ᠦᠷᠭᠡᠨ ᠠᠭᠤᠳᠠᠮ ᠡᠸ᠋ᠨᠩᠬᠢ ᠶᠢᠨ ᠲᠠᠯ᠎ᠠ ᠨᠣᠲᠤᠭ 15 ᠲᠦᠮᠡ ᠭᠠᠷᠣᠢ ᠦᠨᠳᠦᠰᠦᠲᠡᠨ ᠤ ᠬᠦᠪᠡᠭᠦᠨ ᠦᠬᠢᠳ ᠢ ᠬᠦᠮᠦᠵᠢᠬᠦᠯᠦᠨ ᠪᠣᠶᠢᠵᠢᠭᠤᠯᠵᠣ᠂ | ᠦᠨᠳᠦᠰᠦᠲᠡᠨ ᠨᠦᠭᠦᠳ ᠤᠨ ᠠᠷᠠᠳ ᠲᠦᠮᠡᠨ ᠨᠠᠮ ᠤᠨ ᠦᠨᠳᠦᠰᠦᠲᠡᠨ ᠤ ᠲᠦᠷᠦ ᠶᠢᠨ ᠪᠣᠳᠣᠯᠭ᠎ᠠ ᠶᠢᠨ ᠲᠣᠶᠠᠭᠠᠯᠠᠯ ᠳᠣᠣᠷ᠎ᠠ᠂ ᠪᠦᠯᠬᠦᠮᠳᠡᠨ ᠲᠡᠮᠡᠴᠡᠵᠦ᠂ ᠶᠡᠭᠡ | ᠬᠡᠮᠵᠢᠶᠡᠨ ᠤ ᠦᠢᠯᠡᠳᠪᠦᠷᠢᠯᠡᠯ ᠠᠮᠢᠳᠣᠷᠠᠯ ᠤᠨ ᠦᠢᠯᠡᠳᠦᠯᠭᠡ ᠪᠠᠷ ᠢᠶᠠᠨ ᠲᠠᠯ᠎ᠠ ᠨᠣᠲᠤᠭ ᠤᠨ ᠬᠡᠷᠡᠯ ᠰᠠᠴᠣᠷᠠᠩᠭᠤᠢ ᠰᠣᠶᠣᠯ ᠢ ᠡᠭᠦᠳᠦᠭᠰᠡᠨ ᠶᠣᠮ᠃ ᠬᠦᠨ | ᠵᠣᠵᠠᠭᠠᠨ ᠰᠣᠶᠣᠯ ᠤᠨ ᠠᠭᠤᠯᠠᠭᠳᠠᠬᠤᠨ ᠨᠢ ᠰᠣᠶᠣᠯ ᠤᠨ ᠦᠢᠯᠡᠰ ᠤᠨ ᠬᠦᠭᠵᠢᠯᠲᠡ ᠳᠤ ᠰᠠᠭᠤᠷᠢ ᠲᠠᠯᠪᠢᠭᠰᠠᠨ ᠶᠣᠮ᠃ | ᠬᠤᠰᠢᠭᠤᠨ ᠤ ᠨᠠᠮ ᠤᠨ ᠬᠤᠷᠢᠶ᠎ᠠ᠂ ᠬᠤᠰᠢᠭᠤᠨ ᠤ ᠵᠠᠰᠠᠭ ᠤᠨ ᠣᠷᠳᠣᠨ ᠠᠴᠠ ᠰᠣᠶᠣᠯ ᠤᠨ ᠦᠢᠯᠡᠰ ᠢ ᠳᠡᠭᠡᠳᠦ ᠬᠡᠮᠵᠢᠶ᠎ᠡ ᠪᠠᠷ ᠬᠦᠨᠳᠦᠳᠬᠡᠨ ᠦᠵᠡᠵᠦ᠂ | ᠰᠣᠶᠣᠯ ᠤᠨ ᠪᠠᠶᠢᠭᠤᠯᠣᠯᠲᠠ ᠶᠢ ᠪᠦᠬᠦ ᠬᠤᠰᠢᠭᠤᠨ ᠤ ᠪᠠᠨ ᠬᠦᠭᠵᠢᠭᠦᠯᠦᠯᠲᠡ ᠶᠢᠨ ᠲᠦᠯᠦᠪᠯᠡᠭᠡ ᠳᠤ ᠵᠢᠬᠰᠠᠭᠠᠨ ᠣᠷᠣᠭᠤᠯᠵᠣ᠂ ᠦᠨᠳᠦᠰᠦᠲᠡᠨ ᠤ ᠰᠣᠶᠣᠯ ᠤᠨ | ᠲᠣᠮᠣ ᠬᠤᠰᠢᠭᠤ ᠶᠢ ᠪᠦᠲᠦᠭᠡᠨ ᠪᠠᠶᠢᠭᠤᠯᠬᠤ ᠳᠡᠮᠡᠴᠡᠬᠦ ᠬᠠᠷᠠᠯᠲᠠ ᠶᠢ ᠳᠣᠷᠠᠳᠴᠣ ᠭᠠᠷᠭᠠᠭᠰᠠᠨ ᠨᠢ ᠰᠣᠶᠣᠯ ᠪᠡᠶ᠎ᠡ ᠶᠢᠨ ᠲᠠᠮᠢᠷ ᠤᠨ ᠦᠢᠯᠡᠰ ᠤᠨ ᠴᠡᠴᠡᠭᠯᠡᠨ | ᠬᠦᠭᠵᠢᠬᠦ ᠶᠢ ᠠᠬᠢᠭᠤᠯᠪᠠ᠃ ᠦᠪᠡᠷᠲᠡᠭᠡᠨ ᠵᠠᠰᠠᠬᠤ ᠬᠤᠰᠢᠭᠤ ᠣᠷᠢᠳ ᠬᠤᠵᠢᠳ ︽ ᠪᠦᠬᠦ ᠣᠯᠣᠰ ᠤᠨ ᠰᠣᠶᠣᠯ ᠤᠨ ᠲᠡᠷᠢᠬᠦᠨ ᠤ ᠰᠢᠶᠠᠨ︾᠂ ︽ ᠪᠦᠬᠦ | ᠣᠯᠣᠰ ᠤᠨ ᠪᠡᠶ᠎ᠡ ᠲᠠᠮᠢᠷ ᠤᠨ ᠲᠡᠷᠢᠬᠦᠨ ᠤ ᠬᠤᠰᠢᠭᠤ︾᠂ ︽ ᠪᠦᠬᠦ ᠣᠯᠣᠰ ᠤᠨ ᠲᠡᠣᠬᠡ ᠶᠢᠨ ᠳᠣᠷᠠᠰᠬᠠᠯᠳᠣ ᠵᠦᠢᠯᠡᠰ ᠤᠨ ᠠᠵᠢᠯ ᠤᠨ ᠲᠡᠷᠢᠬᠦᠨ ᠤ ᠰᠢᠶᠠᠨ︾᠂ | ︽ ᠪᠦᠬᠦ ᠣᠯᠣᠰ ᠤᠨ ᠦᠨᠳᠦᠰᠦᠲᠡᠨ ᠤ ᠪᠡᠶ᠎ᠡ ᠶᠢᠨ ᠲᠠᠮᠢᠷ ᠤᠨ ᠠᠵᠢᠯ ᠤᠨ ᠵᠢᠱᠢᠶᠡᠴᠢ ᠬᠠᠮᠲᠣ ᠨᠡᠶᠢᠲᠡ︾᠂ ︽ ᠪᠦᠬᠦ ᠣᠷᠣᠨ ᠤ ᠠᠷᠠᠳ ᠤᠨ ᠲᠠᠭᠤᠣ | ᠪᠦᠵᠢᠭ ᠣᠷᠠᠯᠢᠭ ᠤᠨ ᠨᠣᠲᠤᠭ︾ ᠵᠡᠷᠭᠡ ᠢᠷᠠᠭᠤ ᠠᠯᠳᠠᠷ ᠤᠨ ᠴᠣᠯᠠ ᠶᠢ ᠣᠯᠪᠠ︔ ᠬᠤᠰᠢᠭᠤᠨ ᠤ ᠣᠯᠠᠭᠠᠨᠮᠦ᠋ᠴᠢᠷ 2003 — 2005 ᠣᠨ ᠤ | ᠦᠨᠡᠯᠡᠯᠲᠡ ᠪᠠ ᠰᠢᠯᠭᠠᠨ ᠠᠪᠣᠯᠳᠠ ᠳᠤ ︽ ᠪᠦᠬᠦ ᠣᠷᠣᠨ ᠤ ᠨᠢᠭᠡᠳᠦᠭᠡᠷ ᠲᠦᠷᠦᠯ ᠤᠨ ᠣᠯᠠᠭᠠᠨᠮᠦ᠋ᠴᠢᠷ︾ ᠪᠠ ︽ ᠪᠦᠬᠦ ᠣᠷᠣᠨ ᠤ ᠠᠷᠪᠠᠨ ᠰᠣᠳᠣᠨ | ᠣᠯᠠᠭᠠᠨᠮᠦ᠋ᠴᠢᠷ︾ ᠢᠶᠠᠷ ᠦᠨᠡᠯᠡᠭᠳᠡᠵᠦ᠂ ᠦᠪᠡᠷᠲᠡᠭᠡᠨ ᠵᠠᠰᠠᠬᠤ ᠣᠷᠣᠨ ᠤ ᠣᠯᠠᠭᠠᠨᠮᠦ᠋ᠴᠢᠷ ᠤᠨ ᠡᠩᠨᠡᠬᠡᠨ ᠤ ᠲᠡᠷᠢᠬᠦᠨ ᠳᠤ ᠵᠢᠬᠰᠠᠭᠠᠭᠳᠠᠪᠠ︔ ᠪᠠᠶᠠᠨᠳᠠᠯ᠎ᠠ | ᠳᠠᠭᠤᠷ ᠦᠨᠳᠦᠰᠦᠲᠡᠨ ᠤ ᠰᠢᠶᠠᠩ ᠤᠨ ᠰᠣᠶᠣᠯ ᠤᠨ ᠦᠷᠳᠡᠭᠡ ᠦᠪᠡᠷᠲᠡᠭᠡᠨ ᠵᠠᠰᠠᠬᠤ ᠣᠷᠣᠨ ᠤ ︽ᠠᠷᠪᠠᠨ ᠰᠣᠳᠣᠨ ᠰᠣᠶᠣᠯ ᠤᠨ ᠦᠷᠳᠡᠭᠡ︾ ᠪᠠᠷ | ᠦᠨᠡᠯᠡᠭᠳᠡᠵᠦ᠂ ᠡᠸ᠋ᠨᠩᠬᠢ ᠶᠢᠨ ᠣᠯᠠᠮᠵᠢᠯᠠᠯᠲᠣ ᠪᠡᠶ᠎ᠡ ᠲᠠᠮᠢᠷ ᠤᠨ ᠲᠦᠷᠦᠯ ᠵᠦᠢᠯ ᠪᠣᠯᠬᠤ ︽ᠴᠦ᠋ ᠪᠣᠯᠢᠶᠠᠯᠳᠣᠬᠤ︾ ᠬᠦᠳᠡᠯᠭᠡᠭᠡᠨ ᠨᠢ ᠪᠦᠬᠦ ᠣᠯᠣᠰ ᠤᠨ | ᠵᠢᠷᠭᠤᠳᠣᠭᠠᠷ ᠬᠤᠭᠤᠴᠠᠭᠠᠨ ᠤ ᠠᠷᠠᠳ ᠤᠨ ᠪᠡᠶ᠎ᠡ ᠲᠠᠮᠢᠷ ᠤᠨ ᠴᠣᠭᠯᠠᠭᠠᠨ ᠳᠤ ᠣᠷᠣᠯᠴᠠᠭᠰᠠᠨ ᠪᠦᠭᠡᠳ ᠲᠣᠭᠯᠠᠯᠲᠠ ᠶᠢᠨ ᠲᠦᠷᠦᠯ ᠤᠨ ᠬᠤᠶᠠᠳᠣᠭᠠᠷ ᠳᠡᠰ ᠤᠨ | ᠱᠠᠩᠨᠠᠯ ᠬᠦᠷᠳᠡᠪᠡ᠂ 20 ᠺᠢᠯᠣᠮᠧᠲᠷ ᠤᠨ ᠬᠤᠷᠳᠣᠨ ᠮᠣᠷᠢᠨ ᠤ ᠣᠷᠣᠯᠳᠣᠭᠠᠨ ᠨᠢ ᠬᠤᠯᠠ ᠬᠦᠶᠦᠳᠡᠯ ᠤᠨ ᠮᠣᠷᠢᠨ ᠤ ᠣᠷᠣᠯᠳᠣᠭᠠᠨ ᠤ ᠱᠠᠩᠬᠠᠢ ᠶᠢᠨ ᠲᠣᠮᠣ | ᠶᠢᠷᠲᠢᠨᠴᠦ ᠶᠢᠨ ᠬᠢᠨᠢᠰ ᠤᠨ ᠳᠣᠮᠳᠠᠳᠣ ᠶᠢᠨ ᠬᠠᠮᠤᠭ ᠢ ᠡᠭᠦᠳᠪᠡ᠃ | ᠨᠢᠭᠡ᠂ ᠰᠣᠶᠣᠯ ᠤᠨ ᠪᠡᠯᠡᠳᠬᠡᠮᠵᠢ ᠲᠦᠭᠦᠭᠡᠷᠦᠮᠵᠢ ᠶᠢ ᠪᠦᠷᠢᠨᠰᠢᠭᠦᠯᠵᠦ᠂ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠴᠡᠴᠡᠭᠯᠡᠭᠦᠯᠦᠨ ᠬᠦᠭᠵᠢᠬᠦᠯᠪᠡ | ᠰᠣᠶᠣᠯ ᠤᠨ ᠪᠡᠯᠡᠳᠬᠡᠮᠵᠢ ᠲᠦᠭᠦᠭᠡᠷᠦᠮᠵᠢ ᠪᠣᠯ ᠣᠯᠠᠨ ᠲᠦᠮᠡᠨ ᠤ ᠰᠣᠶᠣᠯ ᠤᠨ ᠠᠮᠢᠳᠣᠷᠠᠯ ᠢ ᠴᠡᠴᠡᠭᠯᠡᠬᠦᠨ ᠬᠦᠭᠵᠢᠬᠦᠯᠬᠦ᠂ ᠲᠡᠷᠢᠬᠦᠨ ᠤ ᠰᠣᠶᠣᠯ ᠢ | ᠣᠯᠠᠮᠵᠢᠯᠠᠬᠤ ᠶᠢᠨ ᠴᠢᠬᠤᠯᠠ ᠵᠢᠬᠰᠠᠭᠠᠯ ᠤᠨ ᠭᠠᠵᠠᠷ ᠮᠦᠨ᠂ ᠮᠠᠨ ᠤ ᠬᠤᠰᠢᠭᠤᠨ ᠤ ᠡᠳ᠋ ᠤᠨ ᠬᠦᠴᠦᠨ ᠪᠠᠴᠢᠮ ᠪᠠᠶᠢᠭ᠎ᠠ ᠪᠠᠶᠢᠳᠠᠯ ᠳᠣᠣᠷ᠎ᠠ᠂ ᠣᠯᠠᠨ ᠲᠠᠯ᠎ᠠ ᠠᠴᠠ | ᠪᠡᠯᠡ ᠮᠦᠩᠬᠦ ᠴᠣᠭᠯᠠᠭᠤᠯᠵᠣ ᠪᠠᠶᠢᠭᠠᠳ 7 ᠰᠣᠮᠣ ᠰᠢᠶᠠᠩ ᠪᠠᠯᠭᠠᠰᠣ ᠳᠤ ᠸᠠᠭᠠᠷ ᠲᠣᠭᠤᠰᠬᠠᠨ ᠪᠦᠲᠦᠴᠡᠲᠦ 250 — 800 ᠲᠡᠭᠰᠢ ᠳᠦᠷᠪᠡᠯᠵᠢᠨ ᠮᠧᠲᠷ | ᠲᠠᠯᠠᠪᠠᠢ ᠲᠠᠢ ᠰᠣᠶᠣᠯ ᠤᠨ ᠦᠷᠳᠡᠭᠡ ᠶᠢ ᠣᠷᠢᠳ ᠬᠤᠵᠢᠳ ᠪᠠᠶᠢᠭᠤᠯᠣᠨ ᠦᠭᠴᠦ᠂ 44 ᠭᠠᠴᠠᠭ᠎ᠠ ᠶᠢᠨ 42 ᠭᠠᠴᠠᠭ᠎ᠠ ᠳᠤ ᠨᠢ 100 ᠲᠡᠭᠰᠢ ᠳᠦᠷᠪᠡᠯᠵᠢᠨ | ᠮᠧᠲᠷ ᠲᠠᠯᠠᠪᠠᠢ ᠪᠦᠬᠦᠢ ᠶᠡᠷᠥᠩᠬᠡᠶᠢᠯᠡᠭᠰᠡᠨ ᠠᠵᠢᠯᠯᠠᠭᠠᠨ ᠤ ᠭᠡᠷ ᠪᠠᠶᠢᠭᠤᠯᠣᠨ ᠦᠭᠴᠦ᠂ ᠮᠢᠩᠭᠠᠨ ᠲᠦᠮᠡᠨ ᠲᠦᠭᠦᠷᠢᠭ ᠣᠷᠴᠢᠮ ᠪᠡᠯᠡ ᠮᠦᠩᠬᠦ ᠣᠷᠣᠭᠤᠯᠵᠣ | ᠪᠠᠶᠢᠭᠠᠳ ᠺᠢᠨᠣ᠋ ᠵᠦᠴᠦᠭᠡ ᠶᠢᠨ ᠬᠦᠷᠢᠶᠡᠯᠡᠩ ᠢ ᠰᠢᠨᠡᠳᠬᠡᠨ ᠵᠠᠰᠠᠵᠣ᠂ ᠣᠯᠠᠭᠠᠨᠮᠦ᠋ᠴᠢᠷ ᠤᠨ ᠪᠣᠯᠪᠠᠰᠣᠷᠠᠯ ᠤᠨ ᠲᠢᠩᠬᠢᠮ ᠢ ᠦᠷᠭᠡᠳᠬᠡᠨ ᠪᠠᠶᠢᠭᠤᠯᠪᠠ︔ 1100 | ᠲᠦᠮᠡᠨ ᠲᠦᠭᠦᠷᠢᠭ ᠪᠡᠯᠡ ᠣᠷᠣᠭᠤᠯᠵᠣ 4200 ᠲᠡᠭᠰᠢ ᠳᠦᠷᠪᠡᠯᠵᠢᠨ ᠮᠧᠲᠷ ᠲᠠᠯᠠᠪᠠᠢ ᠪᠦᠬᠦᠢ ᠡᠸ᠋ᠨᠩᠬᠢ ᠶᠢᠨ ᠮᠦᠽᠸᠢ᠂ ᠰᠣᠶᠣᠯ ᠤᠨ ᠣᠷᠳᠣᠨ᠂ ᠪᠠᠭᠠᠴᠣᠳ | ᠤᠨ ᠣᠷᠳᠣᠨ ᠢ ᠨᠢᠭᠡ ᠴᠣᠭᠴᠠᠵᠢᠭᠤᠯᠣᠭᠰᠠᠨ ᠰᠣᠶᠣᠯ ᠤᠨ ᠶᠡᠷᠥᠩᠬᠡᠶᠢᠯᠡᠭᠰᠡᠨ ᠠᠰᠠᠷ ᠢ ᠪᠠᠶᠢᠭᠤᠯᠪᠠ᠃ ᠰᠡᠭᠦᠯᠡᠷ ᠨᠢ ᠪᠠᠰᠠ 280 ᠭᠠᠷᠣᠢ ᠲᠦᠮᠡᠨ ᠲᠦᠭᠦᠷᠢᠭ | ᠪᠡᠯᠡ ᠣᠷᠣᠭᠤᠯᠵᠣ ᠪᠠᠶᠢᠭᠠᠳ ᠲᠣᠰ ᠶᠡᠷᠥᠩᠬᠡᠢ ᠠᠰᠠᠷ ᠢ ᠦᠬᠡᠷᠡᠴᠢᠯᠡᠨ ᠦᠷᠭᠡᠳᠬᠡᠨ ᠪᠠᠶᠢᠭᠤᠯᠪᠠ︔ 213 ᠲᠦᠮᠡᠨ ᠲᠦᠭᠦᠷᠢᠭ ᠪᠡᠯᠡ ᠣᠷᠣᠭᠤᠯᠵᠣ ᠪᠠᠶᠢᠭᠠᠳ | 1700 ᠲᠡᠭᠰᠢ ᠳᠦᠷᠪᠡᠯᠵᠢᠨ ᠮᠧᠲᠷ ᠲᠠᠯᠠᠪᠠᠢ ᠪᠦᠬᠦᠢ ᠨᠣᠮ ᠤᠨ ᠰᠠᠩ ᠢ ᠰᠢᠨ᠎ᠡ ᠪᠠᠷ ᠪᠠᠶᠢᠭᠤᠯᠪᠠ᠃ 2003 ᠣᠨ ᠳᠤ ᠰᠢᠨᠡᠬᠡᠨ ᠵᠡᠬᠦᠨ ᠰᠣᠮᠣ ᠶᠢᠨ ᠪᠣᠷᠢᠶᠠᠳ | ᠤᠨ ᠮᠦᠽᠸᠢ ᠶᠢ ᠪᠠᠶᠢᠭᠤᠯᠵᠣ ᠪᠦᠲᠦᠭᠡᠭᠰᠡᠨ ᠠᠴᠠ ᠨᠠᠰᠢ ᠮᠠᠨ ᠤ ᠬᠤᠰᠢᠭᠤᠨ ᠤ ᠰᠣᠮᠣ ᠰᠢᠶᠠᠩ ᠪᠠᠯᠭᠠᠰᠣ ᠶᠢᠨ ᠳᠡᠰ ᠤᠨ ᠮᠦᠽᠸᠢ ᠶᠢᠨ ᠰᠢᠨ᠎ᠡ ᠬᠦᠴᠦᠨ | ᠢᠯᠡᠷᠡᠵᠦ᠂ ᠪᠠᠰᠠ ᠰᠢᠨᠡᠬᠡᠨ ᠪᠣᠷᠢᠶᠠᠳ ᠤᠨ ᠮᠦᠽᠸᠢ᠂ ᠪᠠᠶᠠᠨᠳᠠᠯ᠎ᠠ ᠳᠠᠭᠤᠷ ᠦᠨᠳᠦᠰᠦᠲᠡᠨ ᠤ ᠠᠷᠠᠳ ᠤᠨ ᠵᠠᠩ ᠦᠢᠯᠡ ᠶᠢᠨ ᠣᠷᠳᠣᠨ᠂ ᠪᠠᠶᠠᠨᠴᠠᠭᠠᠨ ᠤ ᠨᠡᠷᠡᠲᠦ | ᠬᠦᠮᠦᠰ ᠤᠨ ᠣᠷᠳᠣᠨ᠂ ᠬᠤᠩᠭᠤᠯᠵᠢ ᠶᠢᠨ ᠣᠢ ᠰᠢᠭᠤᠢ ᠶᠢᠨ ᠮᠦᠽᠸᠢ ᠵᠡᠷᠭᠡ ᠶᠢ ᠣᠷᠢᠳ ᠬᠤᠵᠢᠳ ᠪᠠᠶᠢᠭᠤᠯᠣᠨ ᠪᠦᠲᠦᠭᠡᠵᠦ᠂ ᠪᠠᠶᠠᠨᠳᠣᠬᠤᠢ ᠪᠠᠯᠭᠠᠰᠣ ᠶᠢᠨ | ᠲᠡᠣᠬᠡ ᠶᠢᠨ ᠮᠦᠽᠸᠢ ᠪᠣᠯᠣᠨ ᠬᠤᠢ ᠰᠣᠮᠣ ᠶᠢᠨ ᠪᠠᠶᠢᠭᠠᠯᠢ ᠠᠮᠢ ᠠᠬᠤᠢ ᠶᠢᠨ ᠣᠷᠳᠣᠨ ᠢ ᠶᠠᠭ ᠰᠠᠶ᠋ᠢᠬᠠᠨ ᠪᠦᠲᠦᠭᠡᠨ ᠪᠠᠶᠢᠭᠤᠯᠵᠣ ᠪᠣᠢ᠃ ᠰᠠᠭᠤᠷᠢ | ᠲᠦᠭᠦᠭᠡᠷᠦᠮᠵᠢ ᠶᠢ ᠡᠳᠦᠷ ᠢᠷᠡᠭᠦᠶ᠎ᠡ ᠳᠡᠭᠦᠯᠳᠡᠷᠵᠢᠭᠦᠯᠦᠭᠰᠡᠨ ᠨᠢ ᠦᠨᠳᠦᠰᠦᠨ ᠱᠠᠲᠣᠨ ᠤ ᠰᠣᠶᠣᠯ ᠤᠨ ᠬᠦᠳᠡᠯᠭᠡᠭᠡᠨ ᠢ ᠦᠷᠨᠢᠬᠦᠯᠬᠦ ᠳᠤ ᠨᠦᠬᠦᠴᠡᠯ | ᠪᠦᠷᠢᠯᠳᠦᠭᠦᠯᠦᠨ ᠦᠭᠴᠦ᠂ ᠪᠦᠬᠦ ᠬᠤᠰᠢᠭᠤᠨ ᠤ ᠰᠣᠶᠣᠯ ᠣᠷᠠᠯᠢᠭ ᠤᠨ ᠦᠢᠯᠡᠰ ᠤᠨ ᠦᠷᠨᠢᠨ ᠬᠦᠭᠵᠢᠬᠦ ᠳᠤ ᠰᠠᠶᠢᠨ ᠰᠠᠶᠢᠬᠠᠨ ᠰᠠᠭᠤᠷᠢ ᠲᠠᠯᠪᠢᠭᠰᠠᠨ ᠪᠠᠶᠢᠨ᠎ᠠ᠃ | | ᠬᠤᠶᠠᠷ᠂ ᠡᠩᠨᠡᠭᠡ ᠶᠢᠨ ᠪᠠᠶᠢᠭᠤᠯᠣᠯᠲᠠ ᠪᠠᠨ ᠴᠢᠩᠭᠠᠳᠬᠠᠵᠣ᠂ ᠰᠣᠶᠣᠯ ᠤᠨ ᠶᠡᠷᠥᠩᠬᠡᠢ ᠪᠣᠳᠠᠳᠣ ᠬᠦᠴᠦᠨ ᠢ ᠴᠢᠩᠭᠠᠷᠠᠭᠤᠯᠪᠠ | ᠣᠳᠣᠬᠠᠨ ᠳᠤ᠂ ᠦᠪᠡᠷᠲᠡᠭᠡᠨ ᠵᠠᠰᠠᠬᠤ ᠬᠤᠰᠢᠭᠤᠨ ᠤ ᠰᠣᠶᠣᠯ ᠤᠨ ᠪᠠᠶᠢᠭᠤᠯᠣᠮᠵᠢ ᠳᠤ ᠰᠣᠶᠣᠯ ᠪᠡᠶ᠎ᠡ ᠲᠠᠮᠢᠷ ᠷᠠᠳᠢᠤ᠋ ᠲᠧᠯᠸᠢᠰ ᠤᠨ ᠲᠣᠪᠴᠢᠶ᠎ᠠ ᠪᠠ | ᠲᠣᠪᠴᠢᠶ᠎ᠠ ᠶᠢᠨ ᠬᠠᠷᠢᠶᠠᠨ ᠤ ᠰᠣᠶᠣᠯ ᠤᠨ ᠣᠷᠳᠣᠨ᠂ ᠨᠣᠮ ᠤᠨ ᠰᠠᠩ᠂ ᠮᠦᠽᠸᠢ᠂ ᠺᠢᠨᠤ᠋ ᠶᠢᠨ ᠬᠠᠮᠢᠶᠠᠷᠣᠯᠲᠠ ᠶᠢᠨ ᠦᠷᠳᠡᠭᠡ᠂ ᠣᠯᠠᠭᠠᠨᠮᠦ᠋ᠴᠢᠷ᠂ ᠰᠣᠶᠣᠯ | ᠲᠠᠮᠢᠷ ᠤᠨ ᠵᠠᠬ᠎ᠠ ᠳᠡᠯᠭᠡᠭᠦᠷ ᠤᠨ ᠬᠠᠮᠢᠶᠠᠷᠣᠯᠲᠠ ᠶᠢᠨ ᠭᠠᠵᠠᠷ ᠵᠢᠴᠢ ᠬᠤᠰᠢᠭᠤᠨ ᠤ ᠣᠳᠬ᠎ᠠ ᠣᠷᠠᠯᠢᠭ ᠤᠨ ᠬᠢᠨ ᠤ ᠬᠤᠯᠪᠣᠭᠠᠳᠣ ᠬᠤᠷᠠᠯ ᠵᠡᠷᠭᠡ ᠡᠭᠦᠷᠭᠡ | ᠬᠠᠷᠢᠭᠤᠴᠠᠯᠭᠠᠳᠣ ᠨᠢᠭᠡᠴᠡ ᠪᠠᠶᠢᠬᠤ ᠶᠢᠨ ᠬᠠᠮᠳᠣ᠂ ᠳᠡᠨᠼ ᠶᠢᠨ ᠨᠡᠶᠢᠭᠡᠮᠯᠢᠭ᠂ ᠨᠠᠰᠣᠲᠠᠶᠢᠴᠣᠳ ᠤᠨ ᠶᠡᠭᠡ ᠰᠣᠷᠭᠠᠭᠤᠯᠢ᠂ ᠨᠡᠶᠢᠭᠡᠮ ᠲᠣᠭᠤᠷᠢᠭ ᠤᠨ ᠣᠷᠠᠯᠢᠭ ᠤᠨ | ᠪᠦᠯᠬᠦᠮ ᠵᠡᠷᠭᠡ ᠨᠡᠶᠢᠭᠡᠮ ᠤᠨ ᠪᠦᠯᠬᠦᠮ ᠵᠣᠬᠢᠶᠠᠨ ᠪᠠᠶᠢᠭᠤᠯᠣᠯᠲᠠ ᠶᠢ ᠪᠠᠶᠢᠭᠤᠯᠪᠠ᠃ 7 ᠰᠣᠮᠣ ᠰᠢᠶᠠᠩ ᠪᠠᠯᠭᠠᠰᠣ ᠳᠤ ᠪᠠᠰᠠ ᠴᠦᠮ ᠰᠣᠶᠣᠯ ᠲᠠᠮᠢᠷ ᠷᠠᠳᠢᠣ᠋ | ᠲᠧᠯᠸᠢᠰ ᠤᠨ ᠦᠢᠯᠡᠴᠢᠯᠡᠬᠡᠨ ᠤ ᠲᠦᠪ ᠪᠠᠶᠢᠭᠤᠯᠪᠠ᠃ | ᠣᠯᠠᠨ ᠵᠢᠯ ᠤᠨ ᠬᠦᠮᠦᠵᠢᠬᠦᠯᠦᠯ ᠪᠠ ᠳᠠᠪᠳᠠᠭᠳᠠᠨ ᠪᠣᠯᠪᠠᠰᠣᠷᠠᠬᠤ ᠪᠠᠷ ᠳᠡᠮᠵᠢᠨ᠂ ᠪᠦᠬᠦ ᠬᠤᠰᠢᠭᠤᠨ ᠳᠤ ᠨᠢᠭᠡᠨ ᠦᠨᠳᠦᠷ ᠦᠷ᠎ᠡ ᠪᠦᠲᠦᠭᠡᠯ ᠪᠦᠬᠦᠢ | ᠯᠠᠪᠳᠠᠭᠤᠨ ᠪᠠᠳᠣᠳᠠᠢ ᠰᠣᠶᠣᠯ ᠤᠨ ᠡᠩᠨᠡᠭᠡ ᠶᠢ ᠪᠠᠶᠢᠭᠤᠯᠣᠭᠳᠠᠭᠰᠠᠨ ᠪᠠᠶᠢᠨ᠎ᠠ᠃ ᠰᠣᠶᠣᠯ ᠤᠨ ᠰᠠᠯᠠᠭ᠎ᠠ ᠮᠦᠴᠢᠷ ᠪᠣᠯ ᠣᠨᠴᠠᠭᠠᠢ ᠠᠵᠢᠯ ᠲᠦᠷᠦᠯ ᠳᠤ | ᠬᠠᠷᠢᠶᠠᠯᠠᠭᠳᠠᠬᠤ ᠪᠣᠯᠬᠤᠷ ᠨᠡᠩ ᠴᠦ ᠣᠨᠴᠠ ᠶᠢᠨ ᠴᠢᠳᠠᠪᠣᠷᠢᠲᠠᠨ ᠱᠠᠭᠠᠷᠳᠠᠭᠳᠠᠨ᠎ᠠ᠂ ᠦᠨᠦ ᠶᠢᠨ ᠲᠣᠰᠬᠠᠢ ᠮᠡᠷᠭᠡᠵᠢᠯ ᠤᠨ ᠴᠢᠳᠠᠪᠣᠷᠢᠲᠠᠨ ᠳᠣᠳᠠᠭᠳᠠᠵᠣ ᠪᠠᠶᠢᠭ᠎ᠠ | ᠪᠠᠶᠢᠳᠠᠯ ᠳᠤ ᠴᠢᠭᠯᠡᠬᠦᠯᠦᠨ᠂ ᠪᠦᠬᠦ ᠨᠡᠶᠢᠭᠡᠮ ᠠᠴᠠ ᠣᠷᠢᠨ ᠡᠯᠰᠡᠵᠦ ᠰᠢᠢᠳᠪᠦᠷᠢᠯᠡᠬᠦ ᠠᠷᠭ᠎ᠠ ᠠᠪᠴᠠᠯ ᠢ ᠬᠡᠷᠡᠭᠯᠡᠵᠦ ᠰᠣᠶᠣᠯ ᠤᠨ ᠡᠩᠨᠡᠭᠡ ᠪᠠᠨ ᠰᠢᠨᠡᠴᠢᠯᠡᠪᠡ᠃ | ᠣᠯᠠᠭᠠᠨᠮᠦ᠋ᠴᠢᠷ ᠣᠷᠢᠳ ᠬᠤᠵᠢᠳ 14 ᠨᠡᠷᠡᠰ ᠬᠡᠷᠡᠲᠦ ᠳᠦᠷᠢᠮ ᠤᠨ ᠲᠣᠭᠯᠠᠭᠴᠢ ᠣᠷᠢᠵᠣ᠂ ᠲᠣᠭᠯᠠᠭᠴᠢ ᠶᠢᠨ ᠴᠠᠯᠢᠩ ᠢ ᠬᠤᠰᠢᠭᠤᠨ ᠤ ᠡᠳ᠋ ᠤᠨ ᠵᠠᠰᠠᠭ ᠠᠴᠠ | ᠵᠢᠯ ᠪᠦᠷᠢ 10 ᠲᠦᠮᠡᠨ ᠲᠦᠭᠦᠷᠢᠭ ᠰᠠᠯᠭᠠᠨ ᠦᠭᠴᠦ ᠰᠢᠢᠳᠪᠦᠷᠢᠯᠡᠵᠦ ᠪᠣᠢ᠃ ᠬᠤᠰᠢᠭᠤᠨ ᠤ ᠮᠦᠽᠸᠢ ᠬᠢᠳᠠᠳ᠂ ᠮᠣᠩᠭᠤᠯ᠂ ᠡᠸ᠋ᠨᠩᠬᠢ ᠬᠡᠯᠡᠨ ᠳᠤ | ᠨᠡᠪᠳᠡᠷᠡᠭᠰᠡᠨ 5 ᠨᠡᠷᠡᠰ ᠲᠠᠶᠢᠯᠪᠣᠷᠢᠯᠠᠭᠴᠢ ᠶᠢ ᠰᠢᠯᠭᠠᠨ ᠡᠯᠰᠡᠪᠡ᠃ ᠡᠬᠦᠨ ᠤ ᠬᠠᠮᠳᠣ ᠡᠸ᠋ᠨᠩᠬᠢ ᠦᠨᠳᠦᠰᠦᠲᠡᠨ ᠤ ᠬᠤᠪᠴᠠᠰᠣ ᠵᠠᠰᠠᠯ ᠤᠨ ᠦᠵᠡᠭᠦᠯᠦᠯᠭᠡ ᠶᠢᠨ | ᠠᠩᠬᠢ᠂ ᠪᠣᠷᠢᠶᠠᠳ ᠮᠣᠩᠭᠤᠯ ᠦᠨᠳᠦᠰᠦᠲᠡᠨ ᠤ ᠬᠤᠪᠴᠠᠰᠣ ᠵᠠᠰᠠᠯ ᠤᠨ ᠦᠵᠡᠭᠦᠯᠦᠯᠭᠡ ᠶᠢᠨ ᠠᠩᠬᠢ᠂ ᠳᠠᠭᠤᠷ ᠬᠤᠪᠴᠠᠰᠣ ᠵᠠᠰᠠᠯ ᠤᠨ ᠦᠵᠡᠭᠦᠯᠦᠯᠭᠡ ᠶᠢᠨ | ᠠᠩᠬᠢ᠂ ᠰᠢᠨᠡᠬᠡᠨ ᠤ ᠮᠠᠯᠴᠢᠳ ᠤᠨ ᠨᠠᠶᠢᠷᠠᠯ ᠳᠠᠭᠤᠣ ᠶᠢᠨ ᠪᠦᠯᠬᠦᠮ ᠢ ᠳᠡᠮᠵᠢᠵᠦ ᠪᠣᠶᠢᠵᠢᠭᠤᠯᠣᠨ᠂ ᠦᠷᠭᠡᠨ ᠣᠯᠠᠨ ᠵᠠᠯᠠᠭᠤ ᠮᠠᠯᠴᠢᠳ ᠢ ᠦᠷᠭᠡᠨ ᠢᠶᠠᠷ | ᠣᠷᠣᠯᠴᠠᠭᠤᠯᠬᠤ ᠠᠷᠠᠳ ᠤᠨ ᠣᠷᠠᠯᠢᠭ ᠤᠨ ᠪᠦᠯᠬᠦᠮ ᠪᠣᠯᠭᠠᠨ ᠪᠠᠶᠢᠭᠤᠯᠵᠣ᠂ ᠡᠳᠡᠭᠡᠷ ᠠᠷᠠᠳ ᠤᠨ ᠣᠷᠠᠯᠢᠭ ᠤᠨ ᠪᠦᠯᠭᠦᠮ ᠢ ᠬᠦᠭᠵᠢᠬᠦᠯᠦᠨ ᠪᠣᠵᠠᠭᠠᠶᠢᠷᠠᠭᠤᠯᠵᠣ᠂ | ᠣᠮᠠᠷᠠᠳᠣ ᠶᠢᠨ ᠴᠦᠬᠡᠨ ᠲᠣᠭᠠᠳᠣ ᠦᠨᠳᠦᠰᠦᠲᠡᠨ ᠤ ᠠᠷᠠᠳ ᠤᠨ ᠣᠷᠠᠯᠢᠭ ᠤᠨ ᠰᠢᠨ᠎ᠡ ᠬᠢᠯᠠᠰ ᠴᠡᠭ ᠪᠣᠯᠭᠠᠪᠠ᠃ ᠬᠤᠰᠢᠭᠤᠨ ᠤ 7 ᠰᠣᠮᠣ ᠰᠢᠶᠠᠩ ᠪᠠᠯᠭᠠᠰᠣ ᠳᠤ | ᠴᠦᠮ ᠠᠵᠢᠯ ᠤᠨ ᠴᠢᠯᠦᠭᠡᠨ ᠤ ᠲᠣᠭᠯᠠᠯᠲᠠ ᠭᠠᠷᠭᠠᠬᠤ ᠲᠣᠭᠲᠠᠭᠰᠠᠨ ᠡᠩᠨᠡᠭᠡ ᠲᠠᠢ ᠪᠣᠯᠭᠠᠵᠣ᠂ ᠲᠣᠬᠠᠢ ᠶᠢᠨ ᠭᠠᠵᠠᠷ ᠤᠨ ᠰᠣᠶᠣᠯ ᠤᠨ ᠣᠨᠴᠠᠯᠢᠭ ᠢ | ᠲᠣᠰᠬᠠᠬᠰᠠᠨ ᠣᠷᠠᠨ ᠰᠠᠶᠢᠬᠠᠨ ᠤ ᠲᠣᠭᠯᠠᠯᠲᠠ ᠭᠠᠷᠭᠠᠬᠤ ᠴᠢᠳᠠᠪᠣᠷᠢ ᠲᠠᠢ ᠪᠣᠯᠭᠠᠪᠠ᠃ ᠳ᠋ᠠᠶᠠᠨ ᠨᠡᠭᠦᠷᠡᠰᠦ ᠴᠠᠬᠢᠯᠭᠠᠨ ᠤ ᠺᠣᠮᠫᠠᠨᠢ᠂ ᠢᠮᠢᠨ ᠨᠡᠭᠦᠷᠡᠰᠦ ᠴᠠᠬᠢᠯᠭᠠᠨ ᠤ | ᠺᠣᠮᠫᠠᠨᠢ ᠵᠡᠷᠭᠡ ᠬᠤᠰᠢᠭᠤᠨ ᠳᠤ ᠰᠠᠭᠤᠭ᠎ᠠ ᠲᠣᠮᠣ ᠠᠵᠣ ᠠᠬᠤᠶᠢᠯᠠᠯ ᠴᠦᠮ ᠠᠵᠣ ᠠᠬᠤᠶᠢᠯᠠᠯ ᠤᠨ ᠢᠶᠠᠨ ᠣᠷᠠᠨ ᠰᠠᠶᠢᠬᠠᠨ ᠤ ᠪᠦᠯᠭᠦᠮ ᠲᠠᠢ᠂ ᠬᠤᠰᠢᠭᠤᠨ ᠤ | ᠬᠤᠲᠠ ᠶᠢᠨ ᠪᠦᠲᠦᠭᠡᠨ ᠪᠠᠶᠢᠭᠤᠯᠣᠯᠲᠠ ᠣᠷᠴᠢᠨ ᠲᠣᠭᠤᠷᠢᠨ ᠤ ᠬᠠᠮᠠᠭᠠᠯᠠᠯᠲᠠ ᠶᠢᠨ ᠲᠣᠪᠴᠢᠶ᠎ᠠ᠂ ᠰᠣᠷᠭᠠᠨ ᠬᠦᠮᠦᠵᠢᠯ ᠤᠨ ᠲᠣᠪᠴᠢᠶ᠎ᠠ᠂ ᠳᠣᠳᠣᠭᠠᠳᠣ ᠶᠢ | ᠬᠠᠮᠠᠭᠠᠯᠠᠬᠤ ᠲᠣᠪᠴᠢᠶ᠎ᠠ᠂ ᠡᠷᠡᠭᠦᠯ ᠬᠠᠮᠠᠭᠠᠯᠠᠯ ᠤᠨ ᠲᠣᠪᠴᠢᠶ᠎ᠠ ᠵᠡᠷᠭᠡ ᠵᠠᠰᠠᠭ ᠵᠠᠬᠢᠷᠭᠠᠨ ᠠᠵᠢᠯ ᠦᠢᠯᠡᠰ ᠤᠨ ᠨᠢᠭᠡᠴᠡ ᠤᠳ ᠴᠦᠮ ᠪᠠᠶᠢᠭᠤᠯᠣᠯᠭ᠎ᠠ ᠳᠠᠭᠠᠨ | ᠣᠷᠠᠯᠢᠭ ᠤᠨ ᠪᠦᠯᠬᠦᠮ ᠲᠠᠢ ᠪᠦᠬᠡᠳ ᠣᠷᠴᠠᠢ ᠪᠠᠭᠠᠴᠣᠳ ᠤᠨ ᠣᠷᠠᠯᠢᠭ ᠤᠨ ᠪᠦᠯᠬᠦᠮ᠂ ᠣᠷᠴᠠᠢ ᠣᠷᠠᠯᠢᠭ ᠤᠨ ᠪᠦᠯᠬᠦᠮ᠂ ᠣᠪᠣᠭ᠎ᠠ ᠶᠢᠨ ᠰᠡᠳᠭᠢᠯᠭᠡ ᠣᠷᠠᠯᠢᠭ | ᠤᠨ ᠪᠦᠯᠬᠦᠮ᠂ ᠨᠡᠶᠢᠭᠡᠮ ᠲᠣᠭᠤᠷᠢᠭ ᠤᠨ ᠣᠷᠠᠯᠢᠭ ᠤᠨ ᠪᠦᠯᠬᠦᠮ᠂ ᠦᠳᠡᠭᠦᠰ ᠤᠨ ᠣᠷᠠᠯᠢᠭ ᠤᠨ ᠪᠦᠯᠬᠦᠮ᠂ ᠡᠸ᠋ᠨᠩᠬᠢ ᠶᠢᠨ ᠵᠠᠯᠠᠭᠤᠴᠣᠳ ᠤᠨ ᠨᠠᠶᠢᠷᠠᠯ ᠳᠠᠭᠤᠣ | ᠶᠢᠨ ᠪᠦᠯᠬᠦᠮ ᠵᠡᠷᠭᠡ ᠨᠢ ᠪᠦᠬᠦ ᠬᠤᠰᠢᠭᠤᠨ ᠤ ᠡᠷᠡᠭᠦᠯ᠂ ᠪᠦᠬᠦ ᠲᠠᠯ᠎ᠠ ᠶᠢᠨ ᠠᠵᠣ ᠠᠬᠤᠶᠢᠯᠠᠯ ᠤᠨ ᠰᠣᠶᠣᠯ᠂ ᠰᠣᠷᠭᠠᠭᠤᠯᠢ ᠶᠢᠨ ᠬᠦᠷᠢᠶᠡᠨ ᠤ ᠰᠣᠶᠣᠯ᠂ ᠨᠡᠶᠢᠬᠡᠮ | ᠲᠣᠭᠤᠷᠢᠭ ᠤᠨ ᠰᠣᠶᠣᠯ᠂ ᠪᠠᠭᠠᠴᠣᠳ ᠤᠨ ᠰᠣᠶᠣᠯ᠂ ᠠᠭᠤᠳᠠᠮ ᠲᠠᠯᠠᠪᠠᠢ ᠶᠢᠨ ᠰᠣᠶᠣᠯ᠂ ᠨᠠᠰᠣᠲᠠᠶᠢᠴᠣᠳ ᠤᠨ ︵ ᠦᠳᠡᠭᠦᠰ︶ ᠤᠨ ᠰᠣᠶᠣᠯ ᠵᠡᠷᠭᠡ ᠰᠣᠶᠣᠯ | ᠤᠨ ᠲᠣᠣᠷ ᠰᠦᠯᠵᠢᠶᠡᠨ ᠤ ᠡᠩᠨᠡᠭᠡ ᠶᠢ ᠪᠦᠷᠢᠯᠳᠦᠬᠦᠯᠪᠡ᠃ | ᠭᠤᠷᠪᠠ᠂ ᠰᠣᠶᠣᠯ ᠤᠨ ᠠᠵᠢᠯ ᠨᠢ ᠰᠢᠨ᠎ᠡ ᠶᠢ ᠡᠭᠦᠳᠬᠦ ᠪᠠᠷ ᠬᠦᠳᠡᠯᠭᠡᠬᠦ ᠬᠦᠴᠦᠨ ᠪᠣᠯᠭᠠᠵᠣ᠂ ᠰᠣᠳᠣᠨ ᠬᠦᠭᠵᠢᠯᠲᠡ ᠶᠢᠨ ᠵᠠᠮ ᠢᠶᠠᠷ ᠦᠷᠭᠦᠯᠵᠢᠯᠡᠨ ᠵᠠᠮᠨᠠᠪᠠ | 1. ᠭᠡᠷᠡᠯ ᠬᠢᠯᠪᠠᠭ᠎ᠠ ᠰᠠᠴᠣᠷᠠᠭᠰᠠᠨ ᠦᠨᠳᠦᠰᠦᠲᠡᠨ ᠤ ᠣᠷᠠᠯᠢᠭ | ᠰᠣᠶᠣᠯ ᠤᠨ ᠲᠣᠮᠣ ᠬᠤᠰᠢᠭᠤ ᠶᠢᠨ ᠪᠦᠲᠦᠭᠡᠨ ᠪᠠᠶᠢᠭᠤᠯᠣᠯᠲᠠ ᠶᠢ ᠪᠦᠬᠦ ᠲᠠᠯ᠎ᠠ ᠪᠠᠷ ᠲᠦᠯᠬᠢᠨ ᠠᠬᠢᠭᠤᠯᠵᠣ᠂ ᠦᠪᠡᠷᠲᠡᠭᠡᠨ ᠵᠠᠰᠠᠬᠤ ᠬᠤᠰᠢᠭᠤᠨ ᠤ ᠰᠣᠶᠣᠯ | ᠤᠨ ᠦᠢᠯᠡᠰ ᠪᠠ ᠰᠣᠶᠣᠯ ᠤᠨ ᠠᠵᠣ ᠦᠢᠯᠡᠰ ᠤᠨ ᠴᠡᠴᠡᠭᠯᠡᠨ ᠬᠦᠭᠵᠢᠬᠦ ᠶᠢ ᠠᠬᠢᠭᠤᠯᠬᠤ ᠶᠢᠨ ᠲᠦᠯᠦᠭᠡ᠂ ᠣᠶᠢᠷ᠎ᠠ ᠶᠢᠨ ᠬᠡᠳᠦᠨ ᠵᠢᠯ ᠳᠤ᠂ ᠦᠪᠡᠷᠲᠡᠭᠡᠨ | ᠵᠠᠰᠠᠬᠤ ᠬᠤᠰᠢᠭᠤ ᠰᠣᠶᠣᠯ ᠤᠨ ᠰᠣᠳᠣᠨ ᠪᠦᠲᠦᠭᠡᠯ ᠤᠨ ᠲᠦᠷᠦᠯ ᠵᠦᠢᠯ ᠢ ᠬᠡᠷᠡᠭᠵᠢᠬᠦᠯᠵᠦ᠂ ᠨᠡᠷ᠎ᠡ ᠠᠯᠳᠠᠷᠰᠢᠭᠰᠠᠨ ᠰᠣᠶᠣᠯ ᠤᠨ ᠲᠦᠷᠦᠯ ᠲᠡᠮᠳᠡᠭᠲᠦ ᠶᠢ | ᠳᠠᠰᠣᠷᠠᠯᠲᠠ ᠦᠭᠡᠢ ᠪᠣᠶᠢᠵᠢᠭᠤᠯᠵᠣ᠂ ᠰᠣᠶᠣᠯ ᠤᠨ ᠠᠵᠣ ᠦᠢᠯᠡᠰ ᠤᠨ ᠰᠠᠭᠤᠷᠢᠨ ᠢ ᠪᠦᠲᠦᠭᠡᠨ ᠪᠠᠶᠢᠭᠤᠯᠵᠣ᠂ ᠡᠯ᠎ᠡ ᠲᠦᠷᠦᠯ ᠤᠨ ᠰᠣᠶᠣᠯ ᠤᠨ ᠡᠬᠢ ᠪᠠᠶᠠᠯᠢᠭ ᠢ | ᠰᠢᠯᠢᠳᠡᠭᠵᠢᠬᠦᠯᠦᠨ ᠲᠣᠬᠢᠷᠠᠭᠤᠯᠵᠣ᠂ ᠰᠣᠶᠣᠯ ᠤᠨ ᠡᠬᠢ ᠪᠠᠶᠠᠯᠢᠭ ᠢ ᠨᠡᠶᠢᠳᠬᠡᠵᠦ᠂ ᠰᠣᠶᠣᠯ ᠤᠨ ᠡᠬᠢ ᠪᠠᠶᠠᠯᠢᠭ ᠤᠨ ᠳᠠᠪᠠᠭᠤᠯᠢᠭ ᠢ ᠠᠵᠣ ᠦᠢᠯᠡᠰ ᠤᠨ | ᠳᠠᠪᠠᠭᠤᠯᠢᠭ ᠪᠣᠯᠭᠠᠨ ᠬᠤᠪᠢᠷᠠᠭᠤᠯᠣᠭᠰᠠᠨ ᠪᠠᠶᠢᠨ᠎ᠠ᠃ ᠬᠤᠰᠢᠭᠤᠨ ᠤ ᠣᠯᠠᠭᠠᠨᠮᠦ᠋ᠴᠢᠷ ᠪᠣᠯ ᠴᠣᠷ ᠤᠨ ᠭᠠᠭᠴᠠ ᠲᠣᠰᠬᠠᠢ ᠣᠷᠠᠯᠢᠭ ᠤᠨ ᠪᠦᠯᠬᠦᠮ ᠪᠣᠯᠣᠨ᠎ᠠ᠂ | 1962 ᠣᠨ ᠳᠤ ᠪᠠᠶᠢᠭᠤᠯᠣᠭᠳᠠᠭᠰᠠᠨ ᠠᠴᠠ ᠬᠡᠷᠡᠯ ᠰᠠᠴᠣᠷᠠᠩᠭᠤᠢ ᠲᠡᠣᠬᠡ ᠶᠢᠨ ᠶᠠᠪᠣᠴᠠ ᠶᠢ ᠦᠩᠭᠡᠷᠡᠭᠡᠵᠦ᠂ ᠪᠦᠬᠦ ᠣᠷᠣᠨ ᠤ ᠠᠷᠪᠠᠨ ᠰᠢᠯᠢᠳᠡᠭ ᠪᠦᠯᠬᠦᠮ᠂ | ᠨᠢᠭᠡᠳᠦᠭᠡᠷ ᠲᠦᠷᠦᠯ ᠤᠨ ᠣᠯᠠᠭᠠᠨᠮᠦ᠋ᠴᠢᠷ ᠬᠡᠬᠦ ᠢᠷᠠᠭᠤ ᠠᠯᠳᠠᠷ ᠢ ᠬᠦᠷᠳᠡᠵᠦ᠂ ᠪᠦᠬᠦ ᠣᠷᠣᠨ ᠤ ᠬᠤᠰᠢᠭᠤ᠂ ᠬᠤᠲᠠ ᠰᠢᠶᠡᠨ ᠤ ᠣᠯᠠᠭᠠᠨᠮᠦ᠋ᠴᠢᠷ ᠤᠳ ᠤᠨ | ᠳᠣᠳᠣᠷ᠎ᠠ ᠲᠡᠷᠢᠬᠦᠨ ᠤ ᠡᠩᠨᠡᠬᠡᠨ ᠳᠤ ᠵᠢᠬᠰᠠᠭᠠᠭᠳᠠᠵᠣ ᠪᠠᠶᠢᠨ᠎ᠠ᠃ ᠡᠸ᠋ᠨᠩᠬᠢ ᠬᠤᠰᠢᠭᠤᠨ ᠤ ᠣᠯᠠᠭᠠᠨᠮᠦ᠋ᠴᠢᠷ ᠦᠪᠡᠷᠲᠡᠭᠡᠨ ᠵᠠᠰᠠᠬᠤ ᠣᠷᠣᠨ ᠨᠣᠲᠤᠭ ᠤᠨ ᠲᠣᠰᠬᠠᠢ | ᠣᠷᠠᠯᠢᠭ ᠤᠨ ᠪᠦᠯᠬᠦᠮ ᠪᠣᠯᠣᠭᠰᠠᠨ ᠤ ᠬᠤᠪᠢ ᠳᠤ᠂ ᠦᠨᠳᠦᠰᠦᠲᠡᠨ ᠤ ᠰᠣᠶᠣᠯ ᠢ ᠣᠯᠠᠮᠵᠢᠯᠠᠬᠤ ᠦᠵᠡᠭᠦᠯᠦᠯᠭᠡ ᠶᠢᠨ ᠲᠣᠭᠯᠠᠯᠲᠠ ᠶᠢ ᠨᠡᠩ ᠠᠩᠬᠠᠷᠣᠨ | ᠴᠢᠬᠤᠯᠠᠴᠢᠯᠠᠵᠣ᠂ ᠣᠷᠢᠳ ᠬᠤᠵᠢᠳ ᠪᠡᠭᠡᠵᠢᠩ᠂ ᠱᠠᠩᠬᠠᠢ᠂ ᠬᠠᠶᠢᠨᠠᠨ᠂ ᠴᠢᠨ ᠬᠤᠸᠠᠩ ᠳ᠋ᠣᠣ᠂ ᠮᠦᠭᠳᠡᠨ᠂ ᠱᠧᠨᠵᠧᠨ ᠵᠡᠷᠭᠡ ᠭᠠᠵᠠᠷ ᠢᠶᠠᠷ ᠰᠣᠶᠣᠯ ᠤᠨ | ᠰᠣᠯᠢᠯᠴᠠᠭ᠎ᠠ ᠶᠢᠨ ᠲᠣᠭᠯᠠᠯᠲᠠ ᠭᠠᠷᠭᠠᠵᠣ᠂ ᠵᠠᠬ᠎ᠠ ᠳᠡᠯᠭᠡᠭᠦᠷᠵᠢᠯᠲᠡ ᠶᠢᠨ ᠠᠵᠢᠯᠯᠠᠭᠠᠨ ᠤ ᠠᠵᠢᠯᠯᠠᠬᠤ ᠬᠡᠯᠪᠡᠷᠢ ᠪᠠᠷ ᠳᠣᠳᠣᠷ᠎ᠠ ᠭᠠᠵᠠᠷ ᠤᠨ ᠲᠣᠮᠣ ᠠᠵᠣ | ᠠᠬᠤᠶᠢᠯᠠᠯ ᠯᠤᠭ᠎ᠠ ᠬᠠᠮᠳᠣᠷᠠᠨ ᠲᠣᠭᠯᠠᠯᠲᠠ ᠭᠠᠷᠭᠠᠵᠣ᠂ ᠦᠨᠳᠦᠰᠦᠲᠡᠨ ᠤ ᠰᠣᠶᠣᠯ ᠤᠨ ᠠᠵᠣ ᠦᠢᠯᠡᠰᠵᠢᠭᠰᠡᠨ ᠵᠠᠮ ᠢ ᠠᠩᠬ᠎ᠠ ᠠᠯᠬᠤᠮ ᠰᠦᠪᠡᠭᠴᠢᠯᠡᠨ ᠭᠠᠷᠭᠠᠵᠣ | ᠂ ᠠᠯᠢᠪᠠ ᠳᠣᠬᠢᠶᠠᠯ ᠢ ᠠᠰᠢᠭᠯᠠᠨ ᠣᠯᠠᠨ ᠣᠯᠣᠰ ᠤᠨ ᠬᠤᠭᠤᠷᠣᠨᠳᠣᠬᠢ ᠰᠣᠶᠣᠯ ᠤᠨ ᠰᠣᠯᠢᠯᠴᠠᠭ᠎ᠠ ᠪᠠᠨ ᠠᠬᠢᠭᠤᠯᠵᠣ᠂ ᠣᠷᠢᠳ ᠬᠤᠵᠢᠳ ᠶᠠᠫᠣᠨ ᠣᠯᠣᠰ ᠲᠤ | ᠡᠷᠬᠢᠯᠡᠭᠰᠡᠨ ︽ ᠣᠯᠠᠨ ᠣᠯᠣᠰ ᠤᠨ PWF ᠣᠷᠠᠯᠢᠭ ᠤᠨ ᠨᠠᠶᠢᠷ︾ ᠳᠤ ᠣᠷᠣᠯᠴᠠᠨ᠂ ᠣᠷᠣᠰ ᠤᠨ ᠣᠯᠠᠭᠠᠡᠡᠦ᠋ᠳᠡ ᠬᠤᠲᠠ ᠶᠢᠨ ᠡᠸ᠋ᠨᠩᠬᠢ ᠶᠢᠨ ᠪᠠᠸᠧᠨ | ᠣᠨᠴᠠᠭᠠᠢ ᠣᠷᠣᠨ᠂ ᠢᠯᠣᠨᠠᠨ ᠣᠷᠣᠨ ᠳᠤ ᠬᠦᠷᠴᠦ ᠣᠷᠠᠯᠢᠭ ᠤᠨ ᠰᠣᠯᠢᠯᠴᠠᠭ᠎ᠠ ᠬᠢᠬᠡᠳ ᠲᠣᠬᠠᠢ ᠶᠢᠨ ᠭᠠᠵᠠᠷ ᠤᠨ ᠠᠷᠠᠳ ᠣᠯᠠᠨ ᠤ ᠬᠠᠯᠠᠭᠤᠨ ᠬᠦᠷᠢᠶᠡᠯᠡᠯ ᠢ | ᠣᠯᠬᠤ ᠶᠢᠨ ᠳᠠᠭᠠᠣ ᠡᠸ᠋ᠨᠩᠬᠢ ᠬᠤᠰᠢᠭᠤᠨ ᠤ ᠨᠡᠷ᠎ᠡ ᠠᠯᠳᠠᠷᠰᠢᠯ ᠤᠨ ᠬᠡᠮᠵᠢᠶ᠎ᠡ ᠶᠢ ᠦᠷᠭᠡᠳᠬᠡᠭᠰᠡᠨ ᠪᠠᠶᠢᠨ᠎ᠠ᠃ | ᠮᠠᠨ ᠤ ᠬᠤᠰᠢᠭᠤᠨ ᠤ ᠲᠣᠰᠬᠠᠢ ᠮᠡᠷᠭᠡᠵᠢᠯᠳᠦ ᠣᠳᠬ᠎ᠠ ᠣᠷᠠᠯᠢᠭ ᠡᠳᠦᠷ ᠢᠷᠡᠬᠦᠶ᠎ᠡ ᠣᠨᠴᠠ ᠠᠮᠵᠢᠯᠲᠠ ᠶᠢ ᠣᠯᠵᠣ᠂ ᠠᠷᠠᠳ ᠣᠯᠠᠨ ᠤ ᠰᠣᠶᠣᠯ ᠣᠷᠠᠯᠢᠭ | ᠨᠡᠩ ᠴᠦ ᠭᠠᠶᠢᠬᠠᠮᠰᠢᠭᠲᠣ ᠬᠡᠷᠡᠯ ᠬᠡᠯᠪᠠᠭᠠ ᠲᠠᠢ ᠪᠣᠯᠵᠣ ᠪᠣᠢ᠃ ᠣᠯᠠᠨ ᠵᠢᠯ ᠤᠨ ᠡᠭᠦᠳᠦᠯᠳᠡ ᠪᠠ ᠳᠦᠷᠢᠯᠡᠨ ᠴᠢᠮᠡᠬᠦ ᠪᠠᠷ ᠳᠠᠮᠵᠢᠨ ᠮᠠᠨ ᠤ ᠬᠤᠰᠢᠭᠤᠨ ᠤ | ᠣᠪᠣᠭᠠᠨ ᠲᠠᠬᠢ ᠠᠭᠤᠯᠵᠠᠯᠲᠠ᠂ ᠢᠮᠢᠨ ᠭᠤᠣᠯ ᠤᠨ ᠵᠣᠨ᠂ ᠡᠪᠦᠯ ᠤᠨ ᠣᠯᠠᠷᠢᠯ ᠤᠨ ᠨᠠᠭᠠᠳᠣᠮ᠂ ᠰᠧᠪᠵᠢᠭᠡᠨ ᠨᠠᠶᠢᠷ᠂ ᠬᠤᠪᠴᠠᠰᠣ ᠵᠠᠰᠠᠯ ᠤᠨ ᠦᠵᠡᠭᠦᠯᠦᠯᠭᠡ᠂ | ᠮᠠᠯᠴᠢᠳ ᠤᠨ ᠨᠠᠶᠢᠷᠠᠯ ᠳᠠᠭᠤᠣ ᠶᠢᠨ ᠪᠦᠯᠬᠦᠮ ᠵᠡᠷᠭᠡ ᠨᠡᠷ᠎ᠡ ᠠᠯᠳᠠᠷᠰᠢᠭᠰᠠᠨ ᠰᠣᠶᠣᠯ ᠤᠨ ᠲᠦᠷᠦᠯ ᠳᠡᠮᠳᠡᠭᠲᠦ ᠶᠢ ᠡᠭᠦᠳᠦᠭᠰᠡᠨ ᠪᠠᠶᠢᠨ᠎ᠠ᠃ ᠰᠣᠮᠣ ᠰᠢᠶᠠᠩ | ᠪᠠᠯᠭᠠᠰᠣ ᠪᠠᠰᠠ ᠬᠦᠨ ᠵᠣᠵᠠᠭᠠᠨ ᠰᠣᠶᠣᠯ ᠤᠨ ᠠᠭᠤᠷ ᠠᠮᠢᠰᠬᠤᠯ ᠢ ᠪᠣᠢ ᠪᠣᠯᠭᠠᠵᠣ᠂ ᠪᠠᠶᠠᠨᠴᠠᠭᠠᠨ ᠤ ᠠᠳᠣᠭᠤᠨ ᠰᠣᠶᠣᠯ ᠤᠨ ᠨᠠᠶᠢᠷ᠂ ᠢᠮᠢᠨ ᠰᠣᠮᠣ ᠶᠢᠨ | ᠠᠳᠣᠭᠤᠨ ᠰᠣᠶᠣᠯ ᠤᠨ ᠨᠠᠶᠢᠷ᠂ ᠰᠢᠨᠡᠬᠡᠨ ᠪᠠᠯᠭᠠᠰᠣ ᠶᠢᠨ ᠴᠠᠯᠬᠢᠶᠠᠬᠡᠨ ᠰᠢᠨᠡᠬᠡᠨ ᠣᠷᠠᠯᠢᠭ ᠤᠨ ᠨᠠᠶᠢᠷ᠂ ᠪᠠᠶᠠᠨᠳᠠᠯ᠎ᠠ ᠳᠠᠭᠤᠷ ᠦᠨᠳᠦᠰᠦᠲᠡᠨ ᠤ ᠰᠢᠶᠠᠩ ᠤᠨ ᠮᠣ᠋ | ᠺᠦ᠋ ᠯᠢᠶᠠᠨ ᠤ ᠳᠠᠭᠤᠨ ᠬᠡᠬᠦ ᠣᠷᠠᠯᠢᠭ ᠤᠨ ᠨᠠᠶᠢᠷ᠂ ᠬᠤᠢ ᠰᠣᠮᠣ ᠶᠢᠨ ᠨᠠᠭᠠᠳᠣᠮ ᠵᠡᠷᠭᠡ ᠨᠢ ᠴᠦᠮ ᠲᠣᠬᠠᠢ ᠶᠢᠨ ᠭᠠᠵᠠᠷ ᠤᠨ ᠲᠦᠷᠦᠯ ᠳᠡᠮᠳᠡᠭᠲᠦ ᠨᠠᠭᠠᠳᠣᠮ | ᠪᠣᠯᠣᠨ᠎ᠠ᠃ 2003 ᠣᠨ ᠤ ᠠᠩᠬᠠᠳᠣᠭᠠᠷ ᠬᠤᠭᠤᠴᠠᠭᠠᠨ ᠤ ᠣᠪᠣᠭᠠᠨ ᠲᠠᠬᠢ ᠠᠭᠤᠯᠵᠠᠯᠲᠠ ᠠᠷᠠᠳ ᠤᠨ ᠳᠠᠭᠤᠣ ᠶᠢᠨ ᠨᠠᠶᠢᠷ ᠢ ᠡᠷᠬᠢᠯᠡᠭᠰᠡᠨ ᠤ ᠳᠠᠷᠠᠭᠠᠪᠡᠷ᠂ | 2005 ᠣᠨ᠂ 2006 ᠣᠨ ᠬᠤᠶᠠᠷ ᠵᠢᠯ ᠳᠤ ᠳᠣᠮᠳᠠᠳᠣ ᠣᠯᠣᠰ · ᠡᠸ᠋ᠨᠩᠬᠢ ᠶᠢᠨ ᠣᠪᠣᠭᠠᠨ ᠲᠠᠬᠢ ᠠᠭᠤᠯᠵᠠᠯᠲᠠ ᠣᠯᠠᠨ ᠣᠯᠣᠰ ᠤᠨ ᠢᠨᠠᠭ ᠤᠨ ᠳᠠᠭᠤᠣ | ᠶᠢᠨ ᠣᠷᠣᠯᠳᠣᠭᠠᠨ ᠢ ᠡᠷᠬᠢᠯᠡᠵᠦ᠂ ᠳᠣᠮᠳᠠᠳᠣ᠂ ᠣᠷᠣᠰ᠂ ᠮᠣᠩᠭᠤᠯ ᠵᠡᠷᠭᠡ ᠣᠯᠣᠰ ᠪᠠ ᠭᠠᠵᠠᠷ ᠣᠷᠣᠨ ᠤ ᠲᠣᠭᠯᠠᠭᠴᠢᠳ ᠤᠨ ᠣᠷᠣᠯᠳᠣᠭᠠᠨ ᠳᠤ ᠣᠷᠣᠯᠴᠠᠬᠤ | ᠣᠷᠮ᠎ᠠ ᠪᠠᠬ᠎ᠠ ᠶᠢ ᠲᠠᠲᠠᠵᠣ᠂ 2007 ᠣᠨ ᠳᠤ ᠮᠠᠨ ᠤ ᠬᠤᠰᠢᠭᠤ ᠪᠣᠯᠣᠨ ᠦᠪᠦᠷ ᠮᠣᠩᠭᠤᠯ ᠤᠨ ᠲᠧᠯᠸᠢᠰ ᠬᠤᠷᠢᠶ᠎ᠠ ᠡᠸ᠋ᠨᠩᠬᠢ ᠶᠢ ᠣᠬᠠᠭᠤᠯᠬᠤ ᠲᠣᠮᠣ ᠬᠡᠯᠪᠡᠷᠢ | ᠶᠢᠨ ᠣᠳᠬ᠎ᠠ ᠣᠷᠠᠯᠢᠭ ᠤᠨ ᠦᠳᠡᠰᠢᠯᠡᠭᠡ ︽ᠲᠠᠩᠰᠤᠭ ᠡᠸ᠋ᠨᠩᠬᠢ︾ ᠬᠡᠬᠦ ᠦᠳᠡᠰᠢᠯᠡᠭᠡ ᠶᠢ ᠬᠠᠮᠳᠣᠷᠠᠨ ᠦᠢᠯᠡᠳᠦᠨ ᠰᠢᠩᠭᠡᠭᠡᠵᠦ᠂ ᠣᠯᠣᠰ ᠤᠨ ᠳᠣᠳᠣᠭᠠᠳᠣ | ᠭᠠᠳᠠᠭᠠᠳᠣ ᠶᠢᠨ ᠣᠷᠠᠯᠢᠭᠴᠢᠳ ᠤᠨ ᠣᠷᠮ᠎ᠠ ᠪᠠᠬ᠎ᠠ ᠶᠢ ᠳᠠᠳᠠᠨ ᠦᠷᠭᠡᠨ ᠢᠶᠠᠷ ᠣᠷᠣᠯᠴᠠᠵᠠᠭᠠᠵᠣ᠂ ᠦᠳᠡᠰᠢᠯᠡᠭᠡ ᠨᠢ ᠠᠮᠵᠢᠯᠲᠠ ᠲᠠᠢ ᠶᠠᠪᠣᠭᠳᠠᠬᠤ ᠶᠢᠨ ᠬᠠᠮᠳᠣ | 2007 ᠣᠨ ᠤ 7 ᠰᠠᠷ᠎ᠠ ᠶᠢᠨ 1 ᠤ ᠡᠳᠦᠷ ᠦᠪᠦᠷ ᠮᠣᠩᠭᠤᠯ ᠤᠨ ᠣᠳᠣᠨ ᠰᠣᠪᠠᠭ ᠲᠤ ᠨᠡᠪᠳᠡᠷᠡᠭᠦᠯᠦᠭᠳᠡᠭᠰᠡᠨ ᠪᠠᠶᠢᠨ᠎ᠠ᠃ ᠰᠣᠶᠣᠯ ᠤᠨ ᠰᠣᠯᠢᠯᠴᠠᠭ᠎ᠠ ᠬᠢᠬᠦ | ᠪᠠᠷ ᠭᠠᠷᠴᠣ ᠶᠠᠪᠣᠬᠤ ᠶᠢᠨ ᠳᠠᠭᠠᠣ ᠳᠠᠳᠠᠨ ᠠᠪᠴᠢᠷᠠᠬᠤ ᠶᠢ ᠴᠢᠬᠤᠯᠠᠴᠢᠯᠠᠵᠣ᠂ ᠣᠯᠠᠨ ᠣᠯᠣᠰ ᠤᠨ ᠨᠡᠷ᠎ᠡ ᠠᠯᠳᠠᠷᠰᠢᠭᠰᠠᠨ ᠣᠮᠠᠷᠠᠳᠣ ᠡᠸᠦᠸ᠋ᠷᠦ᠋ᠫᠡ ᠶᠢᠨ ᠬᠠᠷ᠎ᠠ | ᠠᠷᠠᠰᠣᠲᠠᠨ ᠤ ᠵᠦᠴᠦᠭᠡ ᠶᠢᠨ ᠪᠦᠯᠬᠦᠮ᠂ ᠮᠣᠩᠭᠤᠯ ᠣᠯᠣᠰ ᠤᠨ ᠬᠡᠨᠳᠡᠢ ᠮᠣᠵᠢ ᠶᠢᠨ ᠳᠠᠭᠤᠣ ᠪᠦᠵᠢᠭ ᠤᠨ ᠪᠦᠯᠬᠦᠮ᠂ ᠪᠣᠷᠢᠶᠠᠳ ᠪᠦᠬᠦᠳᠡ ᠨᠠᠶᠢᠷᠠᠮᠳᠠᠬᠤ ᠣᠯᠣᠰ | ᠤᠨ ᠡᠸ᠋ᠨᠩᠬᠢ ᠣᠷᠣᠨ ᠤ ᠣᠷᠠᠯᠢᠭ ᠤᠨ ᠪᠦᠯᠬᠦᠮ ᠢ ᠣᠷᠢᠳ ᠬᠤᠵᠢᠳ ᠣᠷᠢᠨ ᠠᠪᠴᠢᠷᠠᠵᠣ ᠮᠠᠨ ᠤ ᠬᠤᠰᠢᠭᠤᠨ ᠳᠤ ᠲᠣᠭᠯᠠᠯᠲᠠ ᠭᠠᠷᠭᠠᠯᠭᠠᠨ᠂ ᠡᠸ᠋ᠨᠩᠬᠢ ᠶᠢᠨ | ᠲᠠᠯ᠎ᠠ ᠨᠣᠲᠤᠭ ᠲᠤ ᠬᠠᠷᠢ ᠣᠯᠣᠰ ᠤᠨ ᠰᠣᠶᠣᠯ ᠤᠨ ᠰᠢᠨ᠎ᠡ ᠰᠡᠪᠡᠬᠦᠨ ᠠᠭᠤᠷ ᠠᠮᠢᠰᠬᠤᠯ ᠢ ᠠᠪᠴᠢᠷᠠᠨ ᠦᠭᠴᠦ᠂ ᠠᠳᠠᠯᠢ ᠪᠣᠰᠣ ᠦᠨᠳᠦᠰᠦᠲᠡᠨ ᠤ ᠰᠣᠶᠣᠯ ᠢ | ᠠᠳᠡ ᠠᠭᠤᠰᠣᠯᠴᠠᠭᠤᠯᠣᠭᠰᠠᠨ ᠪᠠᠶᠢᠨ᠎ᠠ᠃ | 2. ᠬᠠᠭᠤᠴᠢ ᠠᠵᠢᠯ ᠢ ᠴᠢᠩᠭᠠᠳᠬᠠᠪᠠ | ᠡᠸ᠋ᠨᠩᠬᠢ ᠶᠢᠨ ᠮᠦᠽᠸᠢ ᠪᠣᠯ ᠮᠠᠨ ᠤ ᠬᠤᠰᠢᠭᠤᠨ ᠪᠠᠨ ᠭᠠᠳᠠᠭᠰᠢ ᠣᠬᠠᠭᠤᠯᠭ᠎ᠠ ᠬᠢᠬᠦ ᠴᠣᠩᠬᠤᠪᠴᠢ ᠪᠣᠯᠣᠨ᠎ᠠ᠃ ᠦᠨᠳᠦᠰᠦᠨ ᠪᠦᠲᠦᠭᠡᠨ ᠪᠠᠶᠢᠭᠤᠯᠣᠯᠲᠠ ᠶᠢ | ᠴᠢᠩᠭᠠᠳᠬᠠᠬᠤ ᠶᠢᠨ ᠳᠠᠭᠠᠣ ᠮᠦᠽᠸᠢ ᠶᠢᠨ ᠳᠠᠪᠠᠭᠤᠯᠢᠭ ᠢᠶᠠᠨ ᠠᠰᠢᠭᠯᠡᠨ᠂ ᠭᠠᠳᠠᠭᠰᠢ ᠣᠬᠠᠭᠤᠯᠭ᠎ᠠ ᠬᠢᠬᠦ ᠪᠠᠨ ᠢᠳᠡᠪᠬᠢᠲᠡᠢ ᠣᠷᠬᠡᠳᠬᠡᠵᠦ᠂ ᠵᠣᠭᠠᠴᠠᠯ ᠤᠨ | ᠬᠦᠭᠵᠢᠶᠡᠨᠳᠡᠢ ᠣᠯᠠᠷᠢᠯ ᠤᠨ ᠴᠠᠭ ᠳᠣᠬᠢᠶᠠᠯ ᠢ ᠰᠠᠶᠢᠳᠣᠷ ᠡᠵᠡᠮᠳᠡᠵᠦ᠂ ᠵᠣᠴᠢᠯᠠᠬᠤ᠂ ᠲᠠᠶᠢᠯᠪᠣᠷᠢᠯᠠᠯᠲᠠ ᠬᠢᠬᠦ᠂ ᠦᠢᠯᠡᠴᠢᠯᠡᠭᠡ ᠬᠢᠬᠦ ᠵᠡᠷᠭᠡ ᠬᠡᠳᠦᠨ ᠭᠤᠭᠴᠤᠭ᠎ᠠ ᠶᠢ | ᠭᠤᠣᠯᠳᠠᠯᠭ᠎ᠠ ᠲᠠᠢ ᠠᠳᠬᠤᠵᠣ᠂ ᠦᠢᠯᠡᠴᠢᠯᠡᠬᠡᠨ ᠤ ᠴᠢᠨᠠᠷ ᠴᠢᠨᠰᠠᠭ᠎ᠠ ᠪᠠᠨ ᠲᠠᠰᠣᠷᠠᠯᠲᠠ ᠦᠭᠡᠢ ᠳᠡᠭᠡᠭᠰᠢᠯᠡᠭᠦᠯᠪᠡ᠃ ᠬᠡᠳᠦᠨ ᠵᠢᠯ ᠤᠨ ᠲᠣᠷᠰᠢ᠂ ᠲᠣᠭᠤᠷᠢᠨ | ᠦᠵᠡᠭᠴᠢᠳ ᠣᠯᠠᠮ ᠢᠶᠠᠷ ᠣᠯᠠᠰᠢᠷᠠᠵᠣ᠂ ᠵᠢᠯ ᠤᠨ ᠲᠣᠭᠤᠷᠢᠨ ᠦᠵᠡᠭᠴᠢᠳ ᠤᠨ ᠲᠤᠭ᠎ᠠ 4 ᠲᠦᠮᠡ ᠶᠢ ᠳᠠᠪᠠᠭᠰᠠᠨ ᠪᠠᠶᠢᠨ᠎ᠠ᠃ 2007 ᠣᠨ ᠳᠤ᠂ ᠡᠸ᠋ᠨᠩᠬᠢ | ᠶᠢᠨ ᠮᠦᠽᠸᠢ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠰᠣᠶᠣᠯ ᠤᠨ ᠲᠢᠩᠬᠢᠮ ᠤᠨ ᠨᠠᠶᠢᠳᠠᠯᠭ᠎ᠠ ᠪᠠᠷ᠂ ᠬᠡᠰᠡᠭ ᠠᠵᠢᠯᠳᠠᠨ ᠭᠠᠷᠭᠠᠨ ᠲᠣᠭᠤᠷᠪᠢᠨ | ᠨᠠᠶᠢᠷᠠᠭᠤᠯᠬᠤ ᠺᠣᠮᠢᠰ ᠪᠠᠶᠢᠭᠤᠯᠵᠣ᠂ ︽ᠡᠸ᠋ᠨᠩᠬᠢ ᠶᠢᠨ ᠪᠣᠳᠠᠰ ᠤᠨ ᠰᠣᠶᠣᠯ︾ ᠬᠡᠬᠦ ᠨᠣᠮ ᠭᠠᠷᠭᠠᠬᠤ ᠡᠭᠦᠷᠭᠡ ᠶᠢ ᠪᠡᠶᠡᠯᠡᠭᠦᠯᠪᠡ᠃ ᠲᠣᠰ ᠨᠣᠮ ᠳᠤ ᠡᠸ᠋ᠨᠩᠬᠢ | ᠦᠨᠳᠦᠰᠦᠲᠡᠨ ᠤ ᠦᠢᠯᠡᠳᠪᠦᠷᠢᠯᠡᠯ ᠠᠮᠢᠳᠣᠷᠠᠯ᠂ ᠡᠮᠦᠰᠴᠣ ᠵᠡᠬᠦᠬᠦ ᠢᠳᠡᠵᠦ ᠣᠣᠭᠤᠬᠤ ᠪᠠ ᠠᠷᠠᠳ ᠤᠨ ᠵᠠᠩ ᠦᠢᠯᠡ ᠶᠢ ᠨᠠᠷᠢᠯᠢᠭ ᠲᠠᠨᠢᠯᠴᠠᠭᠤᠯᠵᠣ᠂ ᠡᠸ᠋ᠨᠩᠬᠢ | ᠦᠨᠳᠦᠰᠦᠲᠡᠨ ᠤ ᠡᠯᠪᠡᠭ ᠪᠠᠶᠠᠯᠢᠭ ᠰᠣᠶᠣᠯ ᠤᠨ ᠡᠬᠢ ᠪᠠᠶᠠᠯᠢᠭ ᠢ ᠬᠠᠷᠠᠭᠤᠯᠵᠣ᠂ ᠡᠸ᠋ᠨᠩᠬᠢ ᠶᠢ ᠣᠬᠠᠭᠤᠯᠬᠤ ᠨᠡᠯᠢᠶᠡᠳ ᠦᠨᠳᠦᠷ ᠦᠨ᠎ᠡ ᠦᠷᠳᠡᠭ ᠲᠠᠢ ᠪᠣᠯᠬᠤᠷ | ᠦᠪᠡᠷᠲᠡᠭᠡᠨ ᠵᠠᠰᠠᠬᠤ ᠣᠷᠣᠨ ᠪᠠᠶᠢᠭᠤᠯᠣᠭᠳᠠᠭᠰᠠᠨ 60 ᠵᠢᠯ ᠤᠨ ᠣᠢ ᠳᠤ ᠪᠡᠯᠡᠭ ᠪᠠᠷᠢᠬᠤ ᠲᠦᠷᠦᠯ ᠵᠦᠢᠯ ᠤᠨ ᠨᠢᠭᠡ ᠪᠣᠯᠣᠭᠰᠠᠨ ᠪᠢᠯᠡ᠃ ᠲᠡᠣᠬᠡ ᠶᠢᠨ | ᠲᠣᠷᠠᠰᠬᠠᠯᠳᠣ ᠵᠦᠢᠯᠡᠰ ᠬᠠᠭᠤᠴᠢᠳ ᠢ ᠬᠠᠮᠠᠭᠠᠯᠠᠬᠤ ᠠᠵᠢᠯ ᠳᠤ ᠬᠤᠰᠢᠭᠤᠨ ᠤ ᠵᠠᠰᠠᠭ ᠤᠨ ᠣᠷᠳᠣᠨ ᠠᠴᠠ ︽ ᠭᠤᠣᠯᠳᠠᠯᠭ᠎ᠠ ᠲᠠᠢ ᠲᠡᠣᠬᠡ ᠶᠢᠨ ᠲᠣᠷᠠᠰᠬᠠᠯᠳᠣ | ᠵᠦᠢᠯᠡᠰ ᠤᠨ ᠬᠠᠮᠠᠭᠠᠯᠠᠯᠲᠠ ᠶᠢᠨ ᠨᠢᠭᠡᠴᠡ ᠶᠢᠨ ᠬᠠᠮᠢᠶᠠᠷᠣᠯᠲᠠ ᠶᠢ ᠠᠯᠬᠤᠮ ᠴᠢᠨᠠᠭᠰᠢᠲᠠ ᠴᠢᠩᠭᠠᠳᠬᠠᠬᠤ ᠲᠣᠬᠠᠢ ᠮᠡᠳᠡᠭᠳᠡᠯ︾ ᠪᠠᠭᠤᠯᠭᠠᠵᠣ᠂ ᠪᠢᠴᠢᠭ ᠮᠠᠲ᠋ᠧᠷᠢᠶᠠᠯ | ᠢ ᠡᠯ᠎ᠡ ᠰᠣᠮᠣ ᠰᠢᠶᠠᠩ ᠪᠠᠯᠭᠠᠰᠣ᠂ ᠬᠤᠰᠢᠭᠤᠨ ᠤ ᠰᠢᠭᠤᠳ ᠬᠠᠷᠢᠶ᠎ᠠ ᠡᠯ᠎ᠡ ᠬᠤᠯᠪᠣᠭᠳᠠᠯ ᠪᠦᠬᠦᠢ ᠨᠢᠭᠡᠴᠡ ᠳᠤ ᠬᠦᠷᠭᠡᠵᠦ᠂ ᠡᠯ᠎ᠡ ᠬᠤᠯᠪᠣᠭᠳᠠᠯ ᠪᠦᠬᠦᠢ ᠨᠢᠭᠡᠴᠡ | ᠶᠢ ᠦᠷᠬᠡᠨ ᠢᠶᠠᠷ ᠣᠬᠠᠭᠤᠯᠬᠤ ᠪᠠ ᠬᠠᠮᠠᠭᠠᠯᠠᠯᠲᠠ ᠶᠢᠨ ᠠᠵᠢᠯ ᠢ ᠰᠠᠶᠢᠳᠣᠷ ᠬᠢᠵᠦ᠂ ︽ ᠪᠦᠬᠦᠳᠡ ᠨᠠᠶᠢᠷᠠᠮᠳᠠᠬᠤ ᠳᠣᠮᠳᠠᠳᠣ ᠠᠷᠠᠳ ᠣᠯᠣᠰ ᠤᠨ ᠲᠡᠣᠬᠡ ᠶᠢᠨ | ᠳᠣᠷᠠᠰᠬᠠᠯᠳᠣ ᠵᠦᠢᠯᠡᠰ ᠤᠨ ᠬᠠᠮᠠᠭᠠᠯᠠᠯᠲᠠ ᠶᠢᠨ ᠬᠠᠣᠯᠢ︾ ᠶᠢ ᠲᠣᠣᠱᠯᠠᠭᠤᠯᠣᠨ ᠬᠡᠷᠡᠭᠵᠢᠬᠦᠯᠵᠦ᠂ ᠲᠡᠣᠬᠡ ᠶᠢᠨ ᠲᠣᠷᠠᠰᠬᠠᠯᠳᠣ ᠵᠦᠢᠯᠡᠰ ᠬᠠᠭᠤᠴᠢᠨ ᠪᠠᠭᠤᠷᠢ ᠶᠢ | ᠦᠨᠡᠨᠬᠦ ᠰᠠᠶᠢᠳᠣᠷ ᠬᠠᠮᠠᠭᠠᠯᠠᠬᠤ ᠬᠡᠷᠡᠭᠲᠡᠢ ᠬᠡᠵᠦ ᠱᠠᠭᠠᠷᠳᠠᠪᠠ᠃ | 3. ᠺᠢᠨᠣ᠋ ᠵᠦᠴᠦᠭᠡ ᠶᠢᠨ ᠣᠷᠳᠣᠨ ᠢ ᠦᠭᠡᠷᠡᠴᠢᠯᠡᠨ ᠦᠷᠭᠡᠳᠬᠡᠨ ᠪᠦᠲᠦᠭᠡᠨ ᠪᠠᠶᠢᠭᠤᠯᠬᠤ ᠠᠵᠢᠯ ᠢ ᠣᠷᠣᠭᠰᠢᠲᠠᠢ ᠪᠡᠶᠡᠯᠡᠭᠦᠯᠪᠡ᠃ ᠦᠪᠡᠷᠲᠡᠭᠡᠨ ᠵᠠᠰᠠᠬᠤ | ᠣᠷᠣᠨ ᠪᠠᠶᠢᠭᠤᠯᠣᠭᠳᠠᠭᠰᠠᠨ 60 ᠵᠢᠯ ᠤᠨ ᠣᠢ ᠶᠢ ᠪᠠᠶᠠᠷᠯᠠᠨ ᠣᠭᠳᠣᠵᠣ᠂ ᠬᠤᠰᠢᠭᠤ ᠪᠠᠶᠢᠭᠤᠯᠣᠭᠳᠠᠭᠰᠠᠨ 50 ᠵᠢᠯ ᠤᠨ ᠣᠢ ᠶᠢ ᠪᠡᠯᠭᠡᠯᠡᠬᠦ ᠶᠢᠨ ᠲᠦᠯᠦᠭᠡ᠂ | 2007 ᠣᠨ ᠳᠤ ᠺᠢᠨᠣ᠋ ᠵᠦᠴᠦᠭᠡ ᠶᠢᠨ ᠣᠷᠳᠣᠨ ᠢ ᠶᠡᠭᠡ ᠬᠡᠪᠴᠢᠶ᠎ᠡ ᠪᠠᠷ ᠦᠭᠡᠷᠡᠴᠢᠯᠡᠨ ᠵᠠᠰᠠᠵᠣ ᠰᠢᠨᠡᠳᠬᠡᠪᠡ᠃ ᠺᠢᠨᠣ᠋ ᠶᠢᠨ ᠬᠠᠮᠢᠶᠠᠷᠣᠯᠲᠠ ᠶᠢᠨ ᠦᠷᠳᠡᠭᠡ ᠨᠢ | ᠺᠢᠨᠣ᠋ ᠵᠦᠴᠦᠭᠡ ᠶᠢᠨ ᠣᠷᠳᠣᠨ ᠢ ᠦᠭᠡᠷᠡᠴᠢᠯᠡᠨ ᠦᠷᠭᠡᠳᠬᠡᠨ ᠪᠠᠶᠢᠭᠤᠯᠬᠤ ᠠᠵᠢᠯ ᠢ ᠳᠠᠭᠤᠰᠬᠠᠬᠤ ᠶᠢᠨ ᠳᠠᠭᠠᠣ ᠣᠯᠣᠰ ᠠᠴᠠ ᠪᠡᠯᠡᠭᠯᠡᠨ ᠦᠭᠭᠦᠭᠰᠡᠨ ᠨᠡᠭᠦᠳᠡᠯ ᠺᠢᠨᠣ᠋ | ᠭᠠᠷᠭᠠᠬᠤ ᠲᠡᠷᠭᠡ ᠶᠢ ᠠᠰᠢᠭᠯᠠᠨ ᠬᠦᠳᠡᠭᠡ ᠳᠣᠰᠬᠤᠨ ᠳᠤ ᠺᠢᠨᠣ᠋ ᠵᠦᠴᠦᠭᠡ ᠭᠠᠷᠭᠠᠵᠣ᠂ ᠪᠠᠶᠠᠨᠳᠣᠬᠤᠢ ᠪᠠᠯᠭᠠᠰᠣ ᠶᠢᠨ ᠲᠣᠸᠠᠨ ᠵᠢᠶᠧ ᠭᠠᠴᠠᠭ᠎ᠠ ᠳᠤ ᠰᠢᠨᠵᠢᠯᠡᠬᠦ | ᠣᠬᠠᠭᠠᠨ ᠰᠣᠷᠭᠠᠨ ᠬᠦᠮᠦᠵᠢᠯ ᠤᠨ ᠲᠣᠬᠠᠢ ᠺᠢᠨᠣ᠋᠂ ᠬᠤᠩᠭᠤᠯᠵᠢ ᠣᠢ ᠰᠢᠭᠤᠢ ᠶᠢᠨ ᠴᠡᠷᠢᠭ ᠠᠩᠬᠢ ᠳᠤ ᠦᠯᠢᠭᠡᠷᠲᠦ ᠺᠢᠨᠣ᠋᠂ ᠪᠠᠶᠠᠨᠳᠠᠯ᠎ᠠ ᠰᠢᠶᠠᠩ ᠳᠤ ᠰᠢᠨᠵᠢᠯᠡᠬᠦ | ᠣᠬᠠᠭᠠᠨ ᠰᠣᠷᠭᠠᠨ ᠬᠦᠮᠦᠵᠢᠯ ᠤᠨ ᠲᠣᠬᠠᠢ ᠺᠢᠨᠣ᠋᠂ ᠦᠯᠢᠭᠡᠷᠲᠦ ᠺᠢᠨᠣ᠋ ᠵᠡᠷᠭᠡ 40 ᠭᠠᠷᠣᠢ ᠲᠠᠯᠠᠪᠣᠷ ᠣᠳᠠᠭ᠎ᠠ ᠺᠢᠨᠣ᠋ ᠭᠠᠷᠭᠠᠵᠣ᠂ ᠮᠠᠯᠴᠢᠳ ᠲᠦᠮᠡᠨ ᠤ ᠬᠠᠯᠠᠭᠤᠨ | ᠬᠦᠷᠢᠶᠡᠯᠡᠯ ᠢ ᠣᠯᠣᠭᠰᠠᠨ ᠪᠠᠶᠢᠨ᠎ᠠ᠃ | 4. ᠦᠪᠡᠷᠮᠢᠴᠡ ᠣᠨᠴᠠᠯᠢᠭ ᠪᠦᠬᠦᠢ ᠦᠨᠳᠦᠰᠦᠲᠡᠨ ᠤ ᠬᠤᠪᠴᠠᠰᠣ ᠵᠠᠰᠠᠯ | ᠡᠸ᠋ᠨᠩᠬᠢ ᠬᠤᠰᠢᠭᠤ ᠪᠣᠯ ᠡᠸ᠋ᠨᠩᠬᠢ᠂ ᠮᠣᠩᠭᠤᠯ᠂ ᠳᠠᠭᠤᠷ ᠵᠡᠷᠭᠡ ᠣᠯᠠᠨ ᠦᠨᠳᠦᠰᠦᠲᠡᠨ ᠲᠦᠪᠯᠡᠷᠡᠨ ᠰᠠᠭᠤᠷᠢᠰᠢᠭᠰᠠᠨ ᠭᠠᠵᠠᠷ ᠮᠦᠨ᠂ ᠣᠷᠳᠣ ᠬᠤᠭᠤᠴᠠᠭᠠᠨ | ᠤ ᠦᠢᠯᠡᠳᠪᠦᠷᠢᠯᠡᠯ ᠠᠮᠢᠳᠣᠷᠠᠯ ᠳᠣᠮᠳᠠ ᠪᠠᠨ ᠣᠯᠠᠨ ᠡᠰᠢᠵᠢᠭᠰᠡᠨ ᠰᠣᠶᠣᠯ ᠤᠨ ᠣᠨᠴᠠᠯᠢᠭ ᠢ ᠪᠦᠷᠢᠯᠳᠦᠭᠦᠯᠪᠡ᠂ ᠡᠸ᠋ᠨᠩᠬᠢ ᠶᠢᠨ ᠡᠯ᠎ᠡ ᠵᠦᠢᠯ ᠤᠨ ᠣᠨᠴᠠᠯᠢᠭ ᠢ | ᠪᠦᠷᠢᠯᠳᠦᠭᠦᠯᠦᠭᠰᠡᠨ ᠬᠤᠪᠴᠠᠰᠣ ᠵᠠᠰᠠᠯ ᠨᠢ ᠨᠢᠭᠡᠨᠳᠡ ᠦᠨᠳᠦᠰᠦᠲᠡᠨ ᠤ ᠰᠣᠶᠣᠯ ᠤᠨ ᠡᠬᠢ ᠪᠠᠶᠠᠯᠢᠭ ᠢ ᠠᠭᠤᠳᠠᠯᠯᠠᠬᠤ ᠬᠠᠮᠠᠭᠠᠯᠠᠬᠤ ᠪᠠ ᠣᠯᠠᠮᠵᠢᠯᠠᠨ | ᠵᠠᠯᠭᠠᠮᠵᠢᠯᠠᠭᠤᠰᠢᠲᠠᠢ ᠵᠦᠢᠯ ᠪᠣᠯᠵᠣ᠂ ᠦᠪᠡᠷᠲᠡᠭᠡᠨ ᠵᠠᠰᠠᠬᠤ ᠬᠤᠰᠢᠭᠤ ᠪᠠᠰᠠ ᠡᠸ᠋ᠨᠩᠬᠢ ᠶᠢᠨ ᠦᠨᠳᠦᠰᠦᠲᠡᠨ ᠤ ᠬᠤᠪᠴᠠᠰᠣ ᠵᠠᠰᠠᠯ ᠤᠨ ᠦᠵᠡᠭᠦᠯᠦᠯᠭᠡ ᠶᠢᠨ | ᠠᠩᠬᠢ᠂ ᠪᠣᠷᠢᠶᠠᠳ ᠮᠣᠩᠭᠤᠯ ᠦᠨᠳᠦᠰᠦᠲᠡᠨ ᠤ ᠬᠤᠪᠴᠠᠰᠣ ᠵᠠᠰᠠᠯ ᠤᠨ ᠦᠵᠡᠭᠦᠯᠦᠯᠭᠡ ᠶᠢᠨ ᠠᠩᠬᠢ ᠪᠠ ᠲᠠᠭᠤᠷ ᠬᠤᠪᠴᠠᠰᠣ ᠵᠠᠰᠠᠯ ᠤᠨ ᠦᠵᠡᠭᠦᠯᠦᠯᠭᠡ ᠶᠢᠨ | ᠠᠩᠬᠢ ᠶᠢ ᠣᠷᠢᠳ ᠬᠤᠵᠢᠳ ᠪᠠᠶᠢᠭᠤᠯᠪᠠ᠃ | 5. ᠡᠯᠪᠡᠭ ᠪᠠᠶᠠᠯᠢᠭ ᠦᠨᠳᠦᠰᠦᠲᠡᠨ ᠤ ᠪᠡᠶ᠎ᠡ ᠲᠠᠮᠢᠷ ᠤᠨ ᠲᠦᠷᠦᠯ ᠵᠦᠢᠯ | ᠣᠷᠳᠣ ᠬᠤᠭᠤᠴᠠᠭᠠᠨ ᠤ ᠠᠩᠨᠠᠵᠣ ᠬᠦᠷᠦᠬᠡᠯᠡᠬᠦ ᠪᠠ ᠨᠡᠬᠦᠳᠡᠯ ᠮᠠᠯᠵᠢᠯ ᠤᠨ ᠠᠮᠢᠳᠣᠷᠠᠯ ᠬᠢᠬᠡᠳ ᠦᠢᠯᠡᠳᠪᠦᠷᠢᠯᠡᠯ ᠤᠨ ᠦᠢᠯᠡᠳᠦᠯᠭᠡ ᠶᠢᠨ ᠶᠠᠪᠣᠴᠠ ᠳᠠᠭᠠᠨ᠂ | ᠡᠸ᠋ᠨᠩᠬᠢ ᠦᠨᠳᠦᠰᠦᠲᠡᠨ ᠦᠨᠳᠦᠰᠦᠲᠡᠨ ᠤ ᠣᠨᠴᠠᠯᠢᠭ ᠪᠦᠬᠦᠢ ᠣᠯᠠᠮᠵᠢᠯᠠᠯᠲᠣ ᠪᠡᠶ᠎ᠡ ᠶᠢᠨ ᠲᠠᠮᠢᠷ ᠤᠨ ᠲᠦᠷᠦᠯ ᠵᠦᠢᠯ ᠢ ᠪᠦᠷᠢᠯᠳᠦᠭᠦᠯᠦᠭᠰᠡᠨ ᠶᠣᠮ᠂ ᠵᠢᠱᠢᠶᠡᠯᠡᠪᠡᠯ | ᠂ ᠮᠦᠩᠬᠦᠨ ᠠᠶᠠᠭ᠎ᠠ ᠪᠣᠯᠢᠶᠠᠬᠤ᠂ ᠴᠦ᠋ ᠪᠣᠯᠢᠶᠠᠯᠳᠣᠬᠤ᠂ ᠮᠣᠳᠣ ᠲᠠᠲᠠᠬᠤ᠂ ᠬᠦᠵᠦᠭᠦᠦ ᠲᠠᠲᠠᠬᠤ ᠨᠠᠭᠠᠳᠣᠮ ᠵᠡᠷᠭᠡ ᠪᠣᠢ᠃ ᠡᠸ᠋ᠨᠩᠬᠢ ᠦᠨᠳᠦᠰᠦᠲᠡᠨ ᠤ | ᠣᠯᠠᠮᠵᠢᠯᠠᠯᠲᠣ ᠦᠨᠳᠦᠰᠦᠲᠡᠨ ᠤ ᠪᠡᠶ᠎ᠡ ᠶᠢᠨ ᠲᠠᠮᠢᠷ ᠤᠨ ᠲᠦᠷᠦᠯ ᠵᠦᠢᠯ ᠪᠣᠯᠬᠤ ︽ᠴᠦ᠋ ᠪᠣᠯᠢᠶᠠᠯᠳᠣᠬᠤ︾ ᠨᠠᠭᠠᠳᠣᠮ ᠨᠢ ᠣᠯᠠᠮᠵᠢᠯᠠᠯ ᠳᠠᠰᠤᠷᠠᠭᠠᠳ ᠣᠯᠠᠨ ᠵᠢᠯ | ᠦᠩᠭᠡᠷᠡᠭᠰᠡᠨ ᠪᠣᠯᠪᠠᠴᠣ ᠳᠠᠬᠢᠨ ᠴᠡᠭᠴᠡᠯᠡᠨ ᠡᠮᠬᠢᠯᠡᠵᠦ ᠰᠣᠳᠣᠯᠣᠨ ᠰᠦᠪᠡᠭᠴᠢᠯᠡᠬᠦ ᠪᠠᠷ ᠳᠠᠮᠵᠢᠨ ᠣᠣᠯ ᠤᠨ ᠰᠠᠭᠤᠷᠢᠨ ᠳᠡᠭᠡᠷ᠎ᠡ ᠨᠢ ᠳᠦᠷᠢᠮᠵᠢᠬᠦᠯᠦᠨ | ᠬᠦᠭᠵᠢᠬᠦᠯᠵᠦ᠂ ᠡᠳᠦᠭᠡ ᠡᠨᠡᠬᠦ ᠬᠦᠳᠡᠯᠭᠡᠭᠡᠨ ᠨᠢ ᠪᠦᠬᠦ ᠣᠯᠣᠰ ᠤᠨ ᠠᠷᠠᠳ ᠤᠨ ᠪᠡᠶ᠎ᠡ ᠲᠠᠮᠢᠷ ᠤᠨ ᠴᠣᠭᠯᠠᠭᠠᠨ ᠤ ᠦᠵᠡᠭᠦᠯᠦᠯᠭᠡ ᠶᠢᠨ ᠲᠦᠷᠦᠯ ᠵᠦᠢᠯ | ᠪᠣᠯᠣᠭᠰᠠᠨ ᠪᠠᠶᠢᠨ᠎ᠠ᠃ ᠲᠣᠶᠢᠯ ᠤᠨ ᠣᠷ᠎ᠠ ᠴᠢᠳᠠᠪᠣᠷᠢ ᠪᠠ ᠷᠣᠮᠠᠨᠲ᠋ᠢᠭ ᠦᠩᠭᠡ ᠪᠣᠳᠣᠭᠳᠠᠢ ᠮᠣᠷᠢᠨ ᠨᠢᠷᠣᠭᠤᠨ ᠳᠡᠭᠡᠷᠡᠬᠢ ᠣᠷᠣᠯᠳᠣᠭᠠᠨ ᠤ ᠲᠦᠷᠦᠯ ᠵᠦᠢᠯ ᠪᠣᠯᠬᠤ | ︽ ᠮᠦᠩᠬᠦᠨ ᠠᠶᠠᠭ᠎ᠠ ᠪᠣᠯᠢᠶᠠᠬᠤ︾ ᠨᠠᠭᠠᠳᠣᠮ ᠨᠢ ᠵᠢᠯ ᠪᠦᠷᠢ ᠶᠠᠪᠣᠭᠳᠠᠬᠤ ᠰᠧᠪᠵᠢᠬᠡᠨ ᠨᠠᠶᠢᠷ ᠤᠨ ᠬᠢᠯᠠᠰ ᠴᠡᠭ ᠪᠣᠯᠵᠣ ᠪᠠᠶᠢᠨ᠎ᠠ᠃ | | | | | | |