ ᠬᠠᠶᠢᠯᠠᠷ ᠭᠤᠣᠯ ᠢ ᠭᠠᠲᠤᠯᠵᠤ᠂ ᠡᠷᠲᠡᠨ ᠤ ᠠᠯᠳᠠᠷᠲᠣ ᠬᠦᠯᠦᠨ ᠪᠤᠶᠤ ︽ᠳᠠᠯᠠᠢ︾ ᠨᠠᠭᠤᠷ ᠢ ᠭᠡᠲᠦᠯᠵᠤ ︵ | ᠲᠣᠭᠤᠷᠢᠵᠣ︶ ᠪᠣᠷᠬᠠᠨ ᠬᠠᠯᠳᠤᠨ ᠳᠤ ᠨᠡᠭᠦᠵᠦ ᠢᠷᠡᠭᠰᠡᠨ ᠬᠢᠶᠠᠳ ᠣᠪᠤᠭ ᠤᠨ ᠬᠦᠮᠦᠨ︾ ᠭᠡᠳ ᠴᠢᠩᠭᠢᠰ ᠤᠨ ᠠᠯᠳᠠᠨ ᠣᠷᠤᠭ ᠤᠨ ᠬᠢᠨ ᠤ ᠡᠵᠡᠮᠰᠢᠯ ᠪᠠᠶᠢᠭᠰᠠᠨ | ︽ᠣᠣᠭᠠᠯ ᠨᠣᠲᠤᠭ ᠤᠨ ᠭᠤᠣᠯ ᠮᠦᠷᠡᠨ︾ ᠢ ᠪᠦᠷᠳᠡ ᠴᠢᠨ᠋ᠸ᠎ᠠ᠂ ᠭᠤᠸ᠎ᠠ ᠮᠠᠷᠠᠯ ᠤᠨ ᠭᠡᠳᠦᠯᠦᠭᠰᠡᠨ ︽ᠲᠠᠩᠭᠢᠰ ᠳᠠᠯᠠᠢ︾ ᠭᠡᠰᠡᠨ ᠳ᠋ᠦᠩᠨᠡᠯᠳᠡ ᠬᠢᠵᠠᠢ᠃ ᠡᠨᠡ | ᠳ᠋ᠦᠩᠨᠡᠯᠳᠡ ᠨᠢ ᠲᠡᠣᠬᠡᠨ ᠦᠢᠯᠠ ᠲᠠᠢ ᠳᠤᠬᠢᠷᠠᠳᠠᠭ ᠮᠣᠩᠭᠤᠯ ᠦᠨᠳᠦᠰᠦᠲᠡᠨ ᠤ ᠡᠬᠦᠰᠦᠯ ᠤᠨ ᠲᠤᠬᠠᠢ ᠬᠢᠶᠠᠳ ᠡᠪᠦᠭᠡ ᠲᠠᠢ ᠳᠤᠮᠤᠭ᠂ ᠪᠤᠷᠢᠶᠠᠳ ᠤᠨ ᠭᠠᠷᠣᠯ | ᠡᠬᠦᠰᠦᠯ ᠤᠨ ᠲᠤᠬᠠᠢ ᠣᠯᠠᠨ ᠬᠤᠪᠢᠯᠪᠣᠷᠢ ᠪᠠᠷ ᠪᠠᠶᠢᠳᠠᠭ ᠬᠤᠨ ᠤ ᠳᠤᠮᠤᠭ ᠪᠠ ᠮᠣᠩᠭᠤᠯ ᠤᠨ ᠨᠢᠭᠤᠴᠠ ᠲᠤᠪᠴᠢᠶ᠎ᠠ ᠲᠠᠢ ᠭᠤᠷᠮᠤᠰᠤᠨ ᠬᠤᠯᠪᠣᠭᠳᠠᠵᠤ ᠪᠠᠶᠢᠭ᠎ᠠ | ᠦᠨᠳᠦᠰᠦᠯᠡᠯ ᠰᠠᠶᠢᠲᠠᠢ ᠲᠠᠭᠠᠮᠠᠭᠯᠠᠯ ᠶᠤᠮ᠃ | ᠪᠦᠷᠳᠡ ᠴᠢᠨ᠋ᠸ᠎ᠠ᠂ ᠭᠤᠸ᠎ᠠ ᠮᠠᠷᠠᠯ ᠲᠠᠢ ᠰᠢᠲᠠᠷᠯᠠᠵᠤ᠂ ᠲᠡᠳᠡᠨ ᠢ ᠬᠠᠮᠠᠭᠠᠯᠠᠨ ᠪᠣᠷᠬᠠᠨ ᠬᠠᠯᠳᠤᠨ ᠳᠤ ᠠᠪᠴᠢᠷᠠᠭᠰᠠᠨ ᠳᠦᠰᠢᠮᠠᠯ ᠢ ᠪᠠᠷᠭᠤ ᠪᠠᠭᠠᠳᠤᠷ ᠭᠡᠮᠡᠳᠡᠭ᠃ | ᠪᠤᠷᠢᠶᠠᠳ ᠤᠨ ᠣᠭ ᠤᠨ ᠪᠢᠴᠢᠭ ᠭᠤᠣᠯᠳᠠᠭᠤ ᠪᠠᠷᠭᠤ ᠪᠠᠭᠠᠲᠤᠷ ᠢᠶᠠᠷ ᠡᠬᠢᠯᠡᠳᠡᠭ᠃ ︽ᠪᠠᠷᠭᠤᠵᠢᠨ ᠳᠦᠬᠦᠮ ᠤᠨ ᠡᠵᠡᠨ ᠪᠠᠷᠭᠤ ᠪᠠᠭᠠᠳᠤᠷ ᠨᠢ ᠲᠡᠣᠬᠡᠨ ᠬᠦᠮᠦᠨ | ᠪᠦᠭᠡᠳ ︽ᠮᠣᠩᠭᠤᠯ ᠤᠨ ᠨᠢᠭᠤᠴᠠ ᠲᠤᠪᠴᠢᠶᠠᠨ︾ ᠤ 8 ᠵᠦᠢᠯ ᠳᠤ ᠭᠠᠷᠬᠤ ᠪᠠᠷᠭᠤᠳᠠᠢ ᠮᠡᠷᠭᠡᠨ ᠮᠦᠨ ᠭᠡᠵᠦ ᠦᠵᠡᠳᠡᠭ᠃ ︽ᠪᠠᠷᠭᠤ ᠨᠠᠷ ᠤᠨ ᠡᠪᠦᠭᠡ ᠭᠡᠬᠦ | ᠪᠠᠷᠭᠤ ᠠᠶᠢᠮᠠᠭ 6 — 7 ᠳ᠋ᠣᠭᠠᠷ ᠵᠠᠭᠤᠨ ᠳᠤ ᠬᠦᠯᠦᠨ ᠪᠤᠶᠢᠷ ᠤᠨ ᠪᠠᠷᠠᠭᠤᠨ ᠭᠦᠪᠡᠭᠡ ᠪᠠᠷ ᠨᠣᠲᠤᠭᠯᠠᠵᠦ ᠪᠠᠶᠢᠭᠠᠳ 11 ᠳ᠋ᠣᠭᠡᠷ ᠵᠠᠭᠤᠨ ᠠᠴᠠ ᠪᠠᠶᠢᠭᠠᠯ | ᠨᠠᠭᠤᠷ ᠤᠨ ᠵᠡᠭᠦᠨ ᠡᠷᠭᠢ ᠪᠠᠷ ᠨᠣᠲᠤᠭᠯᠠᠬᠤ ᠪᠤᠯᠤᠭᠰᠠᠨ᠃ ᠷᠠᠰᠢᠳ᠋ ᠠᠳ᠋ᠳᠢᠨ ᠤ ᠪᠦᠲᠦᠭᠡᠯ ᠪᠤᠯᠤᠨ ᠮᠣᠩᠭᠤᠯ ᠤᠨ ᠲᠡᠣᠬᠡᠨ ᠳᠤ ᠪᠠᠷᠭᠤ ᠨᠤᠭᠤᠳ᠂ ᠬᠤᠷᠢ᠂ | ᠲᠤᠯᠠᠰ ᠠᠶᠢᠮᠠᠭ ᠤᠳ ᠬᠠᠷᠢᠯᠴᠠᠨ ᠣᠶᠢᠷ᠎ᠠ ᠳᠦᠰᠦᠯᠢᠭ᠂ ᠨᠣᠲᠤᠭ ᠨᠢ ᠴᠦ ᠰᠡᠯᠡᠩᠭᠡ ᠶᠢᠨ ᠰᠤᠯᠤᠭᠠᠢ ᠡᠳᠡᠭᠡᠳ᠂ ᠪᠠᠷᠭᠤᠵᠢᠨ ᠲᠦᠬᠦᠮ ᠳᠤ ᠬᠠᠮᠳᠤ ᠪᠠᠶᠢᠪᠠ᠃ | ᠮᠣᠩᠭᠤᠯ ᠣᠭᠰᠠᠭᠠᠲᠠᠨ ᠤ ᠨᠢᠭᠡ ᠪᠦᠯᠢ ᠪᠤᠯᠬᠤ ᠪᠤᠷᠢᠶᠠᠳ ᠤᠳ ᠤᠨ ᠲᠡᠭᠡᠳᠦ ᠡᠪᠦᠭᠡ ᠪᠠᠷᠭᠤᠵᠢᠨ ᠲᠦᠬᠦᠮ ᠳᠤ ᠠᠵᠤ ᠲᠦᠷᠦᠵᠦ ᠪᠠᠶᠢᠪᠠ᠃ ᠣᠳᠤ ᠴᠦ ᠪᠠᠭ᠋ᠠᠨ | ᠣᠷᠤᠰ ᠮᠠᠶ᠋ᠢᠭ ᠤᠨ ᠰᠡᠭᠦᠯ ᠲᠡᠭᠦᠰᠭᠡᠯ ᠠᠪᠣᠭᠰᠠᠨ ᠴᠦ ᠨᠡᠷ᠎ᠡ ᠪᠠᠨ ᠬᠠᠳᠠᠭᠠᠯᠠᠭᠰᠠᠭᠠᠷ ᠪᠠᠶᠢᠭ᠎ᠠ ᠪᠠᠷᠭᠤᠵᠢᠨᠧᠰᠺᠢ ᠷᠠᠶᠤᠨ ᠪᠤᠯ ᠨᠢᠭᠤᠴᠠ ᠲᠤᠪᠴᠢᠶᠠᠨ ᠪᠤᠯᠤᠨ | ᠪᠤᠰᠤᠳ ᠲᠡᠣᠬᠡᠨ ᠡᠬᠢ ᠰᠣᠷᠪᠤᠯᠵᠢ ᠳᠤ ᠣᠯᠠᠨᠲᠠ ᠳᠤᠷᠠᠳᠤᠭᠳᠠᠳᠠᠭ ᠪᠠᠷᠭᠤᠵᠢᠨ ᠲᠦᠬᠦᠮ ᠮᠦᠨ᠃ | ᠪᠠᠷᠭᠤ ᠪᠠᠭᠠᠳᠤᠷ ᠨᠢ ᠣᠯᠢᠶᠤᠳᠠᠢ ᠲᠦᠷᠭᠡᠨ᠂ ᠪᠤᠷᠢᠶᠠᠳᠠᠢ ᠮᠡᠷᠭᠡᠨ᠂ ᠬᠤᠷᠢᠳᠠᠢ ᠮᠡᠷᠭᠡᠨ ᠬᠡᠮᠡᠬᠦ ᠭᠤᠷᠪᠠᠨ ᠬᠦᠦ ᠲᠠᠢ ᠪᠠᠶᠢᠭᠰᠠᠨ᠃ ᠣᠯᠢᠶᠤᠳᠠᠢ ᠲᠦᠷᠭᠡᠨ | ᠣᠣᠭᠠᠯ ᠨᠣᠲᠤᠭ ᠠᠯᠲᠠᠢ ᠨᠢᠷᠤᠭᠤᠨ ᠤ ᠦᠪᠦᠷ ᠬᠠᠨ ᠦᠭᠡᠳᠡ ᠪᠤᠴᠠᠭᠠᠳ ᠲᠦᠷᠪᠡᠨ ᠣᠶᠢᠷᠠᠳ ᠤᠨ ᠡᠯᠤᠨᠴᠠ ᠪᠤᠯᠵᠤ᠂ ᠪᠤᠷᠢᠶᠠᠳᠠᠢ ᠮᠡᠷᠭᠡᠨ ᠬᠤᠷᠢᠳᠠᠢ ᠮᠡᠷᠭᠡᠨ | ᠬᠤᠶᠠᠷ ᠲᠡᠭᠦᠦ ᠨᠢ ᠡᠴᠢᠭᠡ ᠶᠢᠨ ᠬᠠᠮᠳᠤ ᠦᠯᠡᠳᠡᠵᠤ᠂ ᠪᠠᠶᠢᠭᠠᠯ ᠨᠠᠭᠤᠷ ᠣᠷᠴᠢᠮ ᠤᠨ ᠣᠪᠣᠭ ᠤᠳ ᠣᠳᠤᠮᠯᠠᠵᠤ᠂ ᠬᠤᠷᠢᠳᠠᠢ ᠠᠴᠠ ᠬᠤᠷᠢ ᠲᠦᠮᠡᠳ ᠡᠭᠦᠰᠦᠭᠰᠡᠨ | ᠭᠡᠬᠦ᠃ ᠳ᠋᠊ · ᠪᠢᠮᠪᠠᠰᠦ᠋ᠷᠦᠩ᠄ ︽ᠲᠡᠣᠬᠡ ᠶᠢᠨ ᠰᠣᠷᠪᠤᠯᠵᠢ ᠪᠢᠴᠢᠭ᠂ ᠲᠤᠮᠤᠭ ᠲᠤ ᠦᠭᠦᠯᠡᠬᠦ ᠨᠢ ᠪᠦᠷᠳᠡ ᠴᠢᠨ᠋ᠸ᠎ᠠ ᠶᠢ ᠪᠤᠰᠠᠷᠭᠠᠨᠠ ᠰᠠᠮᠠᠭᠤᠨ ᠤ ᠬᠦᠯ ᠠᠴᠠ | ᠵᠠᠶᠢᠯᠠᠭᠤᠯᠵᠤ᠂ ᠲᠠᠩᠭᠢᠰ ᠲᠠᠯᠠᠢ ᠶᠢ ᠭᠠᠲᠤᠯᠵᠤ ᠣᠨᠣᠨ ᠮᠦᠷᠡᠨ ᠤ ᠡᠬᠢᠨ ᠳᠤ ᠠᠪᠴᠢᠷᠠᠭᠰᠠᠨ ᠲᠦᠰᠢᠮᠡᠯ ᠪᠠᠷᠭᠤ ᠪᠠᠭᠠᠳᠤᠷ ᠲᠠᠶᠢᠰᠤᠩ ᠨᠣᠶᠠᠨ ᠭᠤᠷᠪᠠᠨ ᠬᠦᠦ ᠲᠠᠢ | ᠪᠦᠭᠡᠳ ᠲᠡᠭᠦᠨ ᠤ ᠬᠤᠷᠢᠳᠠᠢ ᠬᠡᠮᠡᠬᠦ ᠬᠡᠣᠬᠡᠨ ᠠᠴᠠ ᠬᠤᠷᠢ ᠲᠦᠮᠡᠳ᠂ ᠡᠯᠶᠤᠷᠳ᠋ᠸᠢ ᠬᠡᠮᠡᠬᠦ ᠬᠡᠣᠬᠡᠨ ᠠᠴᠠ ᠢᠬᠢᠷᠡᠳ ᠪᠠᠭᠤᠯᠭᠠᠭᠠᠳ᠂ ᠭᠦᠷ ᠪᠤᠷᠢᠶᠠᠳ ᠬᠡᠮᠡᠬᠦ | ᠬᠡᠣᠬᠡᠨ ᠠᠴᠠ ᠨᠢ ᠪᠤᠷᠢᠶᠠᠳ ᠣᠮᠤᠭ ᠰᠠᠯᠪᠣᠷᠢᠯᠠᠨ ᠭᠠᠷᠤᠭᠰᠠᠨ︾ ᠭᠡᠬᠦ᠃ ᠭ᠊ · ᠰᠤᠮᠢᠶᠠᠪᠠᠭᠠᠲᠤᠷ᠄ ︽ᠡᠷᠲᠠ ᠣᠷᠢᠳᠣ ᠶᠢᠨ ᠴᠠᠭ ᠲᠤ ᠬᠤᠩᠬᠢᠷᠠᠳ ᠤᠨ | ᠳᠡᠭᠡᠳᠦᠰ ᠤᠨ ︿ᠠᠯᠳᠠᠨ ᠴᠦᠭᠦᠴᠡ﹀ ᠣᠪᠣᠭᠲᠤ ᠲᠦᠷᠦᠭᠰᠡᠨ ᠠᠬ ᠠ᠋ ᠲᠡᠭᠦᠦ ᠭᠤᠷᠪᠠ ᠪᠠᠶᠢᠵᠠᠢ᠃ ᠠᠬᠠᠮᠠᠳ ᠵᠢᠭᠦᠷᠯᠢᠭ ᠮᠡᠷᠭᠡᠨ ᠠᠴᠠ ᠬᠤᠩᠭᠢᠷᠠᠳ ᠠᠶᠢᠮᠠᠭ | ᠡᠭᠦᠰᠦᠭᠰᠡᠨ᠃ ᠣᠳᠠᠭᠠᠬᠢ ᠬᠦᠦ ᠬᠤᠪᠠᠢ ᠰᠢᠷᠭ᠎ᠠ ᠠᠴᠠ ᠢᠬᠢᠷᠡᠰ᠂ ᠣᠯᠬᠤᠨᠣᠳ ᠠᠶᠢᠮᠠᠭ ᠡᠭᠦᠰᠪᠡ᠃ ᠭᠤᠲᠠᠭᠠᠷ ᠬᠦᠦ ᠳᠦᠰᠦᠶᠡᠪᠣᠳᠣ ᠠᠴᠠ ᠣᠯᠠᠨ ᠬᠦᠦ | ᠲᠦᠷᠦᠵᠦ᠂ ᠬᠠᠷᠠᠨᠣᠳ᠂ ᠭᠤᠷᠯᠤᠰ᠂ ᠡᠯᠵᠢᠭᠡᠲᠠᠢ ᠵᠡᠷᠭᠡ ᠣᠪᠤᠭ ᠪᠣᠯᠪᠡ᠃ ᠬᠤᠷᠢ ᠶᠢᠨ ᠪᠤᠷᠢᠶᠠᠳ ᠵᠤᠨ ᠢᠬᠢᠷᠡᠰ ᠠᠶᠢᠮᠠᠭ ᠠᠴᠠ ᠭᠠᠷᠤᠯ ᠲᠠᠢ︾ ᠭᠡᠬᠦ᠃ | ᠭᠤᠷᠪᠠᠨ ᠬᠦᠦ ᠲᠠᠢ ᠨᠢᠭᠡ ᠡᠴᠢᠭᠡ ᠠᠴᠠ ᠰᠠᠯᠪᠣᠷᠢᠯᠠᠭᠰᠠᠨ ᠡᠪᠦᠭᠡ ᠨᠦᠭᠦᠳ ᠠᠴᠠ ᠭᠠᠷᠤᠯ ᠲᠠᠢ ᠮᠣᠩᠭᠤᠯ ᠪᠤᠷᠢᠶᠠᠳ ᠤᠳ ᠨᠢᠭᠡ ᠦᠨᠳᠦᠰᠦ ᠣᠭᠰᠠᠭ᠎ᠠ ᠲᠠᠢ ᠭᠡᠰᠡᠨ | ᠰᠠᠨᠠᠭ᠎ᠠ ᠳᠠᠪᠲᠠᠭᠳᠠᠵᠤ ᠪᠠᠶᠢᠨ᠎ᠠ᠃ ᠬᠤᠷᠢ ᠲᠦᠮᠡᠳ ᠤᠨ ᠲᠠᠭᠡᠳᠤ ᠡᠪᠦᠭᠡ ᠬᠤᠷᠢᠳᠠᠢ ᠮᠡᠷᠭᠡᠨ ᠰᠢᠷᠠᠯᠳᠠᠢ᠂ ᠨᠠᠭᠠᠳᠠᠢ᠂ ᠪᠠᠷᠭᠤᠵᠢᠨ ᠭᠡᠰᠡᠨ ᠭᠤᠷᠪᠠᠨ ᠡᠬᠡᠨᠡᠷ ᠲᠠᠢ | ᠪᠠᠶᠢᠵᠠᠢ᠃ ᠠᠩᠬᠠᠨ ᠤ ᠡᠬᠡᠨᠡᠷ ᠰᠢᠷᠠᠯᠳᠠᠢ ᠨᠢ ᠭᠠᠯᠵᠤᠳ᠂ ᠬᠤᠸᠠᠰᠠᠢ᠂ ᠬᠦᠪᠳᠤᠳ᠂ ᠬᠤᠱᠤᠳ᠂ ᠱᠠᠷᠠᠶᠢᠳ ᠬᠡᠮᠡᠬᠦ ᠲᠠᠪᠣᠨ ᠬᠦᠦ᠂ ᠣᠳᠠᠭᠠᠬᠢ ᠡᠬᠡᠨᠡᠷ | ᠨᠠᠭᠠᠳᠠᠢ ᠨᠢ ᠬᠠᠷᠭᠠᠨ᠎ᠠ᠂ ᠬᠤᠳᠠᠢ᠂ ᠪᠤᠳᠤᠩᠭᠤᠳ᠂ ᠬᠠᠯᠪᠢᠨ᠂ ᠴᠠᠭᠠᠨ᠂ ᠪᠠᠲᠠᠨᠠᠢ ᠭᠡᠰᠡᠨ ᠵᠢᠷᠭᠤᠭᠠᠨ ᠬᠦᠦ ᠲᠦᠷᠦᠭᠦᠯᠵᠠᠢ᠃ ᠭᠤᠲᠠᠭᠠᠷ ᠡᠬᠡᠨᠡᠷ ᠪᠠᠷᠭᠤᠵᠢᠨ | ᠭᠤᠸ᠎ᠠ ᠨᠢ ᠭᠠᠭᠴᠠ ᠦᠬᠢᠨ ᠲᠦᠷᠦᠭᠦᠯᠵᠠᠢ᠃ ᠬᠤᠶᠠᠷ ᠬᠠᠲᠤᠨ ᠤ 11 ᠬᠦᠪᠡᠭᠦᠳ ᠦᠷᠡᠵᠢᠭᠰᠡᠭᠡᠷ ᠬᠤᠷᠢ ᠶᠢᠨ ᠪᠤᠷᠢᠶᠠᠳ ᠤᠨ ᠦᠨᠳᠦᠰᠦᠨ ᠡᠪᠦᠭᠡ ᠶᠢ | ᠡᠭᠦᠰᠭᠡᠭᠰᠡᠨ ᠪᠦᠭᠡᠳ ᠡᠭᠦᠨ ᠢ ᠬᠤᠷᠢ 11 ᠡᠴᠢᠭᠡ ᠭᠡᠨ᠎ᠡ᠃ ︽ᠬᠤᠰᠤ ᠮᠣᠳᠣᠨ ᠰᠡᠷᠭᠡᠲᠠᠢ᠂ ᠬᠤᠨ ᠰᠢᠪᠠᠭᠤ ᠭᠠᠷᠤᠯ ᠲᠠᠢ᠂ ᠬᠤᠷᠢ ᠠᠷᠪᠠᠨ ᠨᠢᠭᠡᠨ ᠡᠴᠢᠭᠡ︾ | ᠭᠡᠰᠡᠨ ᠪᠤᠷᠢᠶᠠᠳ ᠬᠡᠯᠡᠯᠬᠡ ᠳᠤ ᠭᠠᠷᠬᠤ ᠬᠤᠷᠢ 11 ᠣᠪᠤᠭ ᠡᠶᠢᠨᠬᠦ ᠡᠭᠦᠰᠴᠠᠢ᠃ ᠣᠷᠣᠰ ᠤᠨ ᠠᠭ᠎ᠠ ᠶᠢᠨ ᠪᠤᠷᠢᠶᠠᠳ ᠨᠢ ᠳᠡᠭᠡᠷᠡᠬᠢ ᠬᠤᠷᠢ ᠠᠷᠪᠠᠨ ᠨᠢᠭᠡᠨ | ᠡᠴᠢᠭᠡ ᠶᠢᠨ ᠬᠤᠳᠠᠢ᠂ ᠬᠤᠰᠢᠶᠠᠳ᠂ ᠪᠠᠲᠠᠨᠠᠢ ᠣᠷᠤᠭ᠎ᠠ ᠦᠭᠡᠢ ᠠᠭ᠎ᠠ ᠨᠠᠢᠮᠠᠨ ᠡᠴᠢᠭᠡ ᠶᠢᠨ ᠭᠡᠭᠳᠡᠬᠦ ᠣᠪᠤᠭ ᠡᠭᠦᠰᠦᠭᠰᠡᠨ ᠪᠤᠯᠤᠨ᠎ᠠ᠃ ᠬᠤᠷᠢᠳᠠᠢ ᠮᠡᠷᠭᠡᠨ ᠤ | ᠦᠬᠢᠨ ᠲᠦᠷᠦᠭᠦᠯᠤᠭ᠍ᠰᠡᠨ ᠡᠬᠡᠨᠡᠷ ᠨᠢ ᠪᠠᠷᠭᠤᠵᠢᠨ ᠭᠤᠸ᠎ᠠ᠃ ᠦᠬᠢᠨ ᠪᠤᠷᠢᠶᠠᠳ ᠵᠠᠩᠰᠢᠯ ᠢᠶᠠᠷ ᠣᠭ ᠤᠨ ᠪᠢᠴᠢᠭ ᠲᠤ ᠪᠢᠴᠢᠭᠳᠡᠭᠰᠡᠨ ᠦᠭᠡᠢ᠃ ᠪᠠᠷᠭᠤᠵᠢᠨ ᠭᠤᠸ᠎ᠠ | ᠬᠠᠲᠤᠨ ᠢ ᠣᠣᠭᠠᠨ᠂ ᠣᠳᠬᠤᠨ ᠬᠠᠳᠤᠨ ᠪᠠᠶᠢᠭᠰᠠᠨ ᠲᠠᠯ ᠠ᠋ ᠪᠠᠷ ᠰᠣᠳᠣᠯᠣᠭᠴᠢᠳ ᠮᠠᠷᠭᠤᠯᠳᠤᠳᠠᠭ ᠴᠦ᠂ ᠲᠡᠭᠦᠨ ᠤ ᠲᠦᠷᠦᠭᠦᠯᠤᠭ᠍ᠰᠡᠨ ᠭᠠᠭᠴᠠ ᠦᠬᠢᠨ ᠨᠢ | ᠠᠯᠦᠨ ᠭᠤᠸ᠎ᠠ ᠭᠡᠳᠡᠭ ᠲᠤ ᠰᠠᠨᠠᠯ ᠨᠡᠶᠢᠯᠡᠳᠡᠭ᠃ ᠬᠤᠷᠢᠳᠠᠢ ᠮᠡᠷᠭᠡᠨ ᠠᠶᠢᠯ ᠭᠡᠷ ᠪᠤᠯᠵᠤ ᠪᠡᠶ᠎ᠡ ᠲᠠᠭᠠᠭᠠᠭᠰᠠᠨ 11 ᠲᠤᠮᠤ ᠬᠦᠪᠡᠭᠦᠳ᠂ ᠬᠤᠶᠠᠷ ᠠᠬᠠᠮᠠᠳ | ᠬᠠᠳᠤᠳ ᠢᠶᠠᠨ ᠨᠣᠳᠤᠭ ᠲᠠᠭᠠᠨ ᠣᠷᠬᠢᠭᠠᠳ᠂ ᠪᠠᠭ᠎ᠠ ᠬᠠᠳᠤᠨ ᠪᠠᠷᠭᠤᠵᠢᠨ ᠭᠤᠸ᠎ᠠ ᠶᠢᠨ ᠦᠬᠢᠨ ᠠᠯᠦᠨ ᠭᠤᠸ᠎ᠠ ᠶᠢ ᠠᠪᠴᠣ ᠪᠣᠷᠬᠠᠨ ᠬᠠᠯᠳᠤᠨ ᠳᠤ ᠨᠡᠭᠦᠵᠠᠢ᠃ | | ᠬᠤᠨ ᠰᠢᠪᠠᠭᠤ ᠭᠠᠷᠤᠯ ᠤᠨ ᠲᠤᠬᠠᠢ ᠣᠯᠠᠨ ᠳᠤᠮᠤᠭ ᠪᠠᠶᠢᠳᠠᠭ᠃ ᠡᠭᠦᠨ ᠳᠤ ᠳᠠᠰᠢᠨᠨᠢᠮᠠ ᠶᠢᠨ ᠲᠡᠮᠳᠡᠭᠯᠡᠭᠰᠡᠨ ᠳᠤᠮᠤᠭ ᠢ ᠲᠤᠯᠢᠯᠠᠭᠤᠯᠤᠶᠠ᠄ ᠪᠠᠶᠢᠭᠠᠯ | ᠳᠠᠯᠠᠢ ᠶᠢᠨ ᠡᠷᠭᠢ ᠳᠤ ᠶᠠᠪᠣᠵᠤ ᠪᠠᠶᠢᠭᠠᠳ ᠬᠤᠷᠢᠳᠠᠢ ᠮᠡᠷᠭᠡᠨ ᠨᠢᠭᠡᠨ ᠰᠣᠨᠢᠨ ᠵᠦᠢᠯ ᠢ ᠦᠵᠡᠪᠡ ᠭᠡᠨ᠎ᠡ᠃ ᠲᠡᠭᠷᠢ ᠠᠴᠠ ᠨᠢᠰᠴᠤ ᠢᠷᠡᠭᠰᠡᠨ ᠬᠤᠨ ᠰᠢᠪᠠᠭᠤᠳ | ᠳᠠᠯᠠᠢ ᠶᠢᠨ ᠡᠷᠭᠢ ᠳᠤ ᠪᠠᠭᠤᠬᠤ ᠳᠠᠭᠠᠨ᠂ ᠦᠵᠡᠰᠭᠦᠯᠡᠩᠲᠤ ᠦᠬᠢᠳ ᠪᠤᠯᠤᠨ ᠬᠤᠪᠢᠷᠠᠵᠦ᠂ ᠲᠡᠳᠡᠨ ᠤ ᠳᠠᠯᠠᠪᠴᠢ ᠰᠡᠯᠲᠡ ᠨᠢ ᠭᠤᠶᠤᠮᠰᠤᠭ ᠨᠦᠮᠦᠷᠭᠡ ᠪᠣᠯᠪᠡ᠃ | ᠲᠡᠭᠷᠢ ᠶᠢᠨ ᠦᠬᠢᠳ ᠣᠰᠤᠨ ᠳᠤ ᠰᠡᠯᠢᠵᠤ᠂ ᠵᠤᠭᠠᠴᠠᠵᠤ ᠬᠠᠨᠣᠭᠠᠳ᠂ ᠦᠪᠡᠷ ᠦᠪᠡᠷ ᠤᠨ ᠨᠦᠮᠦᠷᠭᠡ ᠪᠠᠨ ᠡᠮᠦᠰᠦᠨ ᠲᠠᠬᠢᠨ ᠬᠤᠨ ᠰᠢᠪᠠᠭᠤᠳ ᠬᠤᠪᠢᠯᠤᠨ | ᠲᠡᠭᠷᠢ ᠶᠢᠨ ᠣᠷᠤᠨ ᠳᠠᠭᠠᠨ ᠪᠤᠴᠠᠳᠠᠭ ᠪᠣᠯᠬᠤ ᠶᠢ ᠬᠤᠷᠢᠳᠠᠢ ᠮᠡᠷᠭᠡᠨ ᠡᠷᠬᠢ ᠶᠢᠨ ᠵᠡᠭᠡᠰᠦᠨ ᠳᠤᠲᠤᠷ᠎ᠠ ᠠᠴᠠ ᠰᠡᠮ ᠠᠵᠢᠭᠯᠠᠨ ᠮᠡᠳᠡᠵᠠᠢ᠃ ᠬᠤᠷᠢᠳᠠᠢ ᠮᠡᠷᠭᠡᠨ | ᠲᠠᠭᠠᠯᠠᠭᠳᠠᠭᠰᠠᠨ ᠪᠦᠰᠡᠬᠦᠢ ᠶᠢᠨ ᠨᠦᠮᠦᠷᠭᠡ ᠶᠢ ᠨᠢᠭᠤᠵᠣ᠂ ᠬᠦᠭᠡᠷᠦᠬᠦᠢ ᠬᠤᠨ ᠳᠠᠯᠠᠪᠴᠢ ᠦᠭᠡᠢ ᠪᠣᠯᠵᠠᠢ᠃ ᠡᠶᠢᠨᠬᠦ ᠲᠡᠭᠷᠢ ᠶᠢᠨ ᠦᠬᠢᠨ ᠭᠠᠵᠠᠷ ᠤᠨ ᠬᠦᠮᠦᠨ ᠤ | ᠬᠡᠷᠬᠡᠢ ᠪᠤᠯᠤᠨ ᠣᠯᠠᠨ ᠬᠡᠣᠬᠡᠳ ᠲᠦᠷᠦᠭᠦᠯᠵᠦ ᠳ᠋ᠧ᠃ ᠬᠦᠮᠦᠨ ︽ ᠬᠤᠨ︾ ᠬᠤᠶᠠᠷ ᠠᠮᠢᠳᠤᠷᠠᠭᠰᠠᠭᠠᠷ ᠴᠠᠭ ᠤᠨ ᠣᠷᠤᠰᠬᠠᠯ ᠳᠤ ᠬᠤᠶᠠᠭᠤᠯᠠ ᠭᠦᠭᠰᠢᠷᠡᠵᠠᠢ᠃ | ᠨᠢᠭᠡ ᠡᠳᠦᠷ ᠡᠬᠡᠨᠡᠷ ᠨᠢ ᠰᠢᠮ᠎ᠡ ᠶᠢᠨ ᠠᠷᠢᠬᠢ ᠨᠡᠷᠡᠬᠦ ᠪᠠᠷ ᠲᠤᠭᠤᠭᠠᠨ ᠳᠠᠭᠠᠨ ᠪᠦᠷᠭᠦᠭᠡᠷ ᠲᠠᠯᠪᠢᠵᠤ᠂ ᠬᠤᠷᠢᠳᠠᠢ ᠲᠤᠭᠤᠭ᠎ᠠ ᠪᠦᠷᠭᠦᠭᠡᠷ ᠢ ᠲᠤᠭᠤᠯ ᠤᠨ | ᠪᠠᠯᠢᠩ ᠢᠶᠠᠷ ᠰᠢᠪᠠᠵᠤ ᠪᠠᠶᠢᠳᠠᠯ᠎ᠠ ᠡᠬᠡᠨᠡᠷ ᠨᠢ ᠮᠢᠨᠦ ᠨᠦᠮᠦᠷᠭᠡ ᠶᠢ ᠦᠵᠡᠭᠦᠯᠦᠭᠡᠴᠢ ᠭᠡᠵᠡᠢ᠃ ︽ᠣᠯᠠᠨ ᠬᠡᠣᠬᠡᠳ ᠲᠠᠢ᠂ ᠦᠲᠡᠯᠦᠭᠰᠡᠨ ᠡᠨᠡ ᠶᠠᠭᠠᠬᠢᠬᠤᠪ ᠭᠡᠵᠦ︾ | ᠭᠡᠮᠡᠨ ᠪᠣᠳᠣᠭᠠᠳ ᠠᠪᠳᠠᠷᠠᠨ ᠳᠠᠭᠠᠨ ᠬᠠᠪ ᠳᠠᠷᠣᠭᠠᠳ ᠪᠠᠷ᠎ᠠ ᠶᠢ ᠨᠢ ᠴᠦ ᠬᠠᠷᠠᠭᠤᠯᠳᠠᠭ ᠦᠭᠡᠢ ᠪᠠᠶᠢᠭᠰᠠᠨ ᠨᠦᠮᠦᠷᠭᠡ ᠶᠢ ᠨᠢ ᠭᠠᠷᠭᠠᠭᠠᠳ ᠦᠭᠴᠠᠢ᠃ ᠭᠡᠳᠡᠯ᠎ᠡ | ᠡᠬᠡᠨᠡᠷ ᠨᠦᠮᠦᠷᠭᠡ ᠪᠠᠨ ᠨᠦᠮᠦᠷᠴᠦ ᠪᠠᠶᠢᠭᠰᠠᠨ ᠢᠶᠠᠨ᠂ ᠬᠤᠨ ᠪᠤᠯᠤᠨ ᠭᠡᠷ ᠤᠨ ᠲᠤᠭᠤᠨᠣᠨ ᠳᠡᠭᠡᠷ᠎ᠡ ᠪᠠᠨ ᠭᠠᠷᠴᠤ ︽ᠭᠠᠩ ᠭᠤᠩ︾ ᠳᠤᠣᠭᠠᠷᠤᠭᠰᠠᠭᠠᠷ ᠳᠡᠭᠡᠭᠰᠢ | ᠨᠢᠰᠴᠤ ᠳ᠋ᠧ᠃ ᠬᠤᠷᠢᠳᠠᠢ ᠮᠡᠷᠭᠡᠨ ᠲᠡᠭᠦᠨ ᠤ ᠬᠦᠯ ᠠᠴᠠ ᠰᠢᠪᠠᠭᠠᠰᠤ ᠬᠢᠵᠦ ᠪᠠᠶᠢᠭᠰᠠᠨ ᠬᠠᠯᠳᠠᠷ ᠭᠠᠷ ᠢᠶᠠᠷ ᠢᠶᠠᠨ ᠵᠢᠭᠤᠷᠠᠭᠠᠳ ᠲᠤᠭᠲᠠᠭᠠᠵᠦ ᠴᠢᠳᠠᠯ ᠦᠭᠡᠢ | ᠬᠤᠴᠣᠷᠴᠠᠢ᠃ ᠬᠤᠨ ᠤ ᠬᠦᠯ ᠬᠠᠷ᠎ᠠ ᠪᠠᠶᠢᠳᠠᠭ ᠨᠢ ᠡᠶᠢᠮᠦ ᠣᠴᠢᠷᠳᠠᠢ ᠭᠡᠨ᠎ᠡ᠃ ᠬᠤᠷᠢᠳᠠᠢ ᠮᠡᠷᠭᠡᠨ ᠭᠤᠷᠪᠠᠨ ᠡᠬᠡᠨᠡᠷ ᠲᠠᠢ ᠪᠠᠶᠢᠭᠰᠠᠨ ᠤ ᠠᠯᠢ ᠨᠢ ︽ ᠬᠤᠨ︾ | ᠭᠠᠷᠤᠯ ᠲᠠᠢ ᠪᠠᠶᠢᠭᠰᠠᠨ ᠢ ᠬᠡᠯᠡᠬᠦ ᠳᠤ ᠪᠡᠷᠬᠡ᠃ | ︽ᠣᠨᠣᠨ᠂ ᠭᠡᠷᠤᠯᠤᠨ᠂ ᠵᠦᠯᠬᠢ᠂ ᠮᠢᠨᠵᠢ ᠵᠡᠷᠭᠡ ᠣᠯᠠᠨ ᠭᠤᠣᠯ ᠤᠳ ᠢ ᠲᠣᠪᠴᠢᠯᠠᠬᠤ ᠨᠢᠷᠤᠭᠤᠨ ᠤ ᠪᠠᠷᠠᠭᠤᠨ ᠦᠷᠭᠦᠯᠵᠢᠯᠡᠯ ᠪᠤᠯᠬᠤ ᠦᠬᠢᠳ ᠬᠡᠣᠬᠡᠳ | ᠬᠡᠮᠡᠬᠦ ᠨᠢᠭᠡᠨ ᠶᠡᠭᠡ ᠦᠨᠳᠦᠷ ᠠᠭᠤᠯᠠ ᠪᠤᠢ᠃ ᠲᠡᠭᠦᠨ ᠤ ᠠᠷᠣ ᠳᠤᠣᠷ᠎ᠠ ᠠᠴᠠ ᠬᠤᠨ ᠶᠡᠭᠡ ᠴᠤᠭᠯᠠᠷᠠᠳᠠᠭ ᠬᠤᠩ ᠤᠨ ᠭᠤᠣᠯ ᠬᠡᠮᠡᠬᠦ ᠶᠡᠭᠡ ᠭᠤᠣᠯ ᠣᠷᠤᠰᠴᠤ | ᠭᠠᠷᠣᠭᠠᠳ ᠰᠢᠷᠠᠭᠤᠯ ᠤᠨ ᠬᠡᠮᠡᠬᠦ ᠭᠤᠣᠯ ᠯᠤᠭ᠋ ᠠ᠋ ᠨᠡᠶᠢᠯᠡᠵᠦ ᠵᠦᠯᠬᠢ ᠭᠤᠣᠯ ᠪᠤᠯᠤᠨ ᠣᠮᠠᠷᠠᠲᠣ ᠲᠠᠰᠢ ᠣᠷᠤᠰᠤᠨ᠎ᠠ᠃ ᠡᠭᠦᠨ ᠳᠤ ᠲᠡᠭᠡᠷ᠎ᠡ ᠳᠤᠷᠠᠳᠤᠭᠰᠠᠨ | ᠡᠷᠬᠢ ᠶᠢᠨ ᠬᠤᠨ ᠬᠡᠮᠡᠭᠴᠢ ᠨᠢ ᠡᠷᠬᠡᠪᠰᠢ ᠡᠭᠦᠨ ᠢ ᠬᠡᠯᠡᠭᠰᠡᠨ ᠮᠡᠳᠦ︾ ᠭᠡᠵᠦ ᠲᠡᠣᠬᠡᠴᠢ ᠠ᠊ · ᠠᠮᠤᠷ ᠲᠡᠮᠳᠡᠭᠯᠡᠭᠰᠡᠨ ᠨᠢ ᠪᠤᠢ᠃ ︽ᠬᠦᠮᠦᠨ᠂ ︿ᠬᠤᠨ﹀ ᠬᠤᠶᠠᠷ | ᠶᠠᠭᠠᠬᠢᠵᠤ ᠠᠮᠢᠳᠣᠷᠠᠳᠠᠭ ᠪᠠᠶᠢᠨ᠎ᠠ︾ ᠭᠡᠰᠡᠨ ᠠᠰᠠᠭᠤᠯᠲᠠ ᠭᠠᠷᠬᠤ ᠤᠤ︖ ᠬᠤᠨ ᠰᠢᠪᠠᠭᠤᠳ ᠴᠤᠭᠯᠠᠷᠠᠳᠠᠭ ᠣᠣᠭᠠᠯ ᠨᠣᠲᠤᠭ ᠡᠷᠭᠦᠨ᠎ᠠ ᠬᠤᠩᠭᠠᠰ ᠬᠤᠪᠢ | ᠲᠠᠪᠢᠯᠠᠩ ᠤᠨ ᠡᠷᠬᠡ ᠪᠠᠷ ᠨᠡᠭᠦᠨ ᠶᠠᠪᠤᠬᠤ ᠳᠠᠭᠠᠨ ᠨᠣᠳᠤᠭ ᠢᠶᠠᠨ ᠰᠠᠨᠠᠭᠠᠯᠵᠠᠨ ︽ᠬᠤᠨ ᠰᠢᠪᠠᠭᠤᠨ ᠭᠠᠷᠤᠯ ᠲᠠᠢ︾ ᠭᠡᠳᠡᠭ ᠪᠤᠯᠤᠭᠰᠠᠨ ᠪᠢᠵᠠ᠃ ᠬᠤᠨ | ᠰᠢᠪᠠᠭᠤᠨ ᠤ ᠬᠠᠨᠢ ᠳᠠᠭᠠᠨ ᠦᠨᠡᠨᠴᠢ ᠴᠢᠨᠠᠷ᠂ ᠴᠡᠪᠡᠷ ᠠᠷᠢᠭᠤᠨ ᠢ ᠪᠡᠯᠭᠡᠳᠡᠭᠰᠡᠨ ᠴᠠᠭᠠᠨ ᠦᠩᠭᠡ ᠵᠡᠷᠭᠡ ᠨᠢ ᠪᠤᠷᠢᠶᠠᠳ ᠤᠨ ᠲᠡᠭᠷᠢ ᠰᠢᠳᠤᠯᠬᠡ ᠲᠠᠢ ᠰᠤᠯᠢᠯᠳᠤᠨ | ᠬᠤᠨ ᠤ ᠳᠤᠮᠤᠭ ᠢ ᠪᠤᠢ ᠪᠤᠯᠭᠠᠭᠰᠠᠨ ᠪᠣᠯᠪᠡ ᠤᠤ᠂ ᠲᠡᠭᠷᠢ ᠶᠢᠨ ᠦᠬᠢᠨ ᠬᠤᠨ ᠰᠢᠪᠠᠭᠤ ᠲᠡᠭᠷᠢ ᠳᠡᠭᠡᠨ ᠪᠣᠴᠠᠭᠰᠠᠨ ᠰᠠᠨᠠᠭ᠋ ᠠ᠋ ᠪᠠᠷ ︽ᠲᠡᠭᠷᠢ ᠢᠵᠠᠭᠤᠷᠲᠤ︾ ᠠᠯᠦᠨ | ᠭᠤᠸ᠎ᠠ ᠨᠣᠲᠤᠭ ᠪᠤᠴᠠᠭᠰᠠᠨ ᠢ ᠬᠡᠯᠡᠭᠰᠡᠨ ᠴᠦ ᠪᠠᠶᠢᠵᠤ ᠪᠤᠯᠬᠤ ᠶᠤᠮ᠃ | ︽ᠮᠢᠬᠠᠨ ᠲᠡᠵᠢᠭᠡᠯᠳᠡᠨ ︿ᠪᠦᠷᠳᠡ ᠴᠢᠨ᠋ᠸ᠎ᠠ﹀᠂ ᠡᠪᠡᠰᠦᠨ ᠲᠡᠵᠢᠭᠡᠯᠳᠡᠨ ︿ᠭᠤᠸ᠎ᠠ ᠮᠠᠷᠠᠯ﹀ ᠢ ᠪᠠᠷᠢᠵᠦ ᠢᠳᠡᠭᠡ ᠦᠭᠡᠢ ᠨᠢ ᠰᠣᠨᠢᠨ︾ ᠭᠡᠵᠦ ᠹᠷᠠᠨᠼᠢ ᠶᠢᠨ | ᠲᠡᠣᠬᠡᠴᠢ ᠮᠢᠱᠧᠯ ᠦᠭᠦᠯᠡᠭᠰᠡᠨ ᠪᠠᠶᠢᠳᠠᠭ᠃ ᠲᠡᠣᠬᠡᠴᠢ ᠠ᠊ · ᠠᠮᠤᠷ᠄ ︽ᠪᠦᠷᠳᠡ ᠴᠢᠨ᠋ᠸ᠎ᠠ ᠨᠢ ᠮᠦᠨ ᠲᠡᠷᠡ ᠦᠶ᠎ᠡ ᠳᠤ ᠢᠷᠡᠭᠰᠡᠨ ᠪᠤᠶᠤ ᠡᠰᠡᠪᠡᠯ ᠠᠭᠤᠯᠠ ᠠᠴᠠ | ᠾᠦᠩᠨᠣ᠂ ᠰᠢᠶᠠᠨᠪᠢ᠂ ᠲᠤᠪᠠ ᠨᠤᠭᠤᠳ ᠤᠨ ᠬᠠᠮᠳᠤ ᠰᠠᠭᠤᠵᠤ ᠪᠠᠶᠢᠭᠰᠠᠨ ᠠᠯᠢᠨ ᠪᠤᠯᠪᠠᠴᠤ ᠨᠢᠭᠡᠨᠲᠡ ᠮᠣᠩᠭᠤᠯ ᠬᠦᠮᠦᠨ᠃ ᠲᠡᠶᠢᠨ ᠠᠲᠠᠯ᠎ᠠ᠂ ᠵᠠᠷᠢᠮ ᠨᠢᠭᠡᠨ | ᠲᠡᠣᠬᠡᠴᠢᠨ ᠠᠴᠠ ᠮᠣᠩᠭᠤᠯᠴᠣᠳ ᠨᠢ ᠦᠪᠡᠷᠰᠡᠳ ᠤᠨ ᠭᠠᠷᠤᠯ ᠢ ᠴᠢᠨ᠋ᠸ᠎ᠠ ᠪᠠ ᠮᠠᠷᠠᠯ ᠬᠡᠮᠡᠬᠦ ᠠᠳᠤᠭᠤᠰᠤ ᠠᠮᠢᠳᠠᠨ ᠠᠴᠠ ᠭᠠᠷᠪᠠ ᠬᠡᠮᠡᠳᠡᠭ ᠭᠡᠮᠡᠨ᠂ ᠪᠦᠷᠳᠡ ᠴᠢᠨ᠋ᠸ᠎ᠠ | ᠂ ᠮᠠᠷᠠᠯ ᠬᠡᠮᠡᠬᠦ ᠶᠢ ᠠᠳᠤᠭᠤᠰᠤ ᠮᠡᠲᠣ ᠪᠠᠷ ᠪᠤᠳᠤᠵᠤ ᠦᠭᠦᠯᠡᠳᠡᠭ ᠪᠠᠶᠢᠨ᠎ᠠ᠃ ᠡᠨᠡ ᠨᠢ ᠴᠢᠨ᠋ᠸ᠎ᠠ᠂ ᠮᠠᠷᠠᠯ ᠬᠡᠮᠡᠬᠦ ᠨᠡᠷ᠎ᠡ ᠠᠴᠠ ᠰᠡᠵᠢᠭᠳᠡᠭᠰᠡᠨ ᠬᠡᠷᠡᠭ ᠪᠣᠯᠣᠯᠲᠠᠢ᠃ | ᠮᠣᠩᠭᠤᠯᠴᠣᠳ ᠤᠨ ᠵᠠᠩᠰᠢᠯ ᠢᠶᠠᠷ ᠡᠳᠡᠭᠡᠷ ᠪᠣᠯᠪᠠᠰᠣ᠂ ᠬᠦᠮᠦᠨ ᠳᠤ ᠴᠢᠨ᠋ᠸ᠎ᠠ ᠪᠠ ᠮᠠᠷᠠᠯ ᠬᠡᠮᠡᠬᠦ ᠨᠡᠷ᠎ᠡ ᠴᠤᠯᠠ ᠦᠭᠬᠦ ᠨᠢ ᠲᠡᠷᠡ ᠦᠶ᠎ᠡ ᠳᠤ ᠪᠠᠶᠢᠳᠣᠭᠠᠢ ᠣᠳᠤ ᠴᠦ | ᠪᠠᠶᠢᠬᠤ ᠠᠮᠤᠢ᠃ ᠮᠠᠷᠠᠯ ᠬᠡᠮᠡᠬᠦ ᠨᠢ ᠪᠠᠰᠠ ᠣᠨ ᠤ ᠨᠡᠷ᠎ᠡ ᠲᠣᠯᠠ ᠮᠣᠩᠭᠤᠯᠴᠣᠳ ᠣᠳᠤᠨ ᠭᠠᠷᠠᠭ ᠢᠶᠠᠷ ᠶᠡᠭᠡ ᠯᠠ ᠨᠡᠷᠡᠯᠡᠳᠡᠭ ᠪᠣᠯᠠᠢ︾ ᠭᠡᠵᠦ ᠳᠡᠭᠡᠷᠡᠬᠢ ᠲᠡᠣᠬᠡᠨ | ᠬᠦᠮᠦᠰ ᠤᠨ ᠨᠡᠷᠡᠰ ᠠᠳᠤᠭᠤᠰᠤ ᠠᠮᠢᠳᠠᠨ ᠲᠠᠢ ᠬᠤᠯᠪᠣᠭ᠎ᠠ ᠦᠬᠡᠢ ᠪᠣᠯᠬᠤ ᠶᠢ ᠦᠭᠦᠯᠡᠳᠡᠭ᠃ ᠶᠡᠷᠦ ᠨᠢ ᠲᠡᠯᠡᠬᠡᠢ ᠶᠢᠨ ᠣᠯᠠᠨ ᠦᠨᠳᠦᠰᠦᠲᠡᠨ ᠤ ᠦᠯᠢᠭᠡᠷ | ᠳᠤᠮᠤᠭ ᠲᠤ ᠪᠡᠯᠭᠡᠳᠡᠯ ᠤᠨ ᠴᠢᠨᠠᠷ ᠲᠠᠢ ᠲᠤᠲ᠋ᠧᠮ ᠤᠨ ᠠᠮᠢᠲᠠᠳ ᠪᠠ ᠶᠠᠮᠠᠷ ᠴᠦ ᠦᠯᠢᠭᠡᠷ ᠳᠤᠮᠤᠭ ᠲᠤᠬᠠᠢ ᠶᠢᠨ ᠦᠨᠳᠦᠰᠦᠲᠡᠨ ᠶᠠᠰᠤᠳᠠᠨ ᠤ ᠦᠵᠡᠯ ᠪᠤᠳᠤᠯ᠂ | ᠭᠤᠸ᠎ᠠ ᠰᠠᠶᠢᠬᠠᠨ ᠤ ᠮᠡᠳᠡᠷᠡᠮᠵᠢ ᠶᠢ ᠢᠯᠡᠷᠬᠡᠶᠢᠯᠡᠳᠡᠭ᠃ ᠪᠠᠶᠢᠭᠠᠯᠢ ᠶᠢᠨ ᠬᠠᠳᠠᠭᠤ ᠰᠢᠷᠦᠭᠦᠨ ᠲᠠᠢ ᠲᠡᠮᠡᠴᠡᠯᠳᠦᠨ ᠠᠮᠢᠳᠣᠷᠠᠳᠠᠭ ᠨᠡᠭᠦᠳᠡᠯᠴᠢᠨ ᠮᠣᠩᠭᠤᠯᠴᠣᠳ ᠲᠤ | ᠴᠢᠨ᠋ᠸᠠᠨᠢ ᠡᠷ᠎ᠡ ᠵᠤᠷᠢᠭᠲᠠᠢ᠂ ᠬᠦᠴᠦ ᠴᠢᠳᠠᠯ ᠲᠠᠢ ᠣᠬᠠᠭᠠᠯᠢᠭ ᠠᠷᠢᠶᠠᠲᠠᠨ᠂ ᠰᠤᠭᠤ ᠮᠠᠷᠠᠯ ᠨᠢ ᠦᠵᠡᠰᠭᠦᠯᠡᠩ ᠭᠤᠸ᠎ᠠ ᠲᠡᠭᠦᠯᠳᠡᠷ ᠬᠢᠭᠡᠳ ᠴᠤᠭᠯᠢᠭ ᠬᠤᠷᠳᠣᠨ | ᠠᠮᠢᠳᠠᠨ ᠳᠤ ᠲᠣᠭᠠᠴᠢᠭᠳᠠᠵᠦ᠂ ᠪᠡᠯᠭᠡᠳᠡᠯ ᠤᠨ ᠲᠤᠲ᠋ᠧᠮ ᠪᠤᠯᠤᠭᠰᠠᠨ ᠢ ᠦᠭᠡᠶᠢᠰᠬᠡᠭᠦ ᠠᠷᠭ᠎ᠠ ᠦᠭᠡᠢ᠃ | ᠪᠤᠷᠢᠶᠠᠳ ᠤᠨ ᠭᠠᠷᠣᠯ ᠡᠬᠦᠰᠦᠯ ᠤᠨ ᠲᠠᠯ ᠠ᠋ ᠪᠠᠷ ᠬᠢ ᠳᠤᠮᠤᠭ ᠲᠤ ᠣᠯᠠᠨ ᠬᠤᠪᠢᠯᠪᠣᠷᠢ ᠪᠠᠷ ᠪᠠᠶᠢᠳᠠᠭ ᠬᠤᠨ ᠤ ᠲᠤᠬᠠᠢ ᠲᠤᠮᠤᠭ ᠠᠴᠠ ᠦᠵᠡᠭᠰᠡᠨ ᠴᠦ᠂ | ᠲᠡᠳᠡ ᠬᠤᠨ ᠰᠢᠪᠠᠭᠤ ᠡᠯᠪᠡᠭ ᠲᠠᠢ ᠡᠷᠭᠦᠨ᠎ᠠ ᠭᠤᠣᠯ ᠤᠨ ᠰᠠᠪᠠ ᠪᠠᠷ ᠨᠣᠲᠤᠭᠯᠠᠵᠦ ᠪᠠᠶᠢᠭᠠᠳ᠂ ᠬᠤᠵᠢᠮ ᠨᠢ ᠪᠠᠶᠢᠭᠠᠯ ᠨᠠᠭᠤᠷ ᠣᠷᠤᠭᠤ ᠨᠡᠭᠦᠭᠰᠡᠨ | ᠪᠠᠷᠭᠤ ᠨᠤᠭᠤᠳ᠂ ᠬᠤᠷᠢ ᠲᠦᠮᠡᠳ ᠠᠶᠢᠮᠠᠭ ᠠᠴᠠ ᠪᠤᠷᠢᠶᠠᠳ ᠤᠳ ᠡᠭᠦᠰᠦᠭᠰᠡᠨ ᠭᠡᠳᠡᠭ ᠲᠠᠢ ᠰᠠᠨᠠᠯ ᠨᠢᠭᠡ ᠪᠠᠶᠢᠨ᠎ᠠ᠃ ᠪᠤᠷᠢᠶᠠᠳ ᠤᠳ ᠡᠷᠳᠡᠨ ᠠᠴᠠ ᠬᠠᠮᠤᠭ | ᠮᠣᠩᠭᠤᠯ ᠬᠠᠨᠯᠢᠭ ᠤᠨ ᠲᠡᠣᠬᠡᠨ ᠦᠯᠣᠭᠡᠢ ᠨᠣᠲᠤᠭ ᠰᠤᠶᠤᠨ ᠤ ᠠᠭᠤᠯᠠᠰ ᠠᠴᠠ ᠡᠷᠭᠦᠨ᠎ᠠ ᠮᠦᠷᠡᠨ᠂ ᠪᠠᠶᠢᠭᠠᠯ ᠳᠠᠯᠠᠢ ᠠᠴᠠ ᠭᠤᠷᠪᠠᠨ ᠭᠤᠣᠯ ᠬᠦᠷᠳᠡᠯ᠎ᠡ | ᠦᠭᠡᠷ᠎ᠡ ᠪᠠᠷ ᠬᠡᠯᠡᠪᠡᠯ ᠭᠤᠷᠪᠠᠨ ᠭᠤᠣᠯ ᠤᠨ ᠡᠬᠢ ᠪᠠᠷ ᠭᠤᠣᠯ ᠲᠦᠯᠦᠪ ᠬᠡᠨᠲᠠᠢ ᠨᠢᠷᠤᠭᠤ᠂ ᠪᠤᠶᠢᠷ ᠨᠠᠭᠤᠷ᠂ ᠳᠤᠷᠤᠨᠠᠲᠤ ᠶᠢᠨ ᠬᠡᠭᠡᠷ᠎ᠡ ᠲᠠᠯ ᠠ᠋ ᠶᠢᠨ ᠪᠠᠷᠠᠭᠤᠨ | ᠬᠡᠰᠡᠭ ᠲᠤ ᠠᠮᠢᠳᠤᠷᠠᠭᠰᠠᠭᠠᠷ ᠢᠷᠡᠵᠡᠢ᠃ ᠲᠡᠭᠡᠬᠦ ᠪᠠᠷ ᠲᠡᠣᠬᠡ ᠡᠭᠦᠰᠦᠯ ᠨᠢᠭᠡᠲᠡᠢ᠂ ᠵᠠᠩ ᠵᠠᠩᠰᠢᠯ ᠳᠦᠰᠦᠭᠡᠲᠠᠢ᠂ ᠱᠠᠰᠢᠨ ᠰᠢᠲᠦᠯᠭᠡ ᠢᠵᠢᠯ᠂ ᠬᠡᠯᠡ ᠰᠣᠶᠣᠯ᠂ | ᠠᠬᠤᠢ ᠠᠳᠠᠯᠢᠬᠠᠨ ᠪᠤᠷᠢᠶᠠᠳ ᠤᠳ ᠶᠠᠭᠠᠬᠢᠬᠤ ᠠᠷᠭ᠎ᠠ ᠦᠭᠡᠢ ᠮᠣᠩᠭᠤᠯ ᠣᠭᠰᠠᠭᠠᠲᠠᠨ ᠤ ᠨᠢᠭᠡᠨ ᠪᠦᠯᠢ ᠶᠣᠮ ᠡ᠃ | ᠪᠤᠷᠢᠶᠠᠳ ᠤᠨ ᠨᠡᠷ᠎ᠡ ᠶᠢᠨ ᠲᠤᠬᠠᠢ ᠳᠤ᠄ ᠪᠤᠷᠢᠶᠠᠳ ᠤᠳ ᠤᠨ ᠣᠭ ᠤᠨ ᠪᠢᠴᠢᠭ ᠪᠦᠷ ᠪᠠᠷᠭᠤ ᠪᠠᠭᠠᠲᠤᠷ ᠤᠨ ᠳᠤᠮᠤᠭ ᠢᠶᠠᠷ ᠡᠬᠢᠯᠡᠳᠡᠭ᠂ ᠲᠡᠭᠦᠨᠴᠢᠯᠡᠨ | ᠬᠠᠮᠤᠭ ᠮᠣᠩᠭᠤᠯ ᠤᠨ ᠪᠦᠷᠢᠯᠳᠦᠬᠦᠨ ᠳᠤ ᠪᠠᠶᠢᠭᠰᠠᠨ ᠪᠠᠷᠭᠤ᠂ ᠬᠤᠷᠢ ᠲᠦᠮᠡᠳ ᠠᠶᠢᠮᠠᠭ ᠤᠳ ᠠᠴᠠ ᠪᠤᠷᠢᠶᠠᠳ ᠵᠤᠨ ᠡᠭᠦᠰᠦᠭᠰᠡᠨ ᠭᠡᠵᠦ ᠲᠡᠣᠬᠡᠴᠢᠳ ᠦᠵᠡᠳᠡᠭ | ᠲᠣᠯᠠ ︽ ᠪᠠᠷᠭᠤ ᠳᠤ︾ ᠭᠡᠰᠡᠨ ᠦᠬᠡᠨ ᠠᠴᠠ ︽ᠪᠤᠷᠢᠶᠠᠳ︾ ᠨᠡᠷ᠎ᠡ ᠡᠭᠦᠰᠦᠭᠰᠡᠨ ᠪᠠᠶᠢᠬᠤ ᠶᠢ ᠦᠭᠡᠢ ᠭᠡᠬᠦ ᠶᠢᠨ ᠭᠠᠵᠠᠷ ᠦᠭᠡᠢ᠃ ᠴᠢᠨ᠋ᠸ᠎ᠠ ᠲᠤᠲ᠋ᠧᠮ ᠲᠠᠢ | ᠮᠣᠩᠭᠤᠯ ᠪᠤᠯᠤᠨ ᠪᠤᠷᠢᠶᠠᠳ ᠠᠶᠢᠮᠠᠭ ᠤᠳ ᠲᠦᠷᠺ ᠤᠨ ᠨᠣᠶᠠᠷᠬᠠᠯ ᠪᠠᠶᠢᠬᠤ ᠦᠶᠡᠰ ᠲᠤ ᠲᠡᠳᠡᠨ ᠢ ᠴᠢᠨ᠋ᠸ᠎ᠠ ᠪᠤᠶᠤ ︽ᠪᠤᠷᠢᠶᠠᠳ︾ ᠭᠡᠮᠡᠨ ᠨᠡᠷᠡᠯᠡᠵᠤ ᠪᠠᠶᠢᠵᠠᠢ᠃ | ᠡᠷᠲᠡᠨ ᠤ ᠲᠦᠷᠦᠭ ᠢᠶᠠᠷ ᠴᠢᠨ᠋ᠸ᠎ᠠ ᠶᠢ ︽ᠪᠤᠷᠧ︾ ᠭᠡᠳᠡᠭ ᠨᠢ ᠪᠤᠷᠢᠶᠠᠳ ᠪᠤᠶᠤ ᠣᠯᠠᠮ ᠢᠶᠠᠷ ᠪᠤᠷᠢᠶᠠᠳ ᠪᠤᠯᠤᠭᠰᠠᠨ ᠭᠡᠬᠦ ᠰᠠᠨᠠᠭ᠎ᠠ ᠴᠦ ᠪᠠᠰᠠ ᠦᠨᠡᠮᠰᠢᠯᠲᠠᠢ᠃ | ᠮᠦᠨ ᠣᠢ ᠶᠢᠨ ᠢᠷᠭᠡᠳ ᠤᠨ ᠲᠣᠭᠠᠨ ᠳᠤ ᠪᠠᠭᠲᠠᠵᠣ ᠶᠠᠪᠣᠭᠰᠠᠨ ᠰᠠᠨᠠᠭ᠋ ᠠ᠋ ᠶᠢ ᠭᠠᠷᠭᠠᠭᠰᠠᠨ ᠪᠤᠷᠭᠠᠰᠤᠨ ᠤ ᠪᠠᠨ ᠪᠤᠶᠤ ︽ᠪᠤᠷᠢᠶᠠᠳ︾ ᠭᠡᠰᠡᠨ ᠦᠭᠡ ᠭᠡᠰᠡᠨ | ᠲᠠᠶᠢᠯᠤᠯ ᠪᠠᠶᠢᠳᠠᠭ᠃ ᠰᠫᠢᠷᠲ ᠴᠠᠭᠠᠨ ᠬᠠᠭᠠᠨᠲᠤ ᠣᠷᠣᠰ ᠤᠨ ᠨᠡᠪᠳᠡᠷᠡᠬᠦ ᠠᠩᠬᠠᠨ ᠤ ᠳᠠᠪᠠᠯᠭᠠᠨ ᠢᠶᠠᠷ ︽ᠬᠠᠷᠢ ᠦᠨᠳᠦᠰᠦᠲᠡᠨ︾ ᠳᠤ ᠬᠠᠨᠳᠤᠬᠤ ᠣᠷᠣᠰ ᠤᠨ | ᠪᠤᠳᠤᠯᠭ᠎ᠠ ᠡᠶᠡᠪᠡᠷᠭᠦᠦ ᠪᠠᠶᠢᠵᠤ᠂ ᠲᠠᠲᠠᠪᠤᠷᠢ ᠲᠦᠯᠦᠬᠦ ᠶᠢ ᠵᠦᠪᠰᠢᠶᠡᠷᠡᠭᠰᠡᠨ ᠢ ︽ᠪᠠᠷᠠᠭᠠᠲᠤ︾ ᠪᠤᠶᠤ ︽ᠪᠤᠷᠢᠶᠠᠳ︾᠂ ᠲᠠᠲᠠᠪᠤᠷᠢ ᠲᠦᠯᠦᠭᠡ ᠦᠭᠡᠢ ᠶᠢ ︽ | ᠮᠣᠩᠭᠤᠯ︾ ᠭᠡᠵᠦ ᠢᠯᠭᠠᠨ ᠪᠦᠷᠢᠳᠬᠡᠵᠦ ᠬᠠᠷᠢ ᠭᠠᠵᠠᠷ ᠤᠨ ᠨᠡᠭᠦᠳᠡᠯᠴᠢᠳ ᠭᠡᠯ ᠦᠭᠡᠢ ᠬᠠᠨᠳᠤᠵᠤ ᠪᠠᠶᠢᠭᠰᠠᠨ ᠦᠶ᠎ᠡ ᠳᠤ᠂ ᠣᠷᠤᠰ ᠬᠡᠯᠡᠨ ᠤ ︽ᠪᠠᠷᠠᠭᠠᠲᠤ︾ | ᠦᠭᠡ ᠶᠢᠨ ᠰᠤᠨᠵᠢᠷᠠᠭᠰᠠᠨ ᠳᠠᠭᠤᠳᠠᠯᠭ᠎ᠠ ︽ᠪᠤᠷᠢᠶᠠᠳ︾ ᠪᠤᠯᠤᠭᠰᠠᠨ ᠭᠡᠳᠡᠭ ᠰᠢᠨ᠎ᠡ ᠦᠶ᠎ᠡ ᠶᠢᠨ ᠲᠡᠦᠬᠡ ᠲᠠᠢ ᠬᠤᠯᠪᠤᠭᠳᠠᠨ ᠭᠠᠷᠤᠭᠰᠠᠨ ᠣᠶᠢᠯᠠᠭᠠᠯᠲᠠ | ᠬᠠᠮᠤᠭ ᠤᠨ ᠲᠦᠭᠡᠮᠡᠯ ᠬᠤᠪᠢᠯᠪᠤᠷᠢ᠃ ᠮᠣᠩᠭᠤᠯ ᠣᠭᠰᠠᠭᠠᠲᠠᠨ ᠤ ᠨᠢᠭᠡ ᠰᠠᠯᠠᠭ᠋ ᠠ᠋ ᠮᠦᠴᠢᠷ ᠪᠤᠯᠬᠤ ᠪᠤᠷᠢᠶᠠᠳ ᠤᠨ ᠣᠭᠰᠠᠭ᠋ ᠠ᠋ ᠭᠠᠷᠤᠯ ᠪᠤᠯᠤᠨ ᠨᠡᠷ᠎ᠡ ᠶᠢᠨ ᠬᠢᠨᠢ | ᠡᠬᠦᠰᠦᠯ ᠤᠨ ᠠᠰᠠᠭᠤᠳᠠᠯ ᠡᠭᠡᠳᠡᠷᠡᠭᠡᠨ ᠲᠠᠢ ᠪᠦᠭᠡᠳ ᠡᠳᠦᠭᠡ ᠪᠣᠯᠲᠠᠯ ᠠ᠋ ᠨᠡᠶᠢᠲᠡ ᠪᠠᠷ ᠬᠦᠯᠢᠶᠡᠨ ᠵᠦᠪᠰᠢᠶᠡᠷᠡᠭᠰᠡᠨ ᠲᠠᠶᠢᠯᠪᠣᠷᠢᠯᠠᠯ ᠦᠭᠡᠢ ᠪᠢᠯᠡ᠃ | | | |