ᠪᠤᠷᠢᠶᠠᠳ ᠮᠤᠩᠭᠤᠯᠴᠤᠳ ᠤᠨ ᠲᠤᠬᠠᠢ ᠲᠠᠤᠭᠡ ᠶᠢᠨ ᠲᠠᠮᠳᠡᠭᠯᠡᠯ ᠤᠳ
ᠨᠡᠶᠢᠲᠡᠯᠡᠭᠰᠡᠨ ᠴᠠᠭ᠄
2025/4/23
    ᠵᠣᠬᠢᠶᠠᠭᠴᠢ᠄  ᠬᠤᠸᠠᠰᠠᠢ ᠊ ᠴᠤᠭᠳᠤ ᠶᠢᠨ ᠵᠠᠮᠰᠤ      ᠪᠤᠷᠢᠶᠠᠳ ᠶᠠᠰᠤᠳᠡᠨ ᠪᠤᠯ ᠮᠤᠩᠭᠤᠯ ᠢᠵᠠᠭᠤᠷ ᠤᠨ ᠬᠦᠮᠤᠰ ᠪᠥᠭᠡᠳ ᠲᠡᠳᠡᠨ ᠤ ᠡᠪᠦᠭᠡ ᠲᠡᠭᠡᠳᠥᠰ ᠨᠢ ᠪᠠᠶᠢᠭᠠᠯ  ᠨᠠᠭᠤᠷ ᠤᠨ ᠠᠷᠤ ᠦᠪᠤᠷ᠂ ᠪᠠᠷᠠᠭᠤᠨ ᠵᠡᠬᠦᠨ ᠲᠠᠯ᠎ᠠ ᠪᠠᠷ ᠤᠷᠤᠰᠢᠨ ᠠᠮᠢᠳᠤᠷᠠᠵᠤ ᠪᠠᠶᠢᠭᠰᠠᠨ ᠡᠷᠳᠡᠨ ᠤ ᠠᠩᠴᠢᠨ᠂  ᠬᠦᠷᠥᠭᠡᠴᠢᠨ᠂ ᠪᠤᠯᠠᠭᠠᠴᠢᠨ᠂ ᠭᠡᠷᠡᠮᠤᠴᠢᠨ᠂ ᠤᠢ ᠶᠢᠨ ᠢᠷᠭᠡᠳ ᠠᠴᠠ ᠡᠬᠦᠰᠥᠯ ᠲᠠᠢ ᠶᠤᠮ᠃ ᠲᠤᠬᠠᠢᠢᠯᠠᠪᠡᠯ  ᠡᠷᠳᠡᠨ ᠤ ᠦᠶ᠎ᠠ ᠳᠤ ᠪᠠᠶᠢᠭᠠᠯ ᠨᠠᠭᠤᠷ ᠤᠨ ᠤᠷᠴᠢᠮ ᠵᠦᠯᠭᠡ ︵ᠯᠧᠨᠠ︶ ᠮᠥᠷᠡᠨ ᠪᠡ ᠬᠢᠶᠤᠯᠭ᠎ᠠ ᠮᠥᠷᠡᠨ ᠤ ᠰᠠᠪᠠ  ᠭᠠᠵᠠᠷ᠂ ᠰᠡᠯᠡᠩᠭᠡ ᠮᠥᠷᠡᠨ ᠤ ᠠᠳᠠᠭ ᠢᠶᠠᠷ ᠪᠠᠶᠢᠷᠢᠯᠠᠵᠤ ᠪᠠᠶᠢᠭᠰᠠᠨ ᠬᠤᠷᠢᠬᠠᠨ ︵ᠬᠤᠷᠢ ᠲᠦᠮᠡᠳ︶ ᠠᠶᠢᠮᠠᠭ᠂  ᠪᠠᠷᠭᠤᠵᠢᠨ ᠲᠥᠬᠦᠮ ᠳᠤ ᠠᠵᠤ ᠲᠥᠷᠥᠳᠡᠭ ᠪᠠᠷᠭᠤᠳ ᠠᠶᠢᠮᠠᠭ ᠵᠡᠷᠭᠡ ᠮᠤᠩᠭᠤᠯ ᠤᠭᠰᠠᠭ᠎ᠠ ᠶᠢᠨ ᠠᠶᠢᠮᠠᠭ ᠤᠳ ᠨᠢ  ᠲᠡᠳᠡᠨ ᠤ ᠲᠡᠭᠡᠳᠤ ᠦᠶ᠎ᠠ ᠶᠢᠨ ᠠᠶᠢᠮᠠᠭ ᠤᠳ ᠪᠢᠯᠡ  ᠃         ᠪᠤᠷᠢᠶᠠᠳ ᠮᠤᠩᠭᠤᠯᠴᠤᠳ 13 ᠳ᠋ᠤᠭᠠᠷ ᠵᠠᠭᠤᠨ ᠠᠴᠠ ᠡᠮᠤᠨ᠎ᠠ ︵1100 — 1200 ᠤᠨ ᠤ  ᠦᠶ᠎ᠠ ᠳᠤ︶ ᠲᠥᠷᠤ ᠬᠦᠷᠤᠨ ᠤ ᠲᠤᠳᠤᠷᠬᠠᠢ ᠬᠠᠷᠢᠶᠠᠯᠠᠯ ᠦᠭᠡᠢ᠂ ᠬᠤᠶᠢᠳᠤ ᠵᠦᠭ ᠤᠨ ᠤᠯᠠᠨ ᠤᠭᠰᠠᠭ᠎ᠠ  ᠠᠶᠢᠮᠠᠭ ᠤᠳ ᠲᠠᠢ ᠬᠠᠮᠳᠤ ᠪᠠᠷ ᠠᠯᠢ ᠨᠢᠭᠡᠨ ᠤ ᠬᠢᠨᠢ ᠬᠦᠴᠤᠨ ᠶᠡᠭᠡ ᠪᠤᠯ ᠲᠠᠬᠦᠨ ᠤ ᠬᠠᠷᠢᠶ᠎ᠠ ᠳᠤ ᠪᠠᠭᠳᠠᠵᠤ᠂  ᠦᠪᠡᠷᠰᠡᠳ ᠤᠨ ᠠᠶᠢᠮᠠᠭ ᠤᠪᠤᠭ ᠢᠶᠠᠷ ᠢᠶᠠᠨ ᠠᠡᠭ ᠬᠦᠷᠥᠭᠡ᠂ ᠵᠢᠭᠠᠰᠤᠨ ᠤ ᠠᠵᠢᠯ ᠪᠤᠯᠤᠨ ᠮᠠᠯ ᠲᠠᠵᠢᠭᠡᠬᠦ ᠠᠵᠢᠯ  ᠵᠡᠷᠭᠡ ᠶᠢ ᠡᠷᠬᠢᠯᠡᠨ ᠪᠠᠶᠢᠭᠰᠠᠨ ᠪᠥᠭᠡᠳ ᠪᠤᠯᠠᠭᠠᠳ ᠢᠬᠢᠷᠡᠳ ᠠᠴᠠ ᠡᠬᠦᠰᠥᠯ ᠲᠠᠢ ᠪᠠᠷᠠᠭᠤᠨ ᠵᠦᠭ ᠤᠨ  ᠪᠤᠷᠢᠶᠠᠳ ᠤᠳ ᠨᠢ ᠪᠠᠶᠢᠭᠠᠯ ᠨᠠᠭᠤᠷ ᠤᠨ ᠠᠷᠤ ᠪᠤᠯᠤᠨ ᠪᠠᠷᠠᠭᠤᠨ ᠲᠠᠯ᠎ᠠ ᠪᠠᠷ ᠪᠠᠶᠢᠷᠢᠯᠡᠵᠤ ᠂ ᠠᠡᠭ ᠬᠦᠷᠥᠭᠡ᠂  ᠵᠢᠭᠠᠰᠤᠨ ᠤ ᠠᠵᠢᠯ ᠢ ᠡᠷᠬᠢᠯᠡᠵᠤ ᠪᠠᠶᠢᠭᠰᠠᠨ ᠠᠴᠠ ᠰᠡᠬᠦᠯᠳᠡᠵᠤ᠂ ᠮᠠᠯ ᠲᠠᠷᠢᠶ᠎ᠠ ᠶᠢ ᠬᠤᠤᠰᠯᠠᠭᠤᠯᠤᠨ ᠡᠷᠬᠢᠯᠡᠬᠦ  ᠪᠤᠯᠤᠭᠰᠠᠨ ᠶᠤᠮ᠃ ᠡᠷᠳᠡᠨ ᠤ ᠬᠤᠷᠢ ᠲᠦᠮᠡᠳ ᠠᠴᠠ ᠡᠬᠦᠰᠥᠯ ᠲᠠᠢ ᠬᠤᠷᠢ ᠶᠢᠨ ᠪᠤᠷᠢᠶᠠᠳ ᠤᠳ ᠨᠢ ᠪᠠᠶᠢᠭᠠᠯ  ᠨᠠᠭᠤᠷ ᠠᠴᠠ ᠵᠡᠬᠦᠡᠰᠢ ᠪᠠᠶᠢᠷᠢᠯᠠᠵᠤ ᠪᠠᠶᠢᠭᠰᠠᠨ ᠢᠶᠠᠨ ᠰᠡᠬᠦᠯᠳᠡᠵᠤ ᠨᠡᠬᠦᠳᠡᠯ ᠤᠨ ᠮᠠᠯ ᠠᠵᠤ ᠠᠬᠤᠢ ᠶᠢ ᠡᠷᠬᠢᠯᠡᠬᠦ  ᠪᠤᠯᠵᠤ᠂ ᠵᠡᠬᠦᠡᠰᠢ ᠪᠤᠯᠤᠨ ᠡᠮᠥᠨᠡᠰᠢ ᠪᠠᠨ ᠰᠡᠯᠡᠩᠭᠡ᠂ ᠦᠳᠡ᠂ ᠢᠡᠭᠬᠢᠳᠡᠢ ᠳᠤ ᠬᠦᠷᠴᠤ ᠤᠯᠠᠮ ᠵᠡᠬᠦᠡᠰᠢᠯᠡᠵᠤ  ᠤᠨᠤᠨ᠂ ᠠᠭ᠎ᠠ᠂ ᠪᠤᠤᠷᠵᠢ᠂ ᠡᠷᠬᠦᠨ᠎ᠠ ᠵᠡᠷᠭᠡ ᠭᠤᠤᠯ ᠮᠥᠷᠡᠨ ᠨᠦᠭᠦᠳ ᠤᠨ ᠰᠠᠪᠡ ᠭᠠᠵᠠᠷ ᠢᠶᠠᠷ ᠨᠡᠬᠦᠳᠡᠯᠯᠡᠨ  ᠪᠠᠶᠢᠷᠢᠰᠢᠬᠤ ᠪᠤᠯᠤᠭᠰᠠᠨ ᠪᠢᠯᠡ᠃         13 ᠳ᠋ᠤᠭᠠᠷ ᠵᠡᠭᠤᠨ ᠤ ᠡᠬᠢᠨ ᠤ ᠦᠶ᠎ᠠ ᠳᠤ ᠴᠢᠩᠬᠢᠰ ᠬᠠᠭᠠᠨ᠂ ᠪᠥᠬᠦ ᠮᠤᠩᠭᠤᠯ ᠤᠭᠰᠠᠭ᠎ᠠ ᠶᠢᠨ ᠤᠯᠠᠨ  ᠠᠶᠢᠮᠠᠭ ᠤᠳ ᠢ ᠨᠢᠭᠡᠳᠭᠡᠨ ᠮᠤᠩᠭᠤᠯ ᠤᠨ ᠬᠠᠭᠠᠡᠳᠤ ᠤᠯᠤᠰ ᠢ ᠪᠠᠶᠢᠭᠤᠯᠤᠭᠰᠠᠨ ᠠᠴᠠ ᠬᠤᠶᠢᠰᠢ ᠪᠤᠷᠢᠶᠠᠳ ᠪᠠᠷᠭᠤ  ᠠᠶᠢᠮᠠᠭ ᠤᠳ ᠲᠠᠬᠦᠨ ᠤ ᠪᠥᠷᠢᠯᠳᠥᠬᠦᠨ ᠪᠤᠯᠵᠤ᠂ ᠤᠷᠳᠤ ᠤᠳᠠᠭᠠᠨ ᠬᠤᠭᠤᠴᠠᠭᠠᠨ ᠤ ᠲᠠᠤᠭᠡ ᠶᠢᠨ ᠶᠠᠪᠤᠴᠡ ᠶᠢ  ᠦᠡᠭᠭᠡᠷᠡᠭᠡᠬᠦ ᠳᠡᠭᠡᠨ ᠡᠬᠢᠯᠡᠭᠡᠳ ᠴᠢᠩᠬᠢᠰ ᠬᠠᠭᠠᠨ ᠤ ᠶᠡᠭᠡ ᠬᠥᠤ ᠵᠦᠴᠢ ᠶᠢᠨ ᠬᠠᠷᠢᠶᠠᠳᠤ ᠪᠠᠶᠢᠵᠤ᠂ ᠰᠡᠬᠦᠯᠡᠷ ᠨᠢ  ᠴᠢᠩᠬᠢᠰ ᠬᠠᠭᠠᠨ ᠤ ᠤᠳᠬᠤᠨ ᠬᠦᠤ ᠲᠤᠯᠤᠢ ᠶᠢᠨ ᠢᠵᠠᠭᠤᠷ ᠤᠨ ᠬᠠᠨ ᠬᠦᠪᠡᠬᠦᠳ ᠤᠨ ᠬᠠᠷᠢᠶᠠᠳᠤ ᠪᠤᠯᠵᠤ᠂  ᠰᠡᠬᠦᠯᠡᠷ ᠨᠢ ᠲᠥᠷᠪᠡᠨ ᠤᠢᠢᠷᠠᠳ ᠤᠨ ᠬᠤᠯᠪᠤᠭ᠎ᠠ ᠳᠤ ᠪᠠᠷᠭᠤ ᠪᠤᠷᠢᠶᠠᠳ ᠤᠳ ᠲᠠᠬᠦᠨ ᠤ ᠬᠤᠯᠪᠤᠭ᠎ᠠ ᠶᠢᠨ ᠨᠢᠭᠡᠨ  ᠪᠥᠷᠢᠯᠳᠥᠬᠦᠨ ᠪᠤᠯᠵᠤ ᠤᠷᠤᠭᠠᠳ᠂ ᠤᠢᠢᠷᠠᠳ ᠤᠳ ᠪᠠᠷᠠᠭᠤᠡᠰᠢ ᠨᠡᠬᠦᠬᠦ ᠳᠤ 15 ᠳ᠋ᠤᠭᠠᠷ ᠵᠡᠭᠤᠨ ᠤ ᠦᠶ᠎ᠠ ᠳᠤ  ᠵᠡᠬᠦᠨ ᠮᠤᠩᠭᠤᠯ ᠤᠨ ᠬᠠᠷᠢᠶ᠎ᠠ ᠳᠤ ᠦᠯᠡᠳᠡᠭᠡᠳ ᠬᠠᠯᠬ᠎ᠠ ᠶᠢᠨ ᠤᠷᠢᠶᠠᠩᠬᠠᠢ ᠲᠦᠮᠡᠨ ᠤ ᠪᠥᠷᠢᠯᠳᠥᠬᠦᠨ ᠳᠤ ᠪᠠᠭᠳᠠᠵᠤ  ᠂ ᠪᠠᠶᠢᠭᠠᠯ ᠨᠠᠭᠤᠷ᠂ ᠰᠡᠯᠡᠩᠭᠡ ᠮᠦᠷᠡᠨ᠂ ᠤᠨᠤᠨ ᠭᠤᠤᠯ ᠠᠴᠠ ᠬᠢᠨᠭ᠍ᠭᠠᠨ ᠲᠠᠪᠠᠭ᠎ᠠ ᠬᠦᠷᠳᠡᠯ᠎ᠠ ᠨᠤᠳᠤᠭᠯᠠᠨ ᠰᠠᠭᠤᠵᠤ  ᠪᠠᠶᠢᠯ᠎ᠠ᠃          ᠪᠠᠰᠠ ᠨᠢᠭᠡ ᠭᠡᠰᠡᠭ ᠪᠤᠷᠢᠶᠠᠳ ᠮᠤᠩᠭᠤᠯᠴᠤᠳ 13 ᠳ᠋ᠤᠭᠠᠷ ᠵᠡᠭᠤᠨ ᠤ ᠡᠬᠢ ᠪᠠᠷ ᠬᠠᠳᠤᠨ ᠭᠤᠤᠯ ᠠᠴᠠ ᠪᠠᠷᠠᠭᠤᠡᠰᠢ ᠬᠦᠭᠡᠨᠠᠭᠤᠷ ᠬᠦᠷᠴᠤ ᠠᠮᠢᠳᠤᠷᠠᠵᠤ ᠪᠠᠶᠢᠭᠰᠠᠨ ᠢᠶᠠᠨ 16 ᠳ᠋ᠤᠭᠠᠷ ᠵᠠᠭᠤᠨ ᠤ ᠦᠶ᠎ᠠ ᠳᠤ ᠲᠦᠮᠡᠳ ᠤᠨ  ᠠᠯᠳᠠᠨ ᠬᠠᠭᠠᠨ ᠤ ᠬᠦᠡᠭᠵᠤ ᠪᠠᠯᠵᠢᠨ ᠢᠶᠠᠨ ᠰᠤᠯᠤᠩᠭᠤᠳ ᠠᠶᠢᠮᠠᠭ ᠤᠨ ᠪᠥᠪᠡᠢ ᠪᠠᠶᠢᠯᠠ ᠬᠠᠭᠠᠨ ᠤ ᠬᠦᠪᠡᠬᠦᠨ ᠳ᠋ᠠᠢ  ᠬᠤᠨᠭ᠌ ᠲᠠᠶᠢᠵᠢ ᠳᠤ ᠬᠠᠳᠤᠨ ᠪᠤᠯᠭᠠᠨ ᠦᠭᠬᠦ ᠳᠤ ᠨᠢᠭᠡ ᠪᠥᠯᠦᠭ ᠬᠤᠷᠢ ᠲᠥᠮᠡᠳ ᠪᠤᠷᠢᠶᠠᠳ ᠨᠠᠷ ᠢ ᠪᠠᠯᠵᠢᠨ  ᠬᠠᠳᠤᠨ ᠤ ᠢᠡᠵᠢ ᠪᠤᠯᠭᠠᠨ ᠦᠭᠬᠦᠭᠰᠡᠨ ᠠᠴᠠ ᠡᠳᠡ ᠨᠠᠷ ᠡᠷᠬᠦᠨ᠎ᠠ ᠭᠤᠤᠯ᠂ ᠬᠦᠯᠦᠨ ᠪᠤᠶᠢᠷ ᠲᠤ ᠡᠷᠬᠢᠨ ᠢᠷᠡᠵᠤ  ᠨᠤᠳᠤᠭᠯᠠᠬᠤ ᠪᠤᠯᠤᠭᠰᠠᠨ ᠭᠡᠳᠡᠭ᠃ ᠶᠠᠷᠤ ᠨᠢ ᠪᠤᠷᠢᠶᠠᠳ ᠮᠤᠩᠭᠤᠯᠴᠤᠳ ᠮᠤᠩᠭᠤᠯ ᠤᠨ ᠨᠢᠭᠡᠳᠥᠭᠰᠡᠨ ᠬᠠᠭᠠᠡᠳᠤ  ᠤᠯᠤᠰ ᠤᠨ ᠦᠶ᠎ᠠ᠂ ᠶᠤᠸᠠᠨ ᠤᠯᠤᠰ ᠤᠨ ᠦᠶ᠎ᠠ ᠪᠤᠯᠤᠨ ᠲᠠᠬᠦᠨ ᠠᠴᠠ ᠬᠤᠶᠢᠰᠢᠬᠢ ᠠᠷᠤ ᠭᠠᠵᠠᠷ ᠤᠨ ᠤᠯᠠᠨ  ᠬᠠᠭᠠᠳ ᠤᠨ ᠦᠶ᠎ᠠ ᠳᠠᠬᠢ ᠮᠠᠰᠢ ᠤᠷᠳᠤ ᠬᠤᠭᠤᠴᠠᠭᠠᠨ ᠳᠤ ᠡᠯᠳᠡᠪ ᠵᠦᠢᠯ ᠤᠨ ᠰᠢᠯᠳᠠᠭᠠᠨ ᠠᠴᠠ ᠪᠤᠯᠵᠤ᠂  ᠡᠷᠳᠡᠨ ᠤ ᠨᠤᠳᠤᠭ ᠤᠷᠤᠨ ᠠᠴᠠ ᠪᠠᠨ ᠨᠡᠬᠦᠳᠡᠯᠯᠡᠨ ᠬᠤᠯᠠ ᠤᠢᠢᠷ᠎ᠠ᠂ ᠠᠳᠡ ᠲᠠᠡᠳᠡ ᠤᠯᠠᠨ ᠭᠠᠵᠠᠷ ᠤᠷᠤᠨ ᠢᠶᠠᠷ  ᠲᠠᠷᠬᠠᠨ ᠪᠤᠳᠠᠷᠠᠵᠤ ᠰᠠᠭᠤᠵᠤ ᠦᠡᠭᠭᠡᠷᠡᠭᠰᠡᠨ ᠪᠡ 15 ᠳ᠋ᠤᠭᠠᠷ ᠵᠡᠭᠤᠨ ᠤ ᠰᠡᠬᠦᠯᠴᠢ᠂ 16 ᠳ᠋ᠤᠭᠠᠷ ᠵᠠᠭᠤᠨ ᠤ  ᠡᠬᠢ ᠠᠴᠠ ᠠᠬᠢᠭᠠᠳ ᠪᠠᠶᠢᠭᠠᠯ ᠨᠠᠭᠤᠷ ᠤᠨ ᠲᠤᠭᠤᠷᠢᠨ ᠪᠤᠯᠤᠨ ᠰᠡᠯᠡᠩᠭᠡ᠂ ᠪᠠᠷᠭᠤᠵᠢᠨ᠂ ᠤᠨᠤᠨ᠂ ᠡᠷᠬᠦᠨ᠎ᠠ᠂ ᠬᠦᠯᠦᠨ ᠪᠤᠶᠢᠷ᠂ ᠬᠢᠨᠭ᠍ᠭᠠᠨ ᠬᠦᠷᠳᠡᠯᠡᠬᠢ ᠦᠷᠭᠡᠨ ᠠᠭᠤᠳᠠᠮ ᠨᠤᠳᠤᠭ ᠲᠤ ᠮᠠᠯ ᠠᠵᠤ ᠠᠬᠤᠢ ᠪᠠᠨ ᠡᠷᠬᠢᠯᠡᠨ  ᠲᠤᠭᠳᠠᠪᠤᠷᠢᠵᠢᠨ ᠰᠠᠭᠤᠬᠤ ᠪᠤᠯᠤᠭᠰᠠᠨ ᠶᠤᠮ᠃         17 ᠳ᠋ᠤᠭᠠᠷ ᠵᠠᠭᠤᠨ ᠤ ᠦᠶ᠎ᠠ ᠠᠴᠠ ᠮᠤᠩᠭᠤᠯ ᠤᠷᠤᠨ᠂ ᠮᠠᠡᠵᠤ ᠴᠢᠩ ᠤᠯᠤᠰ ᠤᠨ ᠬᠠᠷᠢᠶᠠᠯᠠᠯ ᠳᠤ ᠤᠷᠤᠵᠤ  ᠂ ᠨᠢᠭᠡ ᠪᠦᠯᠦᠭ ᠨᠢ ᠪᠠᠷᠠᠭᠤᠡᠰᠢ ᠪᠡ ᠬᠤᠶᠢᠰᠢ ᠵᠠᠶᠢᠯᠠᠨ ᠭᠠᠷᠴᠤ᠂ ᠮᠤᠩᠭᠤᠯ ᠤᠨ ᠨᠢᠭᠡᠳᠥᠮᠡᠯ ᠪᠠᠶᠢᠳᠠᠯ ᠠᠯᠳᠠᠭᠳᠠᠵᠤ  ᠂ ᠬᠠᠮᠤᠭ ᠤᠨ ᠬᠤᠶᠢᠳᠤ ᠲᠠᠯ᠎ᠠ ᠳᠤ ᠪᠠᠶᠢᠬᠤ ᠪᠤᠷᠢᠶᠠᠳ ᠮᠤᠩᠭᠤᠯᠴᠤᠳ ᠨᠢᠭᠡᠨ ᠦᠶ᠎ᠠ ᠳᠤ ᠲᠤᠳᠤᠷᠬᠠᠢ ᠬᠠᠷᠢᠶᠠᠯᠠᠯ  ᠦᠭᠡᠢ ᠪᠤᠯᠪᠡ᠃ ᠶᠠᠭ ᠲᠡᠷᠡ ᠦᠶ᠎ᠠ ᠳᠤ᠂ ᠬᠠᠭᠠᠡᠳᠤ ᠤᠷᠤᠰ ᠤᠯᠤᠰ ᠵᠡᠬᠦᠡᠰᠢ ᠬᠢᠯᠢ ᠪᠠᠨ ᠦᠷᠭᠡᠳᠭᠡᠭᠡᠳ ᠪᠥᠬᠦ  ᠰᠢᠪᠧᠷᠢᠶ᠎ᠠ ᠶᠢ ᠡᠵᠡᠯᠡᠨ ᠡᠵᠡᠮᠰᠢᠵᠤ᠂ ᠪᠤᠷᠢᠶᠠᠳ ᠮᠤᠩᠭᠤᠯᠴᠤᠳ ᠤᠨ ᠨᠤᠳᠤᠭ ᠲᠤ ᠨᠢᠪᠴᠥ᠋ ᠶᠢᠨ ᠴᠠᠶᠢᠵᠠ᠂ ᠡᠷᠺᠦ ᠶᠢᠨ ᠴᠠᠶᠢᠵᠠ ᠵᠡᠷᠭᠡ ᠶᠢ ᠪᠠᠶᠢᠭᠤᠯᠤᠨ ᠨᠡᠬᠦᠳᠡᠯ ᠠᠷᠠᠳ ᠤᠳ ᠢ ᠬᠤᠷᠢᠶᠠᠨ ᠤᠷᠤᠭᠤᠯᠬᠤ ᠶᠢᠨ ᠬᠠᠮᠳᠤ  ᠴᠡᠷᠢᠭ ᠢᠶᠠᠷ ᠵᠠᠬᠢᠷᠬᠤ ᠲᠢᠭᠯᠢᠮ ᠪᠠᠶᠢᠭᠤᠯᠬᠤ ᠳᠤ ᠪᠤᠷᠢᠶᠠᠳ ᠮᠤᠩᠭᠤᠯᠴᠤᠳ 17 ᠳ᠋ᠤᠭᠠᠷ ᠵᠠᠭᠤᠨ ᠤ ᠲᠥᠴᠢᠭᠡᠳ  ᠤᠨ ᠠᠴᠠ ᠬᠤᠶᠢᠰᠢ ᠤᠳᠠᠭ᠎ᠠ ᠲᠠᠷᠠᠭ᠎ᠠ ᠪᠠᠷ ᠤᠷᠤᠰ ᠤᠨ ᠴᠠᠭᠠᠨ ᠬᠠᠭᠠᠨ ᠤ ᠬᠠᠷᠢᠶ᠎ᠠ ᠳᠤ ᠤᠷᠤᠵᠤ ᠡᠬᠢᠯᠡᠭᠰᠡᠨ  ᠪᠠᠶᠢᠨ᠎ᠠ᠃         18 ᠳ᠋ᠤᠭᠠᠷ ᠵᠠᠭᠤᠨ ᠤ ᠬᠤᠷᠢᠭᠠᠳ ᠤᠨ ᠳᠤ ︵1727︶ ᠬᠠᠭᠠᠡᠳᠤ ᠤᠷᠤᠰ ᠤᠯᠤᠰ ᠪᠤᠯᠤᠨ ᠮᠠᠡᠵᠤ  ᠴᠢᠩ ᠤᠯᠤᠰ ᠲᠤᠮᠳᠠ ᠪᠠᠨ ᠬᠢᠯᠢ ᠬᠢᠵᠠᠭᠠᠷ ᠢ ᠵᠢᠷᠤᠭᠯᠠᠨ ᠲᠤᠭᠳᠠᠭᠠᠬᠤ ᠦᠶ᠎ᠠ ᠳᠤ ᠪᠤᠷᠢᠶᠠᠳ ᠮᠤᠩᠭᠤᠯᠴᠤᠳ ᠤᠨ  ᠤᠷᠤᠰᠢᠨ ᠰᠠᠭᠤᠵᠤ ᠪᠥᠬᠦᠢ ᠭᠠᠵᠠᠷ ᠨᠤᠳᠤᠭ ᠤᠳ ᠪᠥᠬᠦᠯᠢ ᠪᠠᠷ ᠢᠶᠠᠨ ᠤᠷᠤᠰ ᠤᠯᠤᠰ ᠤᠨ ᠬᠠᠷᠢᠶ᠎ᠠ ᠭᠠᠵᠠᠷ ᠲᠤ  ᠬᠤᠪᠢᠶᠠᠭᠳᠠᠨ ᠤᠷᠤᠪᠡ᠃ ᠢᠡᠭᠬᠢᠭᠰᠡᠨ ᠠᠴᠠ ᠪᠤᠷᠢᠶᠠᠳᠴᠤᠳ ᠨᠤᠳᠤᠭ ᠤᠰᠤ᠂ ᠬᠦᠮᠤᠨ ᠠᠷᠠᠳ ᠲᠠᠢ ᠪᠠᠨ  ᠤᠷᠤᠰ ᠤᠨ ᠴᠠᠭᠠᠨ ᠬᠠᠭᠠᠨ ᠤ ᠮᠡᠳᠡᠯ ᠳᠤ ᠤᠷᠤᠭᠰᠠᠨ ᠪᠠᠶᠢᠨ᠎ᠠ᠃ ᠲᠡᠭᠡᠭᠡᠳ ᠬᠠᠯᠬ᠎ᠠ ᠤᠷᠤᠨ ᠪᠤᠶᠤ ᠬᠦᠯᠦᠨ  ᠪᠤᠶᠢᠷ ᠨᠤᠳᠤᠭ ᠲᠤ ᠨᠤᠳᠤᠭᠯᠠᠵᠤ ᠪᠠᠶᠢᠭᠰᠠᠨ ᠨᠢᠭᠡ ᠪᠥᠯᠦᠭ ᠪᠠᠷᠭᠤ ᠪᠤᠷᠢᠶᠠᠳ ᠤᠳ ᠬᠢᠯᠢ ᠶᠢᠨ ᠡᠮᠤᠨ᠎ᠠ ᠲᠠᠯ᠎ᠠ ᠳᠤ  ᠦᠯᠡᠳᠡᠭᠭᠰᠡᠨ ᠲᠤᠯᠠ ᠬᠢᠯᠢ ᠶᠢᠨ ᠬᠤᠶᠢᠳᠤ ᠲᠠᠯ᠎ᠠ ᠳᠤ ᠪᠠᠶᠢᠬᠤ ᠨᠤᠳᠤᠭ ᠤᠷᠤᠨ᠂ ᠠᠬ᠎ᠠ ᠲᠠᠬᠦᠤ ᠰᠠᠳᠤᠨ ᠢᠶᠠᠨ  ᠰᠠᠨᠠᠭᠠᠯᠵᠠᠨ ᠬᠢᠯᠢ ᠲᠠᠪᠠᠵᠤ ᠭᠠᠷᠬᠤ ᠶᠢ ᠬᠦᠰᠡᠪᠡᠴᠤ ᠠᠷᠭ᠎ᠠ ᠦᠭᠡᠢ ᠪᠤᠯᠵᠤ᠂ ᠲᠡᠷᠡ ᠭᠠᠵᠠᠷ ᠤᠷᠤᠨ ᠳᠠᠭᠠᠨ  ᠨᠤᠳᠤᠭᠰᠢᠨ ᠰᠠᠭᠤᠭᠰᠠᠨ ᠶᠤᠮ ᠭᠡᠳᠡᠭ᠃ ᠬᠠᠷᠢᠨ ᠠᠯᠪᠠᠳᠤ ᠠᠷᠠᠳ ᠤᠳ ᠢᠶᠠᠨ ᠲᠠᠭᠠᠭᠤᠯᠤᠨ ᠬᠢᠯᠢ ᠲᠠᠪᠠᠵᠤ  ᠭᠠᠷᠬᠤ ᠶᠢ ᠤᠷᠤᠯᠳᠤᠭᠰᠠᠨ ᠭᠠᠯᠵᠤᠳ ᠤᠪᠤᠭ ᠤᠨ ᠰᠢᠯᠳᠡᠢ ︵ᠬᠢᠯᠢᠳᠡᠢ ᠭᠡᠬᠦ ᠴᠤ ᠪᠤᠢ︶ ᠵᠠᠩᠬᠢ ᠭᠡᠮᠡᠬᠦ ᠬᠦᠮᠤᠨ  ᠬᠢᠯᠢ ᠲᠡᠭᠡᠷ᠎ᠠ ᠪᠠᠷᠢᠭᠳᠠᠵᠤ ᠴᠠᠭᠠᠵᠠ ᠪᠠᠷ ᠰᠢᠳᠭᠡᠭᠳᠡᠵᠤ ᠦᠷᠡᠭᠳᠡᠭᠰᠡᠨ ᠦᠯᠢᠭᠡᠷ ᠤᠳᠤ ᠬᠦᠷᠳᠡᠯ᠎ᠠ ᠠᠷᠠᠳ ᠤᠯᠠᠨ ᠤ  ᠲᠤᠳᠤᠷ᠎ᠠ ᠲᠡᠤᠭᠡ ᠶᠢᠨ ᠲᠤᠮᠤᠭ ᠶᠠᠷᠢᠶ᠎ᠠ ᠪᠤᠯᠤᠨ ᠦᠯᠡᠳᠡᠵᠠᠢ᠃ ᠪᠤᠷᠢᠶᠠᠳ ᠮᠤᠩᠭᠤᠯᠴᠤᠳ ᠠᠩᠬᠠᠨ ᠳᠠᠭᠠᠨ ᠪᠤᠯᠠᠭᠠᠳ᠂ ᠢᠬᠢᠷᠡᠳ᠂ ᠬᠤᠷᠢ ᠲᠦᠮᠡᠳ ᠵᠠᠷᠭᠡ ᠦᠡᠳᠤᠰᠤᠨ  ᠭᠡᠳᠤᠨ ᠠᠶᠢᠮᠠᠭ ᠪᠥᠯᠦᠭ ᠪᠠᠶᠢᠵᠤ᠂ ᠪᠤᠯᠠᠭᠠᠳ᠂ ᠢᠬᠢᠷᠡᠳ ᠵᠡᠷᠭᠡ ᠨᠢ ᠪᠠᠶᠢᠭᠠᠯ ᠨᠠᠭᠤᠷ ᠠᠴᠠ ᠪᠠᠷᠠᠭᠤᠡᠰᠢ ᠪᠤᠶᠤ  ᠪᠠᠷᠠᠭᠤᠨ ᠡᠮᠥᠨᠡᠰᠢ ᠭᠠᠵᠠᠷ ᠤᠳ ᠢᠶᠠᠷ ᠪᠠᠶᠢᠭᠰᠠᠨ ᠤᠴᠢᠷ ᠠᠴᠠ ᠪᠠᠷᠠᠭᠤᠨ ᠪᠤᠷᠢᠶᠠᠳ ᠭᠡᠮᠡᠭᠳᠡᠵᠤ᠂ ᠪᠠᠷᠭᠤ᠂ ᠬᠤᠷᠢ  ᠲᠦᠮᠡᠳ ᠨᠢ ᠪᠠᠶᠢᠭᠠᠯ ᠨᠠᠭᠤᠷ ᠠᠴᠠ ᠵᠡᠬᠦᠡᠰᠢ ᠪᠤᠶᠤ ᠵᠡᠬᠦᠨ ᠡᠮᠥᠨᠡᠬᠢ ᠨᠤᠳᠤᠭ ᠤᠳ ᠲᠤ ᠪᠠᠶᠢᠭᠰᠠᠨ ᠢᠶᠠᠷ ᠵᠡᠬᠦᠨ  ᠪᠤᠷᠢᠶᠠᠳ ᠭᠡᠮᠡᠭᠳᠡᠵᠤ᠂ ᠰᠡᠬᠦᠯ ᠳᠤᠨᠢ ᠤᠷᠤᠰᠢᠨ ᠰᠠᠭᠤᠭᠰᠠᠨ ᠨᠤᠳᠤᠭ ᠤᠷᠤᠨ ᠢᠶᠠᠷ ᠨᠢ ᠡᠷᠺᠦ ᠶᠢᠨ ᠪᠤᠷᠢᠶᠠᠳ᠂  ᠪᠤᠤᠬᠠᠨ ᠤ ᠪᠤᠷᠢᠶᠠᠳ᠂ ᠲᠥᠡᠭᠭᠡᠨ᠎ᠠ ᠶᠢᠨ ᠪᠤᠷᠢᠶᠠᠳ᠂ ᠪᠠᠷᠭᠤᠵᠢᠨ ᠤ ᠪᠤᠷᠢᠶᠠᠳ᠂ ᠰᠡᠯᠡᠩᠭᠡ ᠶᠢᠨ ᠪᠤᠷᠢᠶᠠᠳ᠂  ᠬᠤᠷᠢ ᠶᠢᠨ ᠪᠤᠷᠢᠶᠠᠳ᠂ ᠠᠭ᠎ᠠ ᠶᠢᠨ ᠪᠤᠷᠢᠶᠠᠳ ᠭᠡᠮᠡᠨ ᠨᠤᠳᠤᠭ ᠤᠷᠤᠨ ᠤ ᠨᠠᠷ᠎ᠠ ᠪᠠᠷ ᠨᠡᠷᠡᠶᠢᠳᠬᠦ ᠪᠤᠯᠤᠭᠰᠠᠨ ᠨᠢ  ᠪᠠᠷᠤᠭ ᠯᠡ 18 ᠳ᠋ᠤᠭᠠᠷ ᠵᠠᠭᠤᠨ ᠤ ᠦᠶ᠎ᠠ ᠪᠢᠯᠡ᠃ ᠡᠳᠡᠭᠡᠷ ᠪᠥᠬᠦ ᠭᠠᠵᠠᠷ ᠤᠷᠤᠨ ᠨᠤᠭᠤᠳ ᠤᠳᠤ ᠴᠥᠮ ᠤᠷᠤᠰ  ᠤᠯᠤᠰ ᠤᠨ ᠬᠠᠷᠢᠶ᠎ᠠ ᠳᠤ ᠪᠠᠶᠢᠬᠤ ᠪᠥᠭᠡᠳ ᠪᠠᠷᠭᠤᠵᠢᠨ᠂ ᠲᠥᠡᠭᠭᠡᠨ᠎ᠠ᠂ ᠰᠡᠯᠡᠩᠭᠡ ᠪᠤᠯᠤᠨ ᠬᠤᠷᠢ ᠶᠢᠨ  ᠪᠤᠷᠢᠶᠠᠳ ᠤᠳ ᠨᠢ ᠤᠷᠤᠰ ᠤᠨ ᠬᠤᠯᠪᠤᠭᠠᠨ ᠤ ᠪᠤᠷᠢᠶᠠᠳ ᠤᠨ ᠪᠥᠬᠦᠳᠠ ᠨᠠᠶᠢᠷᠠᠮᠳᠠᠬᠤ ᠤᠯᠤᠰ ᠲᠤ ᠪᠠᠶᠢᠵᠤ᠂  ᠡᠷᠺᠦ ᠶᠢᠨ ᠪᠤᠷᠢᠶᠠᠳ ᠨᠢ ᠮᠦᠨ ᠯᠡ ᠤᠷᠤᠰ ᠤᠨ ᠡᠷᠺᠦ ᠮᠤᠵᠢ ᠶᠢᠨ ᠤᠰᠤᠳᠤ ᠤᠷᠳᠠ ᠶᠢᠨ ᠪᠤᠷᠢᠶᠠᠳ ᠤᠨ  ᠦᠡᠳᠤᠰᠤᠳᠡᠨ ᠤ ᠲᠤᠭᠤᠷᠢᠭ ᠲᠤ ᠪᠠᠶᠢᠳᠠᠭ᠃ ᠠᠭ᠎ᠠ ᠶᠢᠨ ᠪᠤᠷᠢᠶᠠᠳ ᠨᠢ ᠮᠦᠨ ᠤᠷᠤᠰ ᠤᠨ ᠴᠢᠲ᠋ᠠ ᠮᠤᠵᠢ ᠶᠢᠨ  ᠠᠭ᠎ᠠ ᠶᠢᠨ ᠪᠤᠷᠢᠶᠠᠳ ᠤᠨ ᠦᠡᠳᠤᠰᠤᠳᠡᠨ ᠤ ᠲᠤᠭᠤᠷᠢᠭ ᠪᠤᠯᠤᠨ ᠴᠢᠲ᠋ᠠ ᠮᠤᠵᠢ ᠶᠢᠨ ᠤᠨᠤᠨ ᠪᠤᠤᠷᠵᠢ ᠤᠯᠪᠢᠶᠠᠨ᠎ᠠ  ᠵᠠᠷᠭᠡ ᠭᠡᠳᠤ ᠭᠡᠳᠤᠨ ᠨᠤᠳᠤᠭ ᠤᠷᠤᠨ ᠢᠶᠠᠷ ᠲᠠᠷᠬᠠᠵᠤ ᠪᠠᠶᠢᠳᠠᠭ᠃           ᠬᠦᠮᠤᠨ ᠠᠮᠠ ᠶᠢᠨ ᠲᠠᠯ᠎ᠠ ᠠᠴᠠ ᠦᠵᠡᠬᠦ ᠳᠤ᠂ ᠤᠷᠤᠰ ᠤᠯᠤᠰ ᠤᠨ ᠬᠠᠷᠢᠶ᠎ᠠ ᠳᠤ ᠪᠠᠶᠢᠬᠤ ᠪᠥᠬᠦ ᠪᠤᠷᠢᠶᠠᠳ  ᠮᠤᠩᠭᠤᠯᠴᠤᠳ 42 ᠲᠦᠮᠡ ᠭᠠᠷᠤᠢ ᠪᠠᠶᠢᠬᠤ ᠪᠥᠭᠡᠳ ᠮᠤᠩᠭᠤᠯ ᠤᠯᠤᠰ ᠤᠨ ᠭᠡᠨᠳᠡᠢ᠂ ᠲᠤᠷᠤᠨᠠᠳᠤ᠂ ᠰᠡᠯᠡᠩᠭᠡ  ᠵᠡᠷᠭᠡ ᠶᠢᠨ ᠠᠶᠢᠮᠠᠭ ᠤᠳ ᠲᠤ 4 ᠲᠦᠮᠡ ᠭᠠᠷᠤᠢ ᠬᠦᠮᠤᠨ ᠪᠠᠶᠢᠨ᠎ᠠ᠃ ᠡᠬᠦᠨ ᠠᠴᠠ ᠭᠠᠳᠠᠨ᠎ᠠ 1920 ᠤᠨ ᠤ  ᠦᠶ᠎ᠠ ᠪᠠᠷ ᠲᠤᠮᠳᠠᠳᠤ ᠤᠯᠤᠰ ᠤᠨ ᠬᠦᠯᠦᠨ ᠪᠤᠶᠢᠷ ᠤᠨ ᠨᠤᠳᠤᠭ ᠲᠠᠭᠠᠨ ᠡᠷᠬᠢᠨ ᠢᠷᠡᠵᠤ᠂ ᠲᠤᠮᠳᠠᠳᠤ ᠤᠯᠤᠰ ᠤᠨ  ᠬᠠᠷᠢᠶᠠᠳᠤ ᠪᠤᠯᠤᠭᠰᠠᠨ 6000 ᠭᠠᠷᠤᠢ ᠪᠤᠷᠢᠶᠠᠳ ᠤᠳ ᠪᠠᠶᠢᠨ᠎ᠠ᠃ ᠢᠡᠭᠬᠢᠭᠡᠳ ᠪᠥᠬᠦ ᠪᠤᠷᠢᠶᠠᠳ ᠮᠤᠩᠭᠤᠯᠴᠤᠳ ᠤᠨ ᠲᠤᠭ᠎ᠠ ᠪᠠᠷᠤᠭ 50 ᠰᠢᠬᠠᠮ ᠲᠦᠮᠡᠨ ᠬᠦᠮᠤᠨ ᠠᠮᠠ ᠪᠠᠶᠢᠨ᠎ᠠ᠃           ᠪᠤᠷᠢᠶᠠᠳ ᠮᠤᠩᠭᠤᠯᠴᠤᠳ ᠤᠨ ᠤᠪᠤᠭ ᠨᠢ ᠮᠦᠨ ᠴᠤ ᠪᠤᠰᠤᠳ ᠤᠯᠠᠨ ᠮᠤᠩᠭᠤᠯᠴᠤᠳ ᠲᠠᠢ ᠠᠳᠠᠯᠢᠬᠠᠨ  ᠤᠯᠠᠨ ᠪᠠᠶᠢᠳᠠᠭ᠃ ᠤᠳᠤ ᠶᠢᠨ ᠲᠠᠤᠭᠡᠴᠢᠳ ᠡᠷᠳᠡᠮᠳᠡᠳ ᠤᠨ ᠨᠤᠳᠠᠯᠠᠭᠰᠠᠨ ᠢᠶᠠᠷ ᠡᠷᠳᠡᠨ ᠤ ᠪᠤᠯᠠᠭᠠᠴᠢᠨ᠂  ᠭᠡᠷᠡᠮᠥᠴᠢᠨ ᠠᠴᠠ ᠦᠡᠳᠥᠰᠥ ᠲᠠᠢ ᠪᠤᠯᠠᠭᠠᠳ ᠤᠨ 7 ᠤᠪᠤᠭ᠂ ᠲᠤᠬᠠᠢᠢᠯᠠᠪᠡᠯ᠄ ᠠᠯᠭᠤᠢ᠂ ᠬᠤᠷᠤᠮᠴᠢ᠂  ᠠᠰᠢᠪᠠᠭᠠᠳ᠂ ᠢᠡᠭᠬᠦᠳ᠂ ᠬᠦᠯᠢᠮᠢᠳ᠂ ᠬᠦᠰᠥᠯ᠂ ᠪᠥᠤᠪᠡᠢ ᠵᠡᠷᠭᠡ 7 ᠤᠪᠤᠭ ᠲᠠᠢ᠃ ᠮᠦᠨ ᠪᠤᠯᠠᠭᠠᠴᠢᠨ᠂  ᠭᠡᠷᠡᠮᠥᠴᠢᠨ ᠠᠴᠠ ᠦᠡᠳᠥᠰᠥ ᠲᠠᠢ ᠢᠬᠢᠷᠡᠳ ᠤᠨ 8 ᠤᠪᠤᠭ᠂ ᠲᠤᠬᠠᠢᠢᠯᠠᠪᠡᠯ᠄ ᠠᠪᠵᠠᠢ᠂ ᠴᠢᠨᠤᠰ᠂ ᠴᠢᠨ᠋᠊ ᠤᠠ᠋᠂  ᠦᠵᠦᠩ᠂ ᠬᠠᠨᠭ᠍ᠬᠢᠯᠳᠠᠷ᠂ ᠪᠠᠰᠠᠢ᠂ ᠪᠤᠤᠷ᠎ᠠ᠂ ᠡᠮᠬᠢᠨᠢᠳ᠂ ᠪᠠᠭ᠋ᠠᠵᠠᠢ ᠵᠠᠷᠭᠡ 8 ᠤᠪᠤᠭᠳᠠᠢ᠃ ᠮᠦᠨ ᠡᠷᠳᠡᠨ ᠤ  ᠬᠤᠷᠢ ᠲᠦᠮᠡᠳ ᠠᠴᠠ ᠡᠬᠦᠰᠥᠯ ᠲᠠᠢ ᠬᠤᠷᠢ ᠶᠢᠨ 11 ᠤᠪᠤᠭ ᠪᠠᠶᠢᠵᠤ᠂ ᠡᠳᠡᠭᠡᠷ ᠨᠢ ᠭᠠᠯᠵᠤᠳ᠂ ᠬᠤᠸᠠᠰᠠᠢ᠂  ᠬᠦᠪᠳᠡᠬᠦᠳ᠂ ᠱᠠᠷᠠᠶᠢᠳ᠂ ᠭᠤᠴᠢᠳ᠂ ᠬᠠᠷᠠᠭᠠᠨ᠎ᠠ᠂ ᠬᠤᠳᠠᠢ᠂ ᠪᠤᠳᠤᠩᠭᠤᠳ᠂ ᠪᠠᠳᠤᠨᠠᠢ᠂ ᠴᠠᠭᠠᠡᠭᠭᠤᠳ᠂  ᠬᠠᠯᠪᠢᠨ ᠵᠡᠷᠭᠡ ᠶᠢᠨ 11 ᠤᠪᠤᠭ ᠪᠢᠯᠡ᠃         17 ᠳ᠋ᠤᠭᠠᠷ ᠵᠠᠭᠤᠨ ᠤ ᠰᠡᠬᠦᠯᠴᠢ ᠦᠶ᠎ᠠ ᠳᠤ ᠬᠠᠯᠬ᠎ᠠ ᠮᠤᠩᠭᠤᠯ ᠪᠤᠯᠤᠨ ᠤᠢᠢᠷᠠᠳ ᠮᠤᠩᠭᠤᠯ ᠤᠨ  ᠬᠤᠭᠤᠷᠤᠡᠳᠤ ᠬᠢᠮᠤᠷᠠᠯᠳᠤᠭᠠᠨ ᠲᠠᠶᠢᠨ ᠪᠤᠯᠵᠤ᠂ ᠲᠠᠷᠡ ᠬᠦ ᠲᠠᠶᠢᠨ ᠤ ᠬᠦᠯ ᠠᠴᠠ ᠵᠠᠶᠢᠯᠠᠵᠤ ᠨᠠᠯᠢᠶᠡᠳ ᠲᠤᠭᠠᠨ ᠤ  ᠬᠠᠯᠬ᠎ᠠ ᠪᠤᠯᠤᠨ ᠤᠢᠢᠷᠠᠳ ᠤᠨ ᠠᠷᠠᠳ ᠤᠳ ᠪᠤᠷᠢᠶᠠᠳ ᠤᠨ ᠨᠤᠳᠤᠭ ᠤᠷᠤᠭᠤ ᠤᠷᠤᠵᠤ᠂ ᠬᠠᠭᠤᠴᠢᠨ ᠤ ᠪᠤᠷᠢᠶᠠᠳ  ᠮᠤᠩᠭᠤᠯᠴᠤᠳ ᠲᠠᠢ ᠨᠠᠶᠢᠯᠡᠵᠤ ᠰᠠᠭᠤᠭᠰᠠᠨ ᠢᠶᠠᠷ ᠰᠡᠯᠡᠩᠭᠡ ᠶᠢᠨ ᠪᠤᠷᠢᠶᠠᠳ ᠭᠡᠮᠡᠭᠳᠡᠵᠤ᠂ ᠡᠳᠡ ᠨᠠᠷ ᠨᠢ ᠬᠠᠯᠬ᠎ᠠ  ᠤᠢᠢᠷᠠᠳ ᠤᠨ ᠭᠠᠷᠤᠯᠳᠠᠢ 18 ᠤᠪᠤᠭ ᠤᠨ ᠴᠤᠩᠭᠤᠤᠯ ᠤᠳ ᠠᠵᠢ᠃ ᠡᠬᠦᠨ ᠠᠴᠠ ᠭᠠᠳᠠᠨ᠎ᠠ ᠪᠤᠷᠢᠶᠠᠳ  ᠮᠤᠩᠭᠤᠯᠴᠤᠳ ᠤᠨ ᠲᠤᠳᠤᠷ᠎ᠠ ᠬᠠᠯᠬ᠎ᠠ ᠮᠤᠩᠭᠤᠯ ᠪᠤᠯᠤᠨ ᠦᠪᠤᠷ ᠮᠤᠩᠭᠤᠯ᠂ ᠬᠠᠮᠨᠢᠭᠠᠨ ︵ᠲᠦᠡᠭᠬᠦᠰ︶  ᠤᠪᠤᠭ ᠤᠳ ᠮᠠᠰᠢ ᠤᠯᠠᠨ ᠪᠠᠶᠢᠬᠤ ᠠᠴᠠ ᠦᠵᠡᠬᠦ ᠳᠤ ᠤᠯᠠᠨ ᠭᠠᠵᠠᠷ ᠤᠨ ᠮᠤᠩᠭᠤᠯᠴᠤᠳ᠂ ᠪᠠᠷᠭᠤ ᠪᠤᠷᠢᠶᠠᠳ ᠤᠳ  ᠪᠤᠯᠤᠨ ᠬᠠᠮᠨᠢᠭᠠᠨ ᠴᠦᠮ ᠨᠡᠬᠦᠳᠡᠯᠴᠢᠨ ᠤᠭᠰᠠᠭᠠᠳᠠᠨ ᠪᠠᠶᠢᠭᠰᠠᠨ ᠤᠴᠢᠷ ᠠᠴᠠ ᠤᠯᠠᠨ ᠵᠠᠭᠤᠨ ᠵᠢᠯ ᠤᠨ  ᠲᠤᠷᠰᠢ ᠳᠤ ᠬᠠᠷᠢᠯᠴᠠᠨ ᠨᠠᠶᠢᠯᠡᠵᠤ ᠰᠠᠯᠵᠤ ᠬᠤᠳᠬᠤᠯᠳᠤᠵᠤ ᠪᠠᠶᠢᠭᠰᠠᠨ ᠭᠡᠳᠡᠭ ᠢ ᠲᠤᠳᠤᠷᠬᠠᠢ ᠬᠠᠷᠠᠭᠤᠯᠵᠤ ᠪᠠᠶᠢᠬᠤ  ᠶᠤᠮ᠃         ᠪᠤᠷᠢᠶᠠᠳ ᠮᠤᠩᠭᠤᠯᠴᠤᠳ ᠤᠨ ᠤᠷᠤᠨ ᠨᠤᠳᠤᠭ ᠤᠨ ᠵᠠᠰᠠᠭ ᠵᠠᠬᠢᠷᠭᠠᠨ ᠤ ᠬᠠᠮᠢᠶᠠᠷᠤᠯᠳᠠ ᠨᠢ ᠠᠶᠢᠮᠠᠭ  ᠤᠭᠰᠠᠭ᠎ᠠ ᠶᠢᠨ ᠲᠤᠳᠤᠷ᠎ᠠ ᠤᠪᠤᠭ ᠲᠥᠷᠤᠯ ᠤᠨ ᠭᠡᠯᠪᠡᠷᠢ ᠪᠠᠷ ᠪᠠᠷᠤᠭ ᠯᠡ 19 ᠳ᠋ᠤᠭᠡᠷ ᠵᠠᠭᠤᠨ ᠤ ᠲᠤᠮᠳᠠᠴᠢ  ᠬᠦᠷᠳᠡᠯ᠎ᠠ ᠶᠠᠪᠤᠭᠳᠠᠵᠤ ᠢᠷᠡᠭᠰᠡᠨ ᠶᠤᠮ᠃ ᠲᠤᠬᠠᠢᠢᠯᠠᠪᠡᠯ᠄ ᠤᠳᠤᠭ ︵ᠤᠪᠤᠭ ᠢ ᠪᠤᠷᠢᠶᠠᠳ ᠤᠳ ᠤᠳᠤᠭ ᠭᠡᠵᠤ  ᠨᠠᠷᠡᠯᠡᠳᠡᠭ︶ ᠪᠥᠷᠢ ᠳᠤ ᠵᠠᠶᠢᠰᠠᠩ ᠭᠡᠮᠡᠬᠦ ᠠᠬᠠᠯᠠᠬᠤ ᠨᠤᠶᠠᠨ ᠲᠠᠢ᠂ ᠲᠠᠬᠦᠨ ᠤ ᠲᠤᠤᠷ᠎ᠠ ᠭᠡᠳᠤᠨ ᠬᠤᠳᠠ ᠠᠶᠢᠯ ᠢ  ᠲᠠᠭᠠᠭᠠᠭᠰᠠᠨ ᠵᠠᠰᠠᠭᠤᠯ ᠭᠡᠮᠡᠬᠦ ᠲᠤᠰᠢᠶᠠᠯᠳᠠᠨ ᠲᠠᠢ᠂ ᠮᠦᠨ ᠵᠠᠶᠢᠰᠠᠩ ᠨᠤᠶᠠᠨ ᠤ ᠲᠤᠰᠠᠯᠠᠭᠴᠢ ᠱᠥᠯᠡᠩᠭᠡ ᠭᠡᠮᠡᠬᠦ  ᠲᠤᠰᠢᠶᠠᠯᠳᠠᠨ ᠨᠤᠭᠤᠳ ᠲᠠᠢ ᠪᠠᠶᠢᠵᠤ ᠤᠯᠠᠨ ᠤᠳᠤᠭ ︵ᠤᠪᠤᠭ︶ ᠤᠳ ᠢ ᠶᠠᠷᠥᠩᠭᠡᠶᠢᠯᠡᠨ ᠬᠠᠮᠢᠶᠠᠷᠬᠤ ᠠᠬᠠᠯᠠᠭᠴᠢ  ᠵᠠᠶᠢᠰᠠᠩ ᠤᠨ ᠤᠷᠤᠨ ᠳᠤ ᠲᠠᠶᠢᠱᠠ ᠭᠡᠮᠡᠬᠦ ᠨᠤᠶᠠᠨ ᠤ ᠵᠡᠷᠭᠡ ᠭᠠᠷᠴᠤ᠂ ᠲᠤᠤᠷ᠎ᠠ ᠪᠠᠨ ᠭᠡᠳᠤ ᠭᠡᠳᠤᠨ  ᠤᠷᠤᠯᠠᠭᠴᠢ ᠲᠠᠢ ᠪᠠᠶᠢᠵᠤ ᠪᠥᠬᠦ ᠤᠳᠤᠭ ᠤᠳ ᠢ ᠶᠠᠷᠥᠩᠭᠡᠶᠢᠯᠡᠨ ᠵᠠᠬᠢᠷᠴᠤ ᠪᠠᠶᠢᠪᠡ᠃         19 ᠳ᠋ᠤᠭᠡᠷ ᠵᠠᠭᠤᠨ ᠤ ᠬᠤᠷᠢᠭᠠᠳ ᠤᠨ ᠠᠴᠠ ᠬᠠᠭᠠᠡᠳᠤ ᠤᠷᠤᠰ ᠤᠯᠤᠰ ᠨᠢ᠂ ᠪᠥᠬᠦ ᠪᠤᠷᠢᠶᠠᠳ ᠤᠷᠤᠨ ᠳᠤ  ︽ᠲᠠᠯ᠎ᠠ ᠨᠤᠳᠤᠭ ᠤᠨ ᠳ᠋ᠥ᠋ᠮ᠎ᠠ︾ ᠭᠡᠮᠡᠬᠦ ᠭᠠᠵᠠᠷ ᠤᠷᠤᠨ ᠤ ᠵᠠᠬᠢᠷᠭ᠎ᠠ ᠪᠤᠯᠬᠤ ᠪᠠᠶᠢᠭᠤᠯᠤᠮᠵᠢ ᠶᠢ ᠤᠷᠢᠳ ᠬᠤᠵᠢᠳ  12 ᠢ ᠪᠠᠶᠢᠭᠤᠯᠵᠤ᠂ ᠲᠥᠡᠭᠭᠡᠨ᠎ᠠ᠂ ᠬᠤᠳᠤ ᠪᠤᠤᠬᠠᠨ᠂ ᠪᠧᠷᠬᠤᠯᠧᠨ᠂ ᠢᠳᠡᠡᠴᠡ ᠵᠡᠷᠭᠡ ᠪᠠᠷᠠᠭᠤᠨ ᠭᠡᠰᠡᠭ ᠤᠨ  ᠳ᠋ᠥ᠋ᠮ᠎ᠠ ᠨᠦᠭᠦᠳ ᠢ ᠡᠷᠺᠦ ᠮᠤᠵᠢ ᠶᠢᠨ ᠵᠠᠬᠢᠷᠭᠠᠨ ᠳᠤ ᠵᠡᠬᠢᠷᠤᠭᠤᠯᠤᠨ ᠰᠡᠯᠡᠩᠭᠡ᠂ ᠬᠤᠷᠢ᠂ ᠬᠤᠳᠠᠷᠢ᠂ ᠪᠠᠷᠭᠤᠵᠢᠨ᠂  ᠵᠠᠺᠠᠮᠧᠨ᠂ ᠠᠭ᠎ᠠ ᠵᠡᠷᠭᠡ ᠵᠡᠬᠦᠨ ᠭᠡᠰᠡᠭ ᠤᠨ ᠳ᠋ᠥ᠋ᠮ᠎ᠠ ᠨᠦᠭᠦᠳ ᠢ ᠨᠢᠪᠴᠥ᠋ ᠶᠢᠨ ᠵᠠᠬᠢᠷᠭᠠᠨ ᠳᠤ ᠬᠠᠮᠢᠶᠠᠷᠤᠭᠤᠯᠤᠭᠰᠠᠨ  ᠪᠠᠶᠢᠨ᠎ᠠ᠃ 19 ᠳ᠋ᠤᠭᠡᠷ ᠵᠠᠭᠤᠨ ᠤ ᠲᠥᠴᠢᠭᠡᠳ ᠤᠨ ᠤ ᠡᠬᠢᠨ ᠳᠤ ᠪᠤᠷᠢᠶᠠᠳᠴᠤᠳ ᠤᠨ ᠬᠠᠮᠤᠭ ᠤᠨ ᠵᠡᠬᠦᠨ  ᠲᠠᠯ᠎ᠠ ᠶᠢᠨ ᠨᠤᠳᠤᠭ ᠤᠨ ᠵᠠᠬᠢᠷᠭ᠎ᠠ ᠪᠤᠯᠬᠤ ᠠᠭ᠎ᠠ ᠶᠢᠨ ᠳ᠋ᠦ᠋ᠮ᠎ᠠ ᠶᠢ ᠪᠠᠶᠢᠭᠤᠯᠵᠤ᠂ ᠬᠤᠷᠢ ᠶᠢᠨ ᠳ᠋ᠥ᠋ᠮ᠎ᠠ ᠶᠢᠨ  ᠵᠠᠬᠢᠷᠭᠠᠨ ᠳᠤ ᠪᠠᠶᠢᠭᠰᠠᠨ ᠠᠭ᠎ᠠ ᠶᠢᠨ ᠪᠤᠷᠢᠶᠠᠳ ᠤᠨ ᠨᠢᠭᠡ ᠭᠡᠰᠡᠭ ᠢ ᠬᠤᠷᠢ ᠶᠢᠨ ᠳ᠋ᠥ᠋ᠮ᠎ᠠ ᠠᠴᠠ ᠰᠠᠯᠭᠠᠵᠤ  ᠠᠭ᠎ᠠ ᠶᠢᠨ ᠳ᠋ᠥ᠋ᠮ᠎ᠠ ᠶᠢᠨ ᠵᠠᠬᠢᠷᠭᠠᠨ ᠳᠤ ᠤᠷᠤᠭᠤᠯᠵᠤ ᠪᠥᠬᠦᠳᠡ ᠠᠮᠤᠷᠵᠢᠨ ᠰᠠᠭᠤᠭᠰᠠᠨ ᠶᠤᠮ᠃         17 ᠳ᠋ᠤᠭᠠᠷ ᠵᠠᠭᠤᠨ ᠤ ᠲᠤᠮᠳᠠ ᠦᠶ᠎ᠠ ᠳᠤ ᠬᠤᠷᠢ ᠶᠢᠨ ᠪᠤᠷᠢᠶᠠᠳ ᠤᠨ ᠬᠦᠮᠤᠨ ᠠᠮᠠ ᠨᠢ 25000 ᠳ᠋ᠥ᠋ᠰᠢ  ︵18 ᠨᠠᠰᠤᠨ ᠠᠴᠠ 50 ᠨᠠᠰᠤ ᠬᠦᠷᠳᠡᠯᠡᠬᠢ ᠡᠷᠡᠭᠳᠡᠢ ᠬᠦᠮᠤᠨ︶ ᠪᠠᠶᠢᠵᠤ᠂ ᠪᠥᠬᠦ ᠬᠥᠮᠤᠨ ᠠᠮᠠ ᠨᠢ ᠪᠠᠷᠤᠭ 10  ᠲᠦᠮᠡ ᠰᠢᠬᠠᠮ ᠪᠠᠶᠢᠭᠰᠠᠨ ᠠᠴᠠ ᠰᠡᠬᠦᠯᠡᠷ ᠨᠢ ᠠᠭ᠎ᠠ ᠶᠢᠨ ᠳ᠋ᠥ᠋ᠮ᠎ᠠ ᠶᠢᠨ ᠮᠠᠳᠠᠯ ᠳᠤ ᠤᠷᠤᠭᠰᠠᠨ ᠨᠢ 8000 ᠳ᠋ᠥ᠋ᠰᠢ᠃ ᠪᠠᠷᠤᠭ 3 ᠲᠦᠮᠡ ᠰᠢᠬᠠᠮ ᠬᠦᠮᠤᠨ ᠠᠮᠠ ᠪᠠᠶᠢᠪᠡ᠃ ᠡᠨᠡ ᠬᠦ ᠠᠭ᠎ᠠ ᠶᠢᠨ ᠪᠤᠷᠢᠶᠠᠳ ᠤᠨ ᠬᠤᠷᠢ ᠶᠢᠨ  ᠪᠤᠷᠢᠶᠠᠳ ᠠᠴᠠ ᠰᠠᠯᠤᠭᠰᠠᠨ ᠤᠴᠢᠷ ᠭᠡᠪᠡᠯ᠄ 18 ᠳ᠋ᠤᠭᠠᠷ ᠵᠠᠭᠤᠨ ᠤ ᠬᠤᠷᠢᠭᠠᠳ ᠤᠨ ᠳᠤ ᠬᠠᠭᠠᠡᠳᠤ ᠤᠷᠤᠰ ᠤᠯᠤᠰ ᠪᠤᠯᠤᠨ ᠮᠠᠡᠵᠤ ᠴᠢᠩ ᠤᠯᠤᠰ ᠤᠨ ᠬᠢᠯᠢ ᠲᠤᠭᠳᠠᠭᠠᠬᠤ ᠦᠶ᠎ᠠ ᠠᠴᠠ ᠬᠤᠶᠢᠰᠢ ᠨᠢᠭᠡ ᠪᠥᠯᠦᠭ  ᠪᠤᠷᠢᠶᠠᠳ ᠤᠳ ᠠᠯᠬᠤᠨ᠎ᠠ᠂ ᠠᠭ᠎ᠠ᠂ ᠤᠨᠤᠨ᠂ ᠪᠤᠤᠷᠵᠢ᠂ ᠦᠯᠢᠷᠡᠩᠭᠡ ᠬᠦᠷᠳᠡᠯ᠎ᠠ ᠨᠤᠳᠤᠭᠯᠠᠨ ᠰᠠᠭᠤᠷᠢᠰᠢᠬᠤ  ᠪᠤᠯᠵᠤ᠂ ᠲᠡᠷᠡ ᠭᠠᠵᠠᠷ ᠤᠳ ᠲᠤ ᠤᠤᠯ ᠤᠨ ᠪᠠᠶᠢᠭᠰᠠᠨ ᠪᠤᠷᠢᠶᠠᠳ ᠤᠳ ︵ᠪᠠᠯᠵᠢᠨ ᠬᠠᠳᠤᠨ ᠤ ᠢᠡᠵᠢ ᠢᠷᠭᠡᠳ︶  ᠤᠨ ᠦᠯᠡᠳᠡᠪᠤᠷᠢ ᠪᠡ ᠬᠠᠮᠨᠢᠭᠠᠨ ᠲᠠᠷᠡᠴᠢᠯᠡᠨ ᠬᠠᠯᠬ᠎ᠠ ᠮᠤᠩᠭᠤᠯ ᠤᠨ 16 ᠳ᠋ᠤᠭᠠᠷ ᠵᠠᠭᠤᠨ ᠤ ᠰᠡᠬᠦᠯᠴᠢ ᠪᠠᠷ  ᠨᠡᠬᠦᠵᠤ ᠭᠠᠷᠤᠭᠰᠠᠨ ᠮᠤᠩᠭᠤᠯ ᠤᠳᠤᠮ ᠤᠨ ᠬᠠᠮᠨᠢᠭᠠᠳ ᠲᠠᠢ ᠨᠠᠶᠢᠯᠡᠨ ᠰᠠᠭᠤᠬᠤ ᠪᠤᠯᠵᠤ᠂ ᠡᠨᠡ ᠨᠢ ᠠᠭ᠎ᠠ 8  ᠤᠪᠤᠭ ᠤᠨ ᠪᠤᠷᠢᠶᠠᠳ ᠭᠡᠮᠡᠭᠳᠡᠵᠤ᠂ ᠬᠤᠷᠢ ᠨᠤᠳᠤᠭ ᠠᠴᠠ ᠲᠡᠩᠳᠡᠬᠦᠤ ᠬᠤᠯᠠ ᠠᠯᠤᠰᠯᠠᠵᠤ ᠪᠠᠶᠢᠬᠰᠠᠨ ᠠᠴᠠ  ᠬᠠᠮᠢᠶᠠᠷᠤᠨ ᠵᠠᠬᠢᠷᠬᠤ ᠳᠤ ᠮᠠᠰᠢ ᠲᠥᠬᠦᠮ ᠦᠭᠡᠢ ᠲᠤᠯᠠ ᠲᠤᠰᠬᠠᠢᠢᠯᠠᠨ ᠠᠭ᠎ᠠ ᠨᠤᠳᠤᠭ ᠲᠤ ᠳ᠋ᠥ᠋ᠮ᠎ᠠ ᠪᠠᠶᠢᠭᠤᠯᠤᠨ  ᠵᠠᠬᠢᠷᠤᠭᠰᠠᠨ ᠠᠵᠢ᠃ ᠠᠭ᠎ᠠ ᠨᠤᠳᠤᠭ ᠲᠤ ᠲᠠᠰᠤᠷᠠᠵᠤ ᠢᠷᠡᠭᠰᠡᠨ ᠭᠤᠴᠢᠳ᠂ ᠬᠤᠳᠠᠢ᠂ ᠪᠠᠳᠤᠨᠠᠢ 3 ᠤᠪᠤᠭ ᠠᠴᠠ  ᠪᠤᠰᠤ ᠨᠦᠬᠦᠭᠡ 8 ᠤᠪᠤᠭ ᠤᠳ ᠤᠨ ᠤᠯᠠᠩᠬᠢ ᠨᠢ ᠬᠤᠷᠢ ᠨᠤᠳᠤᠭ ᠲᠠᠭᠠᠨ ᠦᠯᠡᠳᠡᠵᠤ᠂ ᠴᠥᠭᠡᠨ ᠭᠡᠰᠡᠭ ᠨᠢ  ᠠᠭ᠎ᠠ ᠨᠤᠳᠤᠭ ᠲᠤ ᠢᠷᠡᠵᠤ ᠦᠨᠢᠷᠵᠢᠭᠰᠡᠨ ᠶᠠᠪᠤᠳᠠᠯ ᠪᠤᠯᠤᠨ᠎ᠠ᠃           ᠪᠤᠷᠢᠶᠠᠳ ᠮᠤᠩᠭᠤᠯᠴᠤᠳ ᠤᠤᠯ ᠠᠴᠠ ᠠᠡᠭ ᠬᠦᠷᠥᠭᠡ᠂ ᠵᠢᠭᠠᠰᠤᠨ ᠤ ᠠᠵᠢᠯ ᠵᠡᠷᠭᠡ ᠶᠢ ᠡᠷᠬᠢᠯᠡᠨ  ᠰᠡᠬᠦᠯ ᠳᠤᠨᠢ ᠮᠠᠯ ᠲᠠᠵᠢᠭᠡᠵᠤ ᠮᠠᠯᠵᠢᠬᠤ ᠪᠤᠯᠤᠭᠰᠠᠨ ᠪᠥᠭᠡᠳ 18 ᠳ᠋ᠤᠭᠠᠷ ᠵᠠᠭᠤᠨ ᠠᠴᠠ ᠤᠷᠤᠰ ᠤᠳ ᠤᠨ  ᠨᠦᠯᠦᠭᠡ ᠪᠠᠷ ᠪᠠᠷᠠᠭᠤᠨ ᠲᠠᠯ᠎ᠠ ᠠᠴᠠ ᠡᠬᠢᠯᠡᠨ ᠪᠠᠶᠢᠰᠢᠩ ︵ᠮᠤᠳᠤᠨ ᠪᠠᠶᠢᠰᠢᠩ︶ ᠪᠠᠷᠢᠵᠤ ᠰᠠᠭᠤᠷᠢᠰᠢᠬᠤ᠂ ᠮᠦᠨ  ᠤᠷᠤᠰ ᠤᠳ ᠭᠠᠵᠠᠷ ᠨᠤᠳᠤᠭ ᠤᠨ ᠰᠠᠶᠢᠬᠠᠨ᠂ ᠮᠠᠯ ᠤᠨ ᠪᠠᠯᠴᠢᠭᠡᠷ ᠢ ᠨᠢ ᠬᠠᠭᠠᠯᠪᠤᠷᠢᠯᠠᠨ ᠲᠠᠷᠢᠶ᠎ᠠ ᠲᠠᠷᠢᠭᠰᠠᠨ ᠠᠴᠠ  ᠠᠷᠭ᠎ᠠ ᠪᠤᠰᠤ ᠲᠠᠷᠢᠶᠠᠨ ᠠᠵᠢᠯ ᠡᠷᠬᠢᠯᠡᠨ ᠮᠠᠯ ᠲᠠᠷᠢᠶ᠎ᠠ ᠶᠢ ᠬᠤᠤᠰᠯᠠᠭᠤᠯᠬᠤ ᠪᠤᠯᠵᠤ ᠢᠷᠡᠭᠰᠡᠨ ᠪᠡ ᠰᠡᠯᠡᠩᠭᠡ᠂  ᠬᠤᠷᠢ ᠶᠢᠨ ᠪᠤᠷᠢᠶᠠᠳ ᠤᠳ ᠨᠢ 19 ᠳ᠋ᠤᠭᠡᠷ ᠵᠠᠭᠤᠨ ᠤ ᠲᠤᠮᠳᠠ ᠦᠶ᠎ᠠ ᠠᠴᠠ ᠬᠤᠶᠢᠰᠢ ᠰᠠᠭᠤᠷᠢᠰᠢᠬᠤ ᠪᠤᠯᠤᠭᠰᠠᠨ᠂  20 ᠳ᠋ᠤᠭᠠᠷ ᠵᠠᠭᠤᠨ ᠤ ᠡᠬᠢᠨ ᠤ ᠦᠶ᠎ᠠ ᠳᠤ ᠡᠪᠡᠰᠤ ᠪᠠᠯᠴᠢᠭᠡᠷ ᠤᠨ ᠦᠡᠭ ᠰᠢᠮᠡᠯᠢᠭ ᠢ ᠰᠤᠩᠭᠤᠨ ᠨᠡᠬᠦᠨ  ᠠᠮᠢᠳᠤᠷᠠᠳᠠᠭ ᠤᠳᠤᠮ ᠢᠶᠠᠷ ᠢᠶᠠᠨ ᠤᠯᠠᠮ ᠴᠤ ᠬᠤᠯᠠ ᠨᠡᠬᠦᠵᠤ ᠤᠳᠤᠷᠯᠠᠬᠤ ᠶᠢᠨ ᠬᠠᠮᠳᠤ ᠰᠠᠭᠤᠷᠢᠨ ᠪᠠᠶᠢᠭᠤᠯᠵᠤ᠂  ᠡᠪᠡᠰᠤ ᠬᠠᠳᠤᠯᠠᠩ ᠡᠷᠬᠢᠯᠡᠨ ᠤᠳᠤᠷ ᠰᠠᠭᠤᠷᠢᠨ ᠢ ᠤᠶᠠᠯᠳᠤᠭᠤᠯᠬᠤ ᠪᠤᠯᠪᠡ᠃ ᠮᠠᠯ ᠴᠥᠭᠡᠨ ᠶᠠᠳᠠᠭᠤ ᠪᠤᠶᠤ  ᠶᠠᠳᠠᠭᠤᠪᠳᠤᠷ ᠨᠠᠯᠢᠶᠡᠳ ᠤᠯᠠᠨ ᠬᠦᠮᠤᠰ ᠨᠢ ᠪᠠᠶᠠᠨ ᠴᠢᠨᠡᠭᠡᠯᠢᠭ ᠤᠷᠤᠰ ᠤᠳ ᠤᠨ ᠮᠠᠯ ᠢ ᠲᠠᠭᠠᠭᠠᠴᠢᠯᠡᠨ ᠬᠠᠷᠠᠵᠤ  ᠨᠡᠬᠦᠳᠡᠯᠯᠡᠨ ᠮᠠᠯᠵᠢᠬᠤ ᠶᠢᠨ ᠬᠠᠮᠳᠤ ᠮᠦᠨ ᠲᠠᠳᠡᠨ ᠤ ᠮᠠᠯ ᠲᠠᠵᠢᠭᠡᠪᠤᠷᠢ ᠶᠢᠨ ᠰᠠᠭᠤᠷᠢᠨ ᠭᠠᠵᠠᠷ ᠤᠨ ᠠᠵᠢᠯ ᠢ ᠬᠢᠬᠦ᠂ ᠡᠪᠡᠰᠤ ᠬᠠᠳᠤᠯᠠᠩ᠂ ᠭᠠᠵᠠᠷ ᠲᠠᠷᠢᠶ᠎ᠠ ᠪᠤᠯᠤᠨ ᠤᠢ ᠮᠤᠳᠤᠨ ᠤ ᠠᠵᠢᠯ ᠢ ᠬᠦᠷᠳᠡᠯ᠎ᠠ ᠬᠢᠭᠰᠡᠨ ᠠᠴᠠ ᠲᠡᠷᠡ ᠴᠠᠭ  ᠦᠶ᠎ᠠ ᠶᠢᠨ ᠤᠷᠤᠰ ᠤᠳ ᠤᠨ ᠮᠠᠯ ᠲᠠᠷᠢᠶᠠᠯᠠᠩ ᠤᠨ ᠦᠢᠯᠡᠳᠪᠤᠷᠢᠯᠡᠯ ᠤᠨ ᠠᠷᠭ᠎ᠠ ᠮᠠᠷᠭᠡᠵᠢᠯ ᠢ ᠨᠠᠯᠢᠶᠡᠳ ᠡᠵᠡᠮᠰᠢᠨ᠂  ᠡᠪᠡᠰᠤ ᠬᠠᠳᠤᠯᠠᠩ ᠤᠨ ᠠᠵᠢᠯ ᠢ ᠶᠡᠭᠡ ᠪᠠᠷ ᠡᠷᠬᠢᠯᠡᠬᠦ᠂ ᠲᠠᠷᠢᠶ᠎ᠠ ᠲᠦᠮᠥᠰᠤ ᠲᠠᠷᠢᠬᠤ ᠪᠤᠯᠤᠨ ᠮᠠᠯ ᠤᠨ ᠡᠬᠦᠯᠳᠡᠷ  ᠤᠭᠰᠠᠭ᠎ᠠ ᠶᠢ ᠰᠠᠶᠢᠵᠢᠷᠠᠭᠤᠯᠬᠤ᠂ ᠬᠢᠵᠢᠭ ᠭᠡᠮ ᠢ ᠰᠡᠷᠭᠡᠶᠢᠯᠡᠬᠦ᠂ ᠲᠠᠷᠭᠡ ᠤᠨᠤᠯᠭ᠎ᠠ ᠶᠢᠨ ᠲᠡᠭᠡᠭᠡᠪᠤᠷᠢ ᠬᠢᠬᠦ ᠮᠠᠷᠭᠡᠵᠢᠯ  ᠴᠢᠳᠠᠪᠤᠷᠢ ᠨᠤᠭᠤᠳ ᠢ ᠰᠤᠷᠴᠤ ᠭᠡᠷᠡᠭᠯᠡᠬᠦ ᠪᠤᠯᠤᠭᠰᠠᠨ ᠪᠠᠶᠢᠨ᠎ᠠ᠃ 20 ᠳ᠋ᠤᠭᠠᠷ ᠵᠠᠭᠤᠨ ᠤ ᠡᠬᠢᠨ ᠪᠤᠯᠬᠤ ᠳᠤ  ᠤᠷᠤᠰ ᠮᠠᠶ᠋ᠢᠭ ᠤᠨ ᠮᠤᠳᠤᠨ ᠪᠠᠶᠢᠰᠢᠩ ᠭᠡᠷ ᠪᠠᠷᠢᠵᠤ ᠰᠠᠭᠤᠬᠤ ᠪᠡ ᠡᠪᠡᠰᠤ ᠬᠠᠳᠤᠬᠤ ᠪᠠᠷ ᠮᠤᠷᠢᠨ ᠬᠦᠴᠥᠨ ᠤ  ᠪᠤᠷᠳᠤᠭᠠᠨ ᠮᠠᠰᠢᠨ ᠭᠡᠷᠡᠭᠯᠡᠬᠦ᠂ ᠰᠥ ᠶᠢᠨ ᠲᠤᠰᠤ ᠢᠯᠭᠠᠬᠤ ᠭᠠᠷ ᠮᠠᠰᠢᠨ᠂ ᠤᠶᠤᠳᠠᠯ ᠤᠨ ᠭᠠᠷ ᠮᠠᠰᠢᠨ ᠵᠡᠷᠭᠡ ᠶᠢ  ᠡᠵᠡᠮᠰᠢᠨ ᠭᠡᠷᠡᠭᠯᠡᠬᠦ ᠪᠤᠯᠤᠭᠰᠠᠨ ᠪᠠᠶᠢᠨ᠎ᠠ᠃            ᠪᠤᠷᠢᠶᠠᠳ ᠮᠤᠩᠭᠤᠯᠴᠤᠳ ᠡᠷᠳᠡ ᠲᠡᠭᠡᠳᠤ ᠦᠶ᠎ᠠ ᠠᠴᠠ ᠬᠤᠶᠢᠰᠢ ᠪᠥᠭᠡ ᠶᠢᠨ ᠮᠦᠷᠬᠦᠯ ︵ᠱᠠᠰᠢᠨ︶ ᠲᠠᠢ  ᠪᠠᠶᠢᠪᠡ᠂ ᠭᠡᠪᠡᠴᠤ ᠰᠢᠷ᠎ᠠ ᠶᠢᠨ ᠱᠠᠰᠢᠨ ︵ᠪᠤᠳ᠋ᠳ᠋ᠾᠠ︶ ᠮᠤᠩᠭᠤᠯ ᠭᠠᠵᠠᠷ ᠲᠤ ᠲᠡᠯᠭᠡᠷᠡᠬᠦ ᠶᠢ ᠲᠠᠭᠠᠯᠳᠤᠨ ᠰᠡᠯᠡᠩᠭᠡ᠂  ᠬᠤᠷᠢ᠂ ᠠᠭ᠎ᠠ ᠵᠡᠷᠭᠡ ᠶᠢᠨ ᠪᠤᠷᠢᠶᠠᠳ ᠤᠷᠤᠨ ᠨᠤᠭᠤᠳ ᠲᠤ ᠴᠤ ᠲᠠᠯᠭᠡᠷᠡᠨ᠂ 18 ᠳ᠋ᠤᠭᠠᠷ ᠵᠠᠭᠤᠨ ᠪᠡ 19  ᠳ᠋ᠤᠭᠡᠷ ᠵᠠᠭᠤᠨ ᠤ ᠬᠤᠭᠤᠴᠠᠭᠠᠨ ᠳᠤ ᠮᠠᠰᠢ ᠶᠡᠭᠡ ᠲᠠᠯᠭᠡᠷᠡᠪᠡ᠃ ᠠᠩᠬ᠎ᠠ 18 ᠳ᠋ᠤᠭᠠᠷ ᠵᠠᠭᠤᠨ ᠤ ᠡᠬᠢᠨ ᠳᠤ  ᠲᠥᠪᠡᠳ ᠪᠤᠯᠤᠨ ᠮᠤᠩᠭᠤᠯ ᠭᠠᠵᠠᠷ ᠤᠨ ᠯᠠᠮᠠ ᠨᠠᠷ ᠰᠡᠯᠡᠩᠭᠡ ᠪᠤᠯᠤᠨ ᠬᠤᠷᠢ ᠶᠢᠨ ᠪᠤᠷᠢᠶᠠᠳ ᠤᠳ ᠤᠨ ᠲᠤᠳᠤᠷ᠎ᠠ  ᠱᠠᠰᠢᠨ ᠤ ᠬᠦᠳᠡᠯᠭᠡᠭᠡᠨ ᠦᠷᠨᠢᠬᠦᠯᠵᠤ ᠡᠬᠢᠯᠡᠭᠰᠡᠨ ᠪᠥᠭᠡᠳ ᠨᠠᠯᠢᠶᠡᠳ ᠤᠯᠠᠨ ᠭᠠᠵᠠᠷ ᠲᠤ ᠢᠰᠡᠭᠡᠢ ᠭᠡᠷ ᠢᠶᠠᠷ  ᠲᠤᠭᠠᠡᠭ ᠬᠢᠵᠤ ᠬᠤᠷᠠᠯ ᠮᠦᠷᠬᠦᠯ ᠭᠢᠳᠡᠭ ᠪᠠᠶᠢᠭᠰᠠᠨ ᠢᠶᠠᠨ ᠤᠳᠠᠯ ᠦᠭᠡᠢ ᠮᠤᠳᠤ ᠪᠠᠷ ᠳ᠋ᠠᠴᠠᠩ ᠰᠦᠮ᠎ᠠ ᠪᠠᠷᠢᠵᠤ  ᠡᠬᠢᠯᠡᠪᠡ᠃ 18 ᠳ᠋ᠤᠭᠠᠷ ᠵᠠᠭᠤᠨ ᠤ ᠲᠤᠮᠳᠠᠴᠢ ᠪᠠᠷ ᠠᠩᠬᠠᠨ ᠤ ᠮᠤᠳᠤᠨ ᠳ᠋ᠠᠴᠠᠩ ᠢ ᠰᠡᠯᠡᠩᠭᠡ ᠶᠢᠨ ᠴᠤᠩᠭᠤᠤᠯ  ᠨᠤᠳᠤᠭ ᠲᠤ ᠪᠠᠶᠢᠭᠤᠯᠵᠤ᠂ ᠲᠠᠬᠦᠨ ᠠᠴᠠ ᠬᠤᠶᠢᠰᠢ ᠵᠡᠬᠦᠨ ᠪᠤᠷᠢᠶᠠᠳ ᠤᠨ ᠭᠠᠵᠠᠷ ᠪᠥᠬᠦᠨ ᠳᠤ ᠰᠥᠮ᠎ᠠ ᠭᠡᠶᠢᠳ  ᠪᠠᠶᠢᠭᠤᠯᠤᠭᠰᠠᠨ ᠠᠴᠠ ᠯᠠᠮᠠ ᠨᠠᠷ ᠤᠯᠠᠨ ᠪᠤᠯᠵᠤ ᠰᠢᠷ᠎ᠠ ᠶᠢᠨ ᠱᠠᠰᠢᠨ ᠶᠡᠭᠡ ᠪᠠᠷ ᠲᠠᠯᠭᠡᠷᠡᠪᠡ ᠃ 19 ᠳ᠋ᠤᠭᠡᠷ  ᠵᠠᠭᠤᠨ ᠳᠤ ᠤᠯᠠᠮ ᠲᠥᠷᠭᠡᠳᠤᠨ 20 ᠳ᠋ᠤᠭᠠᠷ ᠵᠠᠭᠤᠨ ᠤ ᠡᠬᠢᠨ ᠪᠤᠯᠬᠤ ᠳᠤ ᠪᠥᠬᠦ ᠪᠤᠷᠢᠶᠠᠳ ᠨᠤᠳᠤᠭ ᠤᠳ ᠲᠤ  ᠨᠠᠶᠢᠳᠠ 30 ᠭᠠᠷᠤᠢ ᠰᠥᠮ᠎ᠠ ᠭᠡᠶᠢᠳ ᠲᠠᠢ᠂ ᠭᠡᠳᠤᠨ ᠮᠢᠩᠭᠠᠨ ᠯᠠᠮᠠ ᠲᠠᠢ ᠪᠤᠯᠤᠭᠰᠠᠨ ᠪᠠᠶᠢᠪᠡ᠃ ᠠᠭ᠎ᠠ  ᠨᠤᠳᠤᠭ ᠲᠤ 1816 ᠤᠨ ᠳᠤ ᠠᠭ᠎ᠠ ᠶᠢᠨ ᠳ᠋ᠠᠴᠠᠩ ᠭᠡᠵᠤ ᠰᠦᠮ᠎ᠠ ᠪᠠᠶᠢᠭᠤᠯᠤᠨ᠂ 1834 ᠤᠨ ᠳᠤ ᠴᠦᠭᠡᠯ  ᠭᠡᠮᠡᠬᠦ ᠳ᠋ᠠᠴᠠᠩ ᠪᠠᠶᠢᠭᠤᠯᠤᠨ ᠡᠨᠡ ᠬᠤᠶᠠᠷ ᠰᠦᠮ᠎ᠠ ᠶᠢᠨ ᠯᠠᠮᠠ ᠨᠠᠷ 1000 ᠭᠠᠷᠤᠢ ᠪᠤᠯᠤᠭᠰᠠᠨ ᠪᠠᠶᠢᠪᠡ᠃  ᠡᠬᠦᠨ ᠠᠴᠠ ᠭᠠᠳᠠᠨ᠎ᠠ ᠂ ᠠᠭ᠎ᠠ ᠨᠤᠳᠤᠭ ᠲᠤ ᠵᠤᠭᠠᠯᠠᠢ᠂ ᠬᠦᠨᠡᠢ ᠭᠡᠬᠦ ᠮᠡᠳᠤ ᠶᠢᠨ ᠭᠡᠳᠤ ᠭᠡᠳᠤᠨ ᠵᠢᠵᠢᠭ  ᠰᠦᠮ᠎ᠠ ᠨᠦᠭᠦᠳ ᠪᠠᠶᠢᠭᠤᠯᠤᠭᠳᠠᠭᠰᠠᠨ ᠪᠠᠶᠢᠪᠡ᠃ ᠱᠠᠰᠢᠨ ᠤ ᠰᠤᠷᠭᠠᠯ ᠲᠠᠯᠭᠡᠷᠡᠬᠦ ᠶᠢ ᠲᠠᠭᠠᠯᠳᠤᠨ᠂ ᠡᠷᠳᠡᠮ  ᠮᠡᠳᠡᠯᠭᠡ ᠲᠠᠢ ᠯᠠᠮᠠ ᠨᠠᠷ ᠤᠯᠠᠰᠢᠷᠠᠵᠤ᠂ ᠱᠠᠰᠢᠨ ᠳᠡᠯᠭᠡᠷᠡᠬᠦᠯᠬᠦ ᠶᠢᠨ ᠬᠠᠮᠳᠤ ᠮᠤᠩᠭᠤᠯ ᠳᠦᠪᠡᠳ ᠤᠨ ᠰᠤᠶᠤᠯ  ᠳᠡᠯᠭᠡᠷᠡᠬᠦ ᠳᠤ ᠵᠤᠬᠢᠬᠤ ᠬᠤᠪᠢ ᠨᠡᠮᠡᠷᠢ ᠦᠵᠡᠬᠦᠯᠪᠡ᠃ ᠵᠢᠱᠢᠶ᠎ᠠ ᠨᠢ᠄ 18 ᠳ᠋ᠤᠭᠠᠷ ᠵᠠᠭᠤᠨ ᠤ ᠦᠶ᠎ᠠ ᠳᠤ  ᠳᠠᠮᠪᠠᠳᠠᠷᠵᠠ ᠵᠠᠶᠠᠭ᠎ᠠ ᠶᠢᠨ ᠪᠠ ᠠᠬᠸᠠᠩᠫᠤᠩᠰᠤᠭ ᠬᠠᠮᠪᠤ᠂ 19 ᠳ᠋ᠤᠭᠡᠷ ᠵᠠᠭᠤᠨ ᠤ ᠦᠶ᠎ᠠ ᠳᠤ ᠡᠮᠴᠢ ᠪᠠᠭᠰᠢ ᠰᠠᠬᠢᠶ᠎ᠠ  ︵ᠪᠤᠷᠢᠶᠠᠳ ᠤᠨ ᠳᠡᠤᠭᠡ ᠪᠢᠴᠢᠭᠰᠠᠨ︶ ᠴᠤᠷᠵᠢ ᠯᠠᠮᠠ ᠡᠷᠭᠡᠳᠤ᠂ ᠠᠬᠸᠠᠩᠳᠤᠷᠵᠢ ᠬᠠᠮᠪᠤ ᠵᠡᠷᠭᠡ ᠶᠢᠨ ᠨᠠᠷᠠᠳᠠᠢ ᠯᠠᠮᠠ  ᠨᠠᠷ ᠭᠠᠷᠪᠠ᠃           ᠳᠡᠷᠡ ᠴᠠᠭ ᠦᠶ᠎ᠠ ᠠᠴᠠ ᠬᠤᠶᠢᠰᠢ ᠮᠤᠩᠭᠤᠯ᠂ ᠤᠷᠤᠰ ᠤᠨ ᠰᠤᠶᠤᠯ ᠤᠨ ᠠᠩᠬᠠᠨ ᠤ ᠰᠠᠭᠤᠷᠢ  ᠳᠠᠯᠪᠢᠭᠳᠠᠵᠤ᠂ 19 ᠳ᠋ᠤᠭᠡᠷ ᠵᠠᠭᠤᠨ ᠠᠴᠠ 20 ᠳ᠋ᠤᠭᠠᠷ ᠵᠠᠭᠤᠨ ᠤ ᠡᠬᠢᠨ ᠤ ᠦᠶ᠎ᠠ ᠪᠤᠯᠬᠤ ᠳᠤ ᠤᠷᠤᠰ᠂  ᠮᠤᠩᠭᠤᠯ ᠰᠤᠶᠤᠯ ᠲᠠᠢ ᠡᠷᠳᠡᠮ ᠮᠡᠳᠡᠯᠭᠡ ᠲᠠᠢ ᠬᠦᠮᠦᠰ ᠨᠡᠯᠢᠶᠠᠳ ᠤᠯᠠᠨ ᠭᠠᠷᠪᠠ᠃ ᠡᠷᠳᠡᠮᠳᠡᠨ ᠴᠤᠯᠠ ᠲᠠᠢ ᠨᠡᠷ᠎ᠠ  ᠠᠯᠳᠠᠷᠰᠢᠭᠰᠠᠨ ᠪᠠᠨᠽᠠᠷ ᠤᠨ ᠳᠤᠷᠵᠢ᠂ ᠴᠡᠪᠡᠭ ᠤᠨ ᠭᠤᠮᠪᠤᠵᠠᠪ᠂ ᠷᠢᠨᠴᠢᠨ ᠤ ᠡᠯᠪᠡᠭᠳᠦᠷᠵᠢ᠂ ᠵᠠᠮᠰᠦ᠋ᠷᠦᠩ ᠤᠨ  ᠴᠡᠸᠡᠩ᠂ ᠪᠠᠷᠠᠳᠢ ᠶᠢᠨ ᠪᠠᠽᠠᠷ ᠵᠡᠷᠭᠡ ᠶᠢᠨ ᠡᠷᠳᠡᠮᠳᠡᠨ ᠬᠦᠮᠦᠰ ᠴᠤᠯᠭᠤᠷᠠᠨ ᠭᠠᠷᠤᠭᠰᠠᠨ ᠠᠴᠠ ᠭᠠᠳᠠᠨ᠎ᠠ ᠤᠷᠤᠰ᠂  ᠮᠤᠩᠭᠤᠯ ᠭᠡᠯᠡᠨ ᠤ ᠰᠤᠶᠤᠯ ᠮᠡᠳᠡᠯᠭᠡ ᠲᠠᠢ ᠰᠡᠭᠡᠭᠡᠷᠡᠭᠰᠡᠨ ᠬᠦᠮᠦᠰ ᠤᠯᠠᠨ ᠭᠠᠷᠪᠠ᠃ ᠳᠡᠷᠡ ᠦᠶ᠎ᠠ ᠶᠢᠨ ᠤᠷᠤᠨ  ᠨᠤᠳᠤᠭ ᠤᠨ ᠨᠤᠶᠠᠳ ᠳᠠᠭᠠᠭᠠᠮᠠᠯ ᠤᠳ᠂ ᠵᠠᠶᠢᠰᠠᠩ ᠭᠤᠯᠸᠠ ᠪᠤᠶᠤ ᠳᠠᠶᠢᠱᠠ ᠨᠠᠷ ᠤᠨ ᠤᠯᠠᠩᠬᠢ ᠨᠢ ᠤᠷᠤᠰ᠂  ᠮᠤᠩᠭᠤᠯ ᠭᠡᠯᠡᠨ ᠤ ᠠᠩᠬ᠎ᠠ ᠠᠯᠬᠤᠮ ᠤᠨ ᠰᠤᠶᠤᠯ ᠮᠡᠳᠡᠯᠭᠡ ᠲᠠᠢ ᠬᠦᠮᠦᠰ ᠪᠠᠶᠢᠭᠰᠠᠨ ᠶᠤᠮ᠃ ᠳᠤᠬᠠᠢᠢᠯᠠᠪᠠᠯ᠄ 19  ᠵᠠᠭᠤᠨ ᠤ ᠳᠤᠮᠳᠠᠴᠢ ᠪᠠᠷ ᠪᠤᠷᠢᠶᠠᠳ ︵ᠬᠤᠷᠢ︶ ᠤᠨ ᠳᠡᠤᠭᠡ ᠶᠢ ᠪᠢᠴᠢᠭᠰᠡᠨ ᠵᠡᠬᠦᠨ ᠬᠤᠸᠠᠰᠠᠢ ᠤᠪᠤᠭ ᠤᠨ  ᠵᠠᠶᠢᠰᠠᠩ᠂ ᠰᠡᠬᠦᠯᠡᠷ ᠨᠢ ᠠᠭ᠎ᠠ ᠨᠤᠳᠤᠭ ᠤᠨ ᠳᠠᠶᠢᠱᠠ ᠨᠤᠶᠠᠨ ᠪᠤᠯᠤᠭᠰᠠᠨ ᠳᠤᠪᠤ ᠶᠢᠨ ᠳᠡᠬᠦᠯᠳᠡᠷ᠂ ᠴᠠᠭᠠᠡᠭᠭᠤᠳ  ᠤᠪᠤᠭ ᠤᠨ ᠵᠠᠶᠢᠰᠠᠩ ᠪᠠᠶᠢᠭᠰᠠᠨ ︵ᠭᠤᠯᠸᠠ︶ ᠶᠦᠮᠰᠡᠨ ᠤ ᠸᠠᠩᠳᠤᠨ᠂ ᠭᠠᠯᠵᠤᠳ ᠤᠪᠤᠭ ᠤᠨ ᠵᠠᠶᠢᠰᠠᠩ  ᠬᠤᠪᠢᠳᠤ ᠶᠢᠨ ᠰᠢᠷᠡᠪᠨᠢᠩᠪᠤ᠂ ᠴᠤᠩᠭᠤᠤᠯ ᠬᠤᠷᠠᠮᠰᠠᠢ ᠤᠪᠤᠭ ᠤᠨ ᠬᠦᠮᠦᠨ ᠪᠦᠭᠡᠳ ᠰᠠᠯᠠᠩᠭᠡ ᠶᠢᠨ ᠳᠠᠶᠢᠱᠠ  ᠪᠠᠶᠢᠭᠰᠠᠨ ᠯᠤᠮᠪᠤᠴᠡᠷᠡᠨ ᠤ ᠳᠠᠮᠪᠢᠵᠠᠯᠰᠠᠨ ︵ᠰᠡᠯᠡᠩᠭᠡ ᠶᠢᠨ ᠪᠤᠷᠢᠶᠠᠳ ᠤᠨ ᠳᠡᠤᠭᠡ ᠪᠢᠴᠢᠭᠰᠡᠨ︶᠂ ᠮᠦᠨ  ᠪᠠᠷᠭᠤᠵᠢᠨ ᠤ ᠪᠤᠷᠢᠶᠠᠳ ᠤᠨ ᠳᠡᠤᠭᠡ ᠶᠢ ᠪᠢᠴᠢᠭᠰᠡᠨ ᠴᠠᠬᠠᠷ ᠤᠨ ᠴᠠᠳᠠᠪᠵᠠᠪ ᠳᠠᠶᠢᠱᠠ ᠵᠡᠷᠭᠡ ᠨᠢ ᠴᠦᠮ ᠳᠡᠷᠡ  ᠴᠠᠭ ᠤᠨ ᠡᠷᠳᠡᠮ ᠲᠠᠢ ᠬᠦᠮᠦᠰ ᠪᠠᠶᠢᠭᠰᠠᠨ ᠶᠤᠮ᠃           ᠪᠤᠷᠢᠶᠠᠳ ᠨᠤᠳᠤᠭ ᠲᠤ ᠠᠩᠬ᠎ᠠ ᠰᠤᠷᠭᠠᠭᠤᠯᠢ ᠪᠤᠢ ᠪᠤᠯᠤᠭᠰᠠᠨ ᠨᠢ 19 ᠳ᠋ᠤᠭᠡᠷ ᠵᠠᠭᠤᠨ ᠤ ᠳᠤᠮᠳᠠᠴᠢ ᠦᠶ᠎ᠠ  ᠪᠤᠯᠬᠤ ᠶᠤᠮ᠃ ᠡᠯ᠎ᠠ ᠭᠠᠵᠠᠷ ᠤᠨ ᠳ᠋ᠦᠮ᠎ᠠ ᠶᠢᠨ ᠳᠡᠷᠭᠡᠳᠡ ᠤᠷᠤᠰ᠂ ᠮᠤᠩᠭᠤᠯ ᠪᠢᠴᠢᠭ ᠢ ᠬᠤᠤᠰᠯᠠᠭᠤᠯᠤᠨ ᠰᠤᠷᠬᠤ  ᠰᠤᠷᠭᠠᠭᠤᠯᠢ ᠨᠤᠭᠤᠳ ᠪᠠᠶᠢᠭᠤᠯᠤᠭᠳᠠᠵᠤ ᠡᠬᠢᠯᠡᠭᠰᠡᠨ ᠪᠦᠭᠡᠳ ᠳᠡᠬᠦᠨ ᠠᠴᠠ ᠡᠮᠤᠨ᠎ᠠ ᠴᠢᠳᠠᠯ ᠲᠠᠢ ᠬᠦᠮᠦᠰ ᠤᠨ  ᠭᠡᠤᠭᠡᠳ ᠤᠷᠤᠰ ᠳᠤᠰᠬᠤᠨ ᠨᠤᠭᠤᠳ ᠤᠨ ᠰᠤᠷᠭᠠᠭᠤᠯᠢ ᠪᠤᠶᠤ ᠱᠠᠰᠢᠨ ᠤ ᠰᠤᠷᠭᠠᠭᠤᠯᠢ ᠳᠤ ᠤᠷᠤᠵᠤ  ᠰᠤᠷᠤᠯᠴᠠᠳᠠᠭ ᠪᠠᠶᠢᠪᠠ ᠃ ᠡᠰᠡᠪᠡᠯ ᠤᠢᠢᠷᠠᠯᠴᠠᠭ᠎ᠠ ᠬᠤᠳᠠ ᠠᠶᠢᠯ ᠤᠨ ᠳᠤᠮᠳᠠ ᠪᠢᠴᠢᠭ ᠮᠡᠳᠡᠳᠡᠭ ᠬᠦᠮᠦᠨ ᠢᠶᠠᠷ  ᠮᠤᠩᠭᠤᠯ ᠪᠢᠴᠢᠭ ᠵᠢᠭᠠᠯᠭᠠᠬᠤ᠂ ᠮᠦᠨ ᠳ᠋ᠠᠴᠠᠩ ᠰᠦᠮ᠎ᠠ ᠳᠤ ᠤᠴᠢᠵᠤ ᠯᠠᠮᠠ ᠨᠡᠷ ᠢᠶᠠᠷ ᠪᠢᠴᠢᠭ ᠵᠢᠭᠠᠯᠭᠠᠬᠤ  ᠮᠡᠳᠤ ᠪᠠᠷ ᠤᠷᠤᠯᠳᠤᠵᠤ ᠠᠩᠬᠠᠨ ᠤ ᠰᠤᠶᠤᠯ ᠤᠨ ᠰᠠᠭᠤᠷᠢ ᠶᠢ ᠳᠠᠯᠪᠢᠭᠰᠠᠨ ᠶᠤᠮ᠃           19 ᠳ᠋ᠤᠭᠡᠷ ᠵᠠᠭᠤᠨ ᠤ ᠰᠡᠬᠦᠯᠴᠢ ᠪᠠᠷ ᠪᠤᠷᠢᠶᠠᠳ ᠮᠤᠩᠭᠤᠯ ᠤᠷᠤᠨ ᠤ ᠳ᠋ᠦᠮ᠎ᠠ ᠨᠦᠭᠦᠳ ᠪᠠ ᠤᠪᠤᠭ ︵ ᠤᠳᠤᠭ︶ ᠤᠨ ᠵᠠᠬᠢᠷᠭ᠎ᠠ ᠨᠤᠭᠤᠳ ᠨᠢ ᠤᠷᠤᠰ ᠤᠨ ᠮᠤᠵᠢ᠂ ᠳᠤᠭᠤᠷᠢᠭ ᠤᠳ ᠤᠨ ︽ᠤᠪᠯᠤᠰᠲ︾ ᠭᠡᠮᠡᠬᠦ  ᠵᠠᠬᠢᠷᠭ᠎ᠠ ᠪᠠ ᠡᠯ᠎ᠠ ᠭᠠᠵᠠᠷ ᠤᠨ ︽ᠪᠤᠰᠤ ᠳᠦᠷᠦᠯᠳᠡᠨ ᠤ ᠵᠠᠬᠢᠷᠭ᠎ᠠ︾ ᠭᠡᠮᠡᠭᠳᠡᠬᠦ ᠤᠷᠤᠰ ᠵᠠᠬᠢᠷᠭᠠᠨ ᠤ ᠮᠡᠳᠡᠯ ᠳᠤ ᠤᠷᠤᠭᠠᠳ 20 ᠳ᠋ᠤᠭᠠᠷ ᠵᠠᠭᠤᠨ ᠤ ᠡᠬᠢᠨ ᠪᠤᠯᠬᠤ ᠳᠤ ᠪᠤᠷᠢᠶᠠᠳ ᠮᠤᠩᠭᠤᠯᠴᠤᠳ ᠨᠢ ᠤᠷᠤᠰ ᠤᠨ ᠬᠠᠭᠠᠨᠳᠤ  ᠵᠠᠰᠠᠭ ᠤᠨ ᠬᠠᠷᠢᠶᠠᠳᠤ ᠤᠯᠠᠨ ᠪᠠᠭ᠎ᠠ ᠪᠠᠭᠤᠷᠠᠢ ᠦᠨᠳᠤᠰᠤᠳᠡᠨ ᠤ ᠨᠢᠭᠡ ᠨᠢ ᠪᠤᠯᠵᠤ᠂ ᠦᠨᠳᠤᠰᠤᠳᠡᠨ ᠤ ᠪᠠ  ᠨᠡᠶᠢᠭᠡᠮ ᠤᠨ ᠳᠤᠤᠷ᠎ᠠ ᠱᠠᠳᠤᠨ ᠤ ᠪᠠᠶᠢᠷᠢ ᠳᠠᠬᠢ ᠬᠤᠴᠤᠷᠥᠩᠭᠤᠢ ᠤᠭᠰᠠᠭᠠᠳᠠᠨ ᠳᠤ ᠳᠤᠭᠠᠴᠠᠭᠳᠠᠬᠤ ᠪᠤᠯᠤᠭᠰᠠᠨ  ᠪᠠᠶᠢᠨ᠎ᠠ᠃           20 ᠳ᠋ᠤᠭᠠᠷ ᠵᠠᠭᠤᠨ ᠳᠤ ᠤᠷᠤᠭᠰᠠᠨ ᠠᠴᠠ ᠬᠤᠶᠢᠰᠢ ᠤᠷᠤᠰ ᠤᠷᠤᠨ ᠤ ᠪᠠᠶᠢᠳᠠᠯ ᠳᠤ ᠮᠠᠰᠢ ᠶᠡᠭᠡ  ᠬᠤᠪᠢᠷᠠᠯᠳᠠ ᠨᠤᠭᠤᠳ ᠤᠳᠠᠭ᠎ᠠ ᠳᠠᠷᠠᠭ᠎ᠠ ᠪᠠᠷ ᠭᠠᠷᠪᠠ᠃ 1905 ᠤᠨ ᠤ ᠤᠷᠤᠰ ᠤᠨ ᠬᠤᠪᠢᠰᠬᠠᠯ ᠪᠠ ᠳᠡᠬᠦᠨ ᠤ  ᠳᠠᠷᠤᠭᠳᠠᠯ᠂ 1917 ᠤᠨ ᠤ ᠳᠡᠯᠡᠭᠡᠢ ᠶᠢᠨ ᠨᠢᠭᠡᠳᠤᠭᠡᠷ ᠳᠠᠶᠢᠨ ᠵᠡᠷᠭᠡ ᠨᠢ ᠪᠦᠬᠦ ᠤᠷᠤᠰ ᠤᠨ ᠠᠷᠠᠳ ᠳᠦᠡᠮᠨ ᠳᠤ  ᠶᠡᠭᠡᠭᠡᠨ ᠰᠡᠩᠭᠡᠷᠡᠬᠦᠯᠦᠯ ᠪᠤᠯᠬᠤ ᠶᠢᠨ ᠬᠠᠮᠳᠤ ᠬᠠᠭᠠᠨᠳᠤ ᠵᠠᠰᠠᠭ ᠳᠦᠷᠦ ᠶᠢᠨ ᠳᠤᠷᠦ᠋ᠢᠳᠠᠯ ᠢ ᠳᠦᠷᠭᠡᠳᠭᠡᠪᠡ᠃  ᠡᠨᠡ ᠨᠢ ᠪᠤᠷᠢᠶᠠᠳ ᠮᠤᠩᠭᠤᠯᠴᠤᠳ ᠤᠨ ᠳᠤᠳᠤᠷ᠎ᠠ ᠮᠦᠨ ᠶᠡᠭᠡᠭᠡᠨ ᠰᠡᠷᠡᠭᠳᠡᠯ ᠦᠭᠴᠤ᠂ ᠨᠤᠶᠠᠳ ᠳᠦᠰᠢᠮᠡᠳ᠂  ᠱᠠᠰᠢᠨ ᠤ ᠳᠦᠷᠦᠬᠦᠴᠤᠳ ᠳᠡᠷᠢᠬᠦᠯᠡᠨ ᠴᠠᠭ ᠳᠦᠷᠦ ᠶᠢᠨ ᠬᠤᠪᠢᠰᠤᠯ᠂ ᠱᠠᠰᠢᠨ ᠳᠦᠷᠦ ᠶᠢᠨ ᠢᠷᠡᠭᠡᠳᠤᠢ ᠶᠢᠨ ᠳᠤᠬᠠᠢ ᠪᠤᠳᠤᠯᠬᠢᠯᠬᠠᠤ ᠭᠡᠮᠵᠢᠶ᠎ᠠ ᠳᠤ ᠬᠦᠷᠪᠡ᠃ ᠨᠡᠩ ᠴᠤ 1917 ᠤᠨ ᠤ ᠤᠷᠤᠰ ᠤᠨ ᠤᠺᠲ᠋ᠢᠶᠠᠪᠠᠷ ᠤᠨ  ᠬᠤᠪᠢᠰᠬᠠᠯ ᠠᠴᠠ ᠬᠤᠶᠢᠰᠢ ᠤᠷᠤᠰ ᠤᠷᠤᠨ ᠳᠠᠶᠠᠭᠠᠷ ᠲᠤ ᠪᠠᠶᠢᠳᠠᠯ ᠳᠤᠭᠳᠠᠭᠤᠨ ᠪᠤᠰᠤ᠂ ᠳᠤᠳᠤᠭᠠᠳᠤ  ᠭᠠᠳᠠᠭᠠᠳᠤ ᠶᠢᠨ ᠦᠢᠮᠡᠭᠡᠨ ᠳᠡᠭᠳᠡᠭᠡᠭᠴᠢᠳ ᠤᠯᠠᠨ ᠪᠤᠯᠵᠤ᠂ ᠡᠯᠳᠡᠪ ᠤᠨ ᠳᠡᠭᠡᠷᠡᠮ ᠬᠤᠯᠠᠭᠠᠢ ᠰᠠᠮᠠᠭᠤᠷᠠᠨ ᠪᠤᠷᠢᠶᠠᠳ  ᠮᠤᠩᠭᠤᠯᠴᠤᠳ ᠤᠨ ᠤᠷᠤᠨ ᠨᠤᠳᠤᠭ ᠲᠤ ᠤᠨᠴᠠᠭᠠᠢᠢᠯᠠᠨ ᠬᠢᠯᠢ ᠬᠢᠵᠠᠭᠠᠷ ᠤᠷᠤᠨ ᠳᠠᠭᠠᠤ ᠪᠠᠶᠢᠬᠤ ᠨᠡᠬᠦᠳᠡᠯᠴᠢᠨ  ᠮᠠᠯᠴᠢᠳ ᠤᠨ ᠠᠵᠤ ᠠᠮᠢᠳᠤᠷᠠᠯ ᠳᠤ ᠶᠡᠭᠡᠭᠡᠨ ᠬᠤᠬᠢᠷᠠᠯ ᠤᠴᠠᠷᠠᠬᠤ ᠪᠤᠯᠤᠭᠰᠠᠨ ᠠᠴᠠ 1910 ᠊ᠭᠠᠳ ᠤᠨ ᠤ  ᠰᠡᠬᠦᠯᠴᠢ 1920 ᠊ᠭᠠᠳ ᠤᠨ ᠤ ᠡᠬᠢᠨ ᠢᠶᠠᠷ ᠨᠠᠯᠢᠶᠠᠳ ᠭᠡᠰᠡᠭ ᠪᠤᠷᠢᠶᠠᠳ ᠮᠤᠩᠭᠤᠯᠴᠤᠳ ᠳᠠᠶᠢᠪᠤᠡᠭ  ᠴᠢᠯᠦᠭᠡᠳᠡᠢ ᠠᠮᠢᠳᠤᠷᠠᠬᠤ ᠨᠤᠳᠤᠭ ᠤᠷᠤᠨ ᠢ ᠡᠷᠢᠨ᠂ ᠦᠪᠡᠷᠰᠡᠳ ᠤᠨ ᠨᠤᠳᠤᠭ ᠤᠷᠤᠨ ᠠᠴᠠ ᠨᠡᠬᠦᠳᠡᠯᠯᠡᠨ ᠭᠠᠷᠴᠤ  ᠂ ᠰᠠᠶ᠋ᠢᠬᠠᠨ ᠳᠤᠰᠠᠭᠠᠷ ᠳᠤᠭᠳᠠᠨᠢᠯ ᠢᠶᠠᠨ ᠤᠯᠤᠭᠠᠳ ᠪᠠᠶᠢᠭᠰᠠᠨ ᠮᠤᠩᠭᠤᠯ ᠤᠯᠤᠰ ᠪᠤᠯᠤᠨ ᠳᠤᠮᠳᠠᠳᠤ ᠤᠯᠤᠰ ᠤᠨ  ᠬᠦᠯᠦᠨ ᠪᠤᠶᠢᠷ ᠲᠤ ᠤᠷᠤᠵᠤ ᠳᠤᠭᠳᠠᠨᠢᠨ ᠰᠠᠭᠤᠷᠢᠰᠢᠭᠰᠠᠨ ᠶᠠᠪᠤᠳᠠᠯ ᠤᠳ ᠭᠠᠷᠪᠠ᠃ ᠳᠤᠬᠠᠢᠢᠯᠠᠪᠠᠯ᠄ ᠳᠦᠡᠭᠭᠡᠨ᠎ᠠ᠂  ᠰᠡᠯᠡᠩᠭᠡ ᠶᠢᠨ ᠪᠤᠷᠢᠶᠠᠳ ᠤᠨ ᠨᠢᠭᠡ ᠪᠦᠯᠦᠭ ᠨᠢ ᠮᠤᠩᠭᠤᠯ ᠤᠨ ᠬᠦᠪᠰᠤᠬᠦᠯ᠂ ᠰᠡᠯᠡᠩᠭᠡ ᠠᠶᠢᠮᠠᠭ ᠤᠷᠤᠭᠤ  ᠤᠷᠤᠭᠰᠠᠨ᠂ ᠮᠦᠨ ᠠᠭ᠎ᠠ ᠶᠢᠨ ᠪᠤᠷᠢᠶᠠᠳ ᠤᠳ ᠠᠴᠠ ᠪᠠᠰᠠ ᠨᠢᠭᠡ ᠪᠦᠯᠦᠭ ᠨᠢ ᠳᠤᠮᠳᠠᠳᠤ ᠤᠯᠤᠰ ᠤᠨ ᠬᠦᠯᠦᠨ  ᠪᠤᠶᠢᠷ ᠤᠷᠤᠭᠤ ᠤᠷᠢᠳ ᠬᠤᠵᠢᠳ ᠤᠯᠠᠨ ᠴᠦᠭᠡᠨ ᠠᠳᠠᠯᠢ ᠦᠭᠡᠢ ᠪᠠᠷ ᠨᠡᠬᠦᠳᠡᠯᠯᠡᠨ ᠤᠷᠤᠭᠰᠠᠨ ᠪᠠᠶᠢᠨ᠎ᠠ᠃           ᠮᠤᠩᠭᠤᠯ ᠤᠯᠤᠰ ᠲᠤ ᠤᠴᠢᠭᠰᠠᠨ ᠨᠢ 1920 ᠤᠨ ᠠᠴᠠ 1923 ᠤᠨ ᠬᠦᠷᠳᠡᠯ᠎ᠠ ᠮᠤᠩᠭᠤᠯ  ᠤᠯᠤᠰ ᠤᠨ ᠬᠠᠷᠢᠶᠠᠳᠤ ᠪᠤᠯᠤᠨ ᠲᠠᠭᠠᠷ᠎ᠠ ᠤᠷᠤᠭᠠᠳ ᠰᠡᠯᠡᠩᠭᠡ ᠶᠢᠨ ᠬᠤᠰᠢᠭᠤ᠂ ᠮᠠᠯᠠᠭᠠᠡᠷ ᠠᠭᠤᠯᠠ ᠶᠢᠨ ᠬᠤᠰᠢᠭᠤ  ᠂ ᠶᠡᠷᠥᠭᠡ ᠭᠤᠤᠯ᠂ ᠤᠨᠤᠨ ᠭᠤᠤᠯ᠂ ᠤᠯᠵᠠ ᠭᠤᠤᠯ ᠤᠨ ᠬᠤᠰᠢᠭᠤ᠂ ᠬᠠᠯᠬ᠎ᠠ ᠭᠤᠤᠯ ᠤᠨ ᠬᠤᠰᠢᠭᠤ ︵ ᠨᠦᠮᠤᠷᠭᠡ ᠶᠢᠨ ᠭᠤᠤᠯ︶ ᠭᠡᠮᠡᠨ 6 ᠪᠤᠷᠢᠶᠠᠳ ᠭᠤᠰᠢᠭᠤ ᠪᠤᠯᠤᠨ ᠪᠠᠶᠢᠭᠤᠯᠤᠭᠳᠠᠵᠤ ᠲᠦᠪᠬᠢᠨᠡᠭᠰᠡᠨ ᠪᠥᠭᠡᠳ  ᠨᠠᠶᠢᠳᠠ 4600 ᠭᠠᠷᠤᠢ ᠡᠷᠥᠭᠡ᠂ 16000 ᠭᠠᠷᠤᠢ ᠬᠦᠮᠤᠨ ᠠᠮᠠ ᠪᠠᠶᠢᠪᠡ᠃ ᠠᠭ᠎ᠠ ᠶᠢᠨ ᠬᠠᠷᠢᠶ᠎ᠠ ᠤᠨᠤᠨ᠂  ᠪᠤᠤᠷᠵᠢ᠂ ᠲᠠᠷᠢ᠂ ᠦᠯᠢᠷᠡᠩᠭᠡ ᠨᠤᠳᠤᠭ ᠤᠳ ᠤᠨ ᠨᠢᠭᠡ ᠪᠦᠯᠦᠭ ᠪᠤᠷᠢᠶᠠᠳ ᠤᠳ 1910 ᠊ᠭᠠᠳ ᠤᠨ ᠤ  ᠰᠡᠬᠦᠯᠴᠢ ᠪᠡ 1920 ᠊ᠭᠠᠳ ᠤᠨ ᠤ ᠬᠤᠭᠤᠷᠤᠡᠳᠤ ᠬᠢᠯᠢ ᠲᠠᠪᠠᠵᠤ᠂ ᠲᠤᠮᠳᠠᠳᠤ ᠤᠯᠤᠰ ᠤᠨ ᠬᠦᠯᠦᠨ ᠪᠤᠶᠢᠷ ᠲᠤ  ᠨᠡᠬᠦᠳᠡᠯᠯᠡᠨ ᠢᠷᠡᠵᠤ᠂ ᠠᠩᠬᠠᠨ ᠠᠴᠠ ᠪᠠᠨ ᠪᠤᠷᠢᠶᠠᠳ ᠤᠳ ᠲᠠᠢ ᠤᠳᠤᠮ ᠤᠭᠰᠠᠭ᠎ᠠ ᠨᠢᠭᠡ ᠲᠠᠢ ᠤᠪᠤᠭ ᠬᠠᠯᠠ ᠪᠠᠷ  ᠠᠳᠠᠯᠢ ᠬᠠᠭᠤᠴᠢᠨ᠂ ᠰᠢᠨ᠎ᠠ ᠪᠠᠷᠭᠤ ᠮᠤᠩᠭᠤᠯᠴᠤᠳ ᠤᠨ ᠲᠠᠮᠵᠢᠯᠭᠡ ᠬᠠᠷᠠᠭᠠᠯᠵᠠᠯ ᠢ ᠬᠦᠷᠳᠡᠵᠤ᠂ 1921  ᠤᠨ ᠳᠤ ᠰᠢᠨᠡᠭᠡᠨ ᠭᠤᠤᠯ᠂ ᠢᠮᠢᠨ ᠭᠤᠤᠯ ᠲᠠᠭᠠᠤ ᠰᠠᠭᠤᠷᠢᠰᠢᠨ᠂ ᠲᠤᠮᠳᠠᠳᠤ ᠶᠢᠨ ᠬᠠᠷᠢᠶᠠᠳᠤ ᠪᠤᠯᠵᠤ᠂ ᠰᠢᠨᠡᠭᠡᠨ  ᠪᠤᠷᠢᠶᠠᠳ ᠬᠤᠰᠢᠭᠤ ᠭᠡᠮᠡᠨ ᠪᠠᠶᠢᠭᠤᠯᠤᠭᠳᠠᠵᠤ᠂ ᠤᠤᠯ ᠤᠨ ᠰᠠᠭᠤᠭᠠᠯᠢ ᠲᠠᠭᠤᠷ᠂ ᠦᠭᠡᠯᠡᠳ᠂ ᠡᠸᠡᠩᠬᠢ ᠶᠢᠨ  ᠠᠷᠠᠳ ᠲᠦᠮᠡᠨ ᠤ ᠲᠠᠮᠵᠢᠯᠭᠡ ᠲᠤᠰᠠᠯᠠᠮᠵᠢ ᠪᠠᠷ ᠲᠠᠳᠡᠨ ᠲᠠᠢ ᠪᠦᠯᠬᠦᠮᠳᠠᠨ ᠬᠠᠮᠳᠤ ᠪᠠᠷ ᠨᠤᠳᠤᠭᠰᠢᠨ ᠰᠠᠭᠤᠵᠤ᠂  ᠰᠢᠨᠡᠭᠡᠨ ᠤ ᠪᠤᠷᠢᠶᠠᠳ ᠭᠡᠮᠡᠨ ᠨᠡᠷᠡᠶᠢᠳᠥᠭᠳᠡᠵᠤ 90 ᠭᠠᠷᠤᠢ ᠵᠢᠯ ᠪᠤᠯᠤᠭᠰᠠᠨ ᠪᠠᠶᠢᠨ᠎ᠠ᠃  
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ