| ᠵᠣᠬᠢᠶᠠᠭᠴᠢ᠄ ᠪ᠊ · ᠠᠳᠠᠢᠶᠠ | | ᠤᠭ ᠤᠨ ᠪᠢᠴᠢᠭ ᠭᠡᠵᠤ ᠶᠠᠭᠤ ᠪᠤᠢ︖ | ᠮᠤᠩᠭᠤᠯᠴᠤᠳ ᠤᠨ ᠲᠤᠮᠳᠠ ᠦᠪᠡᠷᠰᠡᠳ ᠤᠨ ᠤᠳᠤᠮ ᠤᠨ ᠢᠶᠠᠨ ᠲᠠᠤᠭᠡ ᠶᠢ ᠤᠭ ᠢᠵᠠᠭᠤᠷ ᠤᠨ ᠦᠡᠳᠤᠷ ᠲᠡᠭᠡᠳᠤ ᠡᠪᠦᠭᠡ ᠠᠴᠠ ᠪᠠᠨ ᠡᠬᠢᠯᠡᠨ ᠠᠮᠠᠨ | ᠪᠤᠯᠤᠨ ᠪᠢᠴᠢᠭ ᠤᠨ ᠭᠡᠯᠪᠡᠷᠢ ᠪᠠᠷ ᠲᠡᠮᠳᠡᠭᠯᠡᠨ ᠦᠯᠡᠳᠡᠭᠡᠬᠦ ᠤᠯᠠᠮᠵᠢᠯᠠᠯ ᠨᠠᠩ ᠡᠷᠳᠡ ᠡᠬᠦᠰᠴᠤ᠂ ᠲᠡᠷᠡ ᠨᠢ ᠲᠤᠬᠠᠢ ᠶᠢᠨ ᠦᠶ᠎ᠠ ᠶᠢᠨ ᠨᠠᠶᠢᠭᠡᠮ ᠤᠨ ᠢᠶᠠᠨ | ᠬᠦᠭᠵᠢᠯ ᠤᠨ ᠲᠥᠪᠰᠢᠨ ᠲᠠᠢ ᠬᠤᠯᠪᠤᠭᠳᠠᠨ ᠡᠬᠢᠨ ᠤ ᠦᠶ᠎ᠠ ᠳᠡᠭᠡᠨ ᠤᠪᠤᠭ ᠨᠠᠶᠢᠳᠠ ᠶᠢᠨ ᠲᠠᠤᠭᠡ ᠶᠢᠨ ᠲᠠᠮᠳᠡᠭᠯᠡᠯ ᠰᠢᠡᠵᠢᠳᠡᠢ ᠪᠠᠶᠢᠭᠠᠳ ᠤᠪᠤᠭ ᠵᠠᠳᠠᠷᠠᠵᠤ | ᠹᠸᠤᠳᠠᠯ ᠤᠨ ᠬᠠᠷᠢᠯᠴᠠᠭ᠎ᠠ ᠡᠬᠦᠰᠴᠤ ᠬᠦᠭᠵᠢᠬᠦ ᠶᠢᠨ ᠬᠢᠷᠢ ᠪᠠᠷ ᠡᠷᠥᠭᠡ ᠭᠡᠷ ᠤᠨ ᠲᠠᠤᠭᠡ ᠪᠤᠯᠤᠨ ᠬᠤᠪᠢᠷᠠᠭᠰᠠᠨ ᠪᠠᠶᠢᠨ᠎ᠠ᠃ ᠡᠨᠡ ᠨᠢ ᠹᠸᠤᠳᠠᠯ ᠤᠨ ᠨᠠᠶᠢᠭᠡᠮ ᠤᠨ | ᠬᠦᠡᠵᠡᠭᠡᠶᠢᠷᠡᠨ ᠬᠦᠭᠵᠢᠬᠦ ᠶᠠᠪᠤᠴᠠ ᠳᠤ ᠨᠠᠶᠢᠭᠡᠮ ᠤᠨ ᠠᠮᠢᠳᠤᠷᠠᠯ ᠳᠤ ᠭᠡᠷ ᠤᠨ ᠲᠡᠤᠭᠡ ᠶᠢᠨ ᠬᠦᠢᠴᠡᠳᠭᠡᠬᠦ ᠡᠬᠦᠷᠭᠡ ᠶᠡᠭᠡᠳᠡ ᠦᠰᠴᠤ᠂ ᠰᠤᠷᠪᠤᠯᠵᠢᠳᠤ ᠡᠷᠥᠭᠡ | ᠪᠥᠷᠢ ᠶᠢᠨ ᠵᠠᠶᠢᠯᠠᠰᠢ ᠦᠭᠡᠢ ᠬᠦᠳᠥᠯᠬᠦ ᠠᠯᠪᠡᠨ ᠪᠠᠷᠢᠮᠳᠠ ᠪᠤᠯᠵᠠᠢ᠃ | ᠮᠡᠨ ᠤ ᠡᠷᠢᠨ ᠤ 8 ᠳ᠋ᠤᠭᠠᠷ ᠵᠠᠭᠤᠨ ᠤ ᠦᠶ᠎ᠠ ᠳᠤ ᠮᠤᠩᠭᠤᠯᠴᠤᠳ ᠤᠪᠤᠭ ᠨᠠᠶᠢᠳᠠ ᠶᠢᠨ ᠪᠤᠯᠤᠨ ᠰᠤᠷᠪᠤᠯᠵᠢᠳᠤ ᠡᠷᠥᠭᠡ ᠠᠶᠢᠯ ᠤᠨ ᠡᠷᠡᠴᠤᠳ ᠤᠨ ᠦᠶ᠎ᠠ | ᠵᠠᠯᠭᠠᠮᠵᠢ ᠶᠢ ᠵᠢᠷᠤᠭᠯᠠᠭᠰᠠᠨ ᠲᠠᠤᠭᠡ ᠲᠠᠮᠳᠡᠭᠯᠡᠯ ᠬᠦᠳᠥᠯᠳᠡᠭ ᠪᠠᠶᠢᠭᠰᠠᠨ ᠢ 1240 ᠤᠨ ᠳᠤ ᠵᠤᠬᠢᠶᠠᠭᠳᠠᠭᠰᠠᠨ ︽ᠮᠤᠩᠭᠤᠯ ᠤᠨ ᠨᠢᠭᠤᠴᠠ ᠲᠤᠪᠴᠢᠶᠡᠨ︾ | ᠭᠡᠷᠡᠴᠢᠯᠡᠵᠤ ᠪᠠᠶᠢᠨ᠎ᠠ᠃ | ︽ᠮᠤᠩᠭᠤᠯ ᠤᠨ ᠨᠢᠭᠤᠴᠠ ᠲᠤᠪᠴᠢᠶᠡᠨ︾ ᠪᠤᠯ ᠮᠠᠰᠢ ᠤᠯᠠᠨ ᠤᠪᠤᠭ ᠤᠨ ᠭᠠᠷᠤᠯ ᠡᠬᠦᠰᠥᠯ ᠲᠠᠬᠦᠨ ᠤ ᠲᠡᠤᠭᠡ ᠶᠢ ᠲᠤᠪᠴᠢᠶᠠᠯᠠᠨ ᠪᠢᠴᠢᠭᠰᠡᠨ ᠰᠥᠮᠪᠤᠷ | ᠤᠷᠬᠢᠯ ᠪᠢᠯᠡ᠃ ᠭᠡᠷ ᠤᠨ ᠲᠠᠤᠭᠡ ᠶᠢ ᠬᠦᠳᠥᠯᠵᠤ ᠢᠷᠡᠭᠰᠡᠨ ᠪᠢᠴᠢᠭ ᠤᠨ ᠤᠯᠠᠮᠵᠢᠯᠠᠯ ᠶᠠᠷᠥᠩᠭᠡᠢ ᠳᠡᠭᠡᠨ ᠭᠤᠷᠪᠡᠨ ᠶᠠᠩᠵᠤ ᠶᠢᠨ ᠪᠠᠶᠢᠨ᠎ᠠ᠃ ᠡᠬᠦᠨ ᠳᠤ᠄ | | 1. ᠲᠡᠭᠡᠷ᠎ᠠ ᠠᠴᠠ ᠲᠤᠷᠤᠭᠰᠢ ᠴᠤᠪᠤᠭᠤᠯᠤᠨ ᠰᠠᠯᠪᠤᠷᠢᠯᠠᠭᠤᠯᠵᠤ ᠪᠢᠴᠢᠬᠦ᠃ | 2. ᠮᠤᠳᠤᠨ ᠤ ᠴᠠᠭᠠᠷᠢᠭ ᠮᠡᠳᠤ ᠲᠤᠭᠤᠷᠢᠭ ᠲᠠᠳᠠᠨ ᠬᠦᠳᠥᠯᠬᠦ᠃ | 3. ᠮᠤᠳᠤᠨ ᠤ ᠮᠥᠴᠢᠷ ᠮᠡᠳᠤ ᠰᠠᠯᠪᠤᠷᠢᠯᠠᠭᠤᠯᠤᠨ ᠵᠢᠷᠤᠵᠤ ᠪᠢᠴᠢᠬᠦ ᠵᠠᠷᠭᠡ ᠭᠤᠷᠪᠡᠨ ᠭᠡᠯᠪᠡᠷᠢ ᠪᠠᠶᠢᠨ᠎ᠠ᠃ | ᠡᠬᠦᠨ ᠠᠴᠠ ᠪᠠᠷᠭᠤ᠂ ᠪᠤᠷᠢᠶᠠᠳ ᠮᠤᠩᠭᠤᠯᠴᠤᠳ ᠤᠭ ᠤᠨ ᠪᠢᠴᠢᠭ ᠢᠶᠠᠨ ᠤᠯᠠᠮᠵᠢᠯᠠᠨ ᠢᠷᠡᠭᠰᠡᠨ ᠭᠤᠷᠪᠠᠳᠠᠬᠢ ᠬᠤᠪᠢᠯᠪᠤᠷᠢ ᠪᠠᠷ ᠶᠠᠭᠡᠪᠴᠢᠯᠡᠨ ᠬᠦᠳᠥᠯᠵᠤ | ᠪᠠᠶᠢᠵᠠᠢ᠃ | ᠤᠭ ᠤᠨ ᠪᠢᠴᠢᠭ ᠡᠷᠳᠡᠨ ᠠᠴᠠ ᠬᠦᠳᠥᠯᠵᠤ ᠢᠷᠡᠭᠰᠡᠨ ᠡᠨᠡ ᠬᠦ ᠤᠯᠠᠮᠵᠢᠯᠠᠯ ᠮᠡᠨ ᠤ ᠬᠢᠨ ᠳᠤ ᠨᠢᠭᠡᠨ ᠦᠶ᠎ᠠ ᠪᠥᠷᠬᠦᠭᠳᠡᠨ ᠲᠠᠰᠤᠷᠠᠭᠰᠠᠨ ᠪᠤᠯᠪᠠᠴᠤ | ᠲᠠᠬᠦᠨ ᠤ ᠲᠠᠪᠳᠠᠭᠳᠠᠰᠢ ᠦᠭᠡᠢ ᠦᠨ᠎ᠠ ᠴᠠᠨ᠎ᠠ᠂ ᠤᠷᠤᠭ ᠲᠥᠷᠤᠯ ᠪᠤᠯᠠᠩᠬᠢᠷᠳᠤᠬᠤ ᠦᠭᠡᠢ ᠴᠡᠪᠡᠷ ᠪᠠᠶᠢᠬᠤ ᠠᠴᠢ ᠬᠤᠯᠪᠤᠭᠳᠠᠯ ᠢ ᠤᠬᠠᠪᠤᠷᠢᠯᠠᠭᠰᠠᠨ ᠤ | ᠦᠡᠳᠤᠰᠤᠨ ᠲᠡᠭᠡᠷ᠎ᠠ ᠲᠥᠷᠤ ᠠᠴᠠ ᠠᠬᠢᠨ ᠰᠡᠷᠬᠦᠭᠡᠬᠦ ᠠᠷᠭ᠎ᠠ ᠭᠡᠮᠵᠢᠶ᠎ᠠ ᠶᠢ ᠬᠤᠵᠢᠭᠤ ᠴᠤ ᠭᠡᠰᠡᠨ ᠠᠪᠤᠭᠰᠠᠨ᠃ | ᠲᠤᠬᠠᠢᠢᠯᠠᠪᠡᠯ᠄ ᠤᠭ ᠤᠨ ᠪᠢᠴᠢᠭ ᠢ ᠰᠡᠷᠬᠦᠭᠡᠨ ᠬᠦᠳᠥᠯᠬᠦ ᠲᠤᠬᠠᠢ 1996 ᠤᠨ ᠳᠤ ᠪᠠᠳᠤᠯᠠᠭᠳᠠᠭᠰᠠᠨ ᠮᠤᠩᠭᠤᠯ ᠤᠯᠤᠰ ᠤᠨ ᠰᠤᠶᠤᠯ ᠤᠨ ᠲᠤᠬᠠᠢ | ᠬᠠᠤᠯᠢ ᠶᠢᠨ 2 ᠳ᠋ᠤᠭᠠᠷ ᠪᠥᠯᠦᠭ ᠤᠨ 5 ᠳ᠋ᠤᠭᠠᠷ ᠵᠦᠢᠯ ᠳᠤ ︽ᠭᠡᠷ ᠪᠦᠯᠢ ᠶᠢᠨ ᠰᠤᠶᠤᠯ ᠬᠦᠮᠤᠵᠢᠯ ᠤᠨ ᠤᠯᠠᠮᠵᠢᠯᠠᠯ ᠢ ᠲᠡᠭᠡᠳᠥᠯᠡᠨ ᠬᠦᠭᠵᠢᠬᠦᠯᠵᠤ ᠤᠳᠠᠭᠠᠬᠢ | ᠤᠭᠰᠠᠭ᠎ᠠ ᠮᠡᠳᠡᠬᠦ᠂ ᠤᠭ ᠤᠨ ᠪᠢᠴᠢᠭ ᠬᠦᠳᠥᠯᠬᠦ︾ ᠭᠡᠵᠤ ᠵᠢᠭᠠᠭᠰᠠᠨ ᠪᠤᠢ᠃ ᠡᠬᠦᠨ ᠲᠠᠢ ᠬᠤᠯᠪᠤᠭᠳᠠᠵᠤ ᠮᠤᠩᠭᠤᠯ ᠤᠯᠤᠰ ᠤᠨ ᠶᠡᠭᠡ ᠬᠤᠷᠠᠯ ᠤᠨ 1996 | ᠤᠨ ᠤ 22 ᠳ᠋ᠤᠭᠠᠷ ᠲᠤᠭᠳᠠᠭᠠᠯ ᠳᠤ ᠮᠤᠩᠭᠤᠯ ᠤᠯᠤᠰ ᠤᠨ ᠶᠠᠷᠥᠩᠭᠡᠶᠢᠯᠡᠭᠴᠢ ᠶᠢᠨ 1991 ᠤᠨ ᠤ 115 ᠳ᠋ᠤᠭᠠᠷ ᠵᠠᠷᠯᠢᠭ᠂ ᠮᠤᠩᠭᠤᠯ ᠤᠯᠤᠰ ᠤᠨ | ᠵᠠᠰᠠᠭ ᠤᠨ ᠭᠠᠵᠠᠷ ᠤᠨ 1997 ᠤᠨ ᠤ 17 ᠳ᠋ᠤᠭᠠᠷ ᠲᠤᠭᠳᠠᠭᠠᠯ ᠤᠳ ᠲᠤᠰ ᠲᠤᠰ ᠭᠠᠷᠴᠠᠢ᠃ ᠡᠬᠦᠨ ᠠᠴᠠ ᠬᠤᠶᠢᠰᠢ ᠤᠭ ᠤᠨ ᠪᠢᠴᠢᠭ ᠢ ᠠᠷᠠᠳ ᠢᠷᠭᠡᠳ | ᠬᠦᠳᠥᠯᠵᠤ ᠤᠪᠤᠭ ᠤᠷᠤᠭ ᠤᠨ ᠲᠠᠨᠢᠯᠴᠠᠬᠤ ᠴᠤᠭᠯᠠᠷᠠᠯᠳᠠ᠂ ᠨᠠᠭᠠᠳᠤᠮ ᠵᠤᠬᠢᠶᠠᠨ ᠪᠠᠶᠢᠭᠤᠯᠤᠭᠳᠠᠬᠤ ᠪᠤᠯᠤᠭᠰᠠᠨ᠃ | ᠤᠪᠤᠭ ᠭᠡᠵᠤ ᠶᠠᠭᠤ ᠪᠤᠢ︖ | ᠤᠭ ᠤᠨ ᠪᠢᠴᠢᠭ ᠤᠨ ᠦᠡᠳᠤᠰᠤ ᠪᠤᠯᠤᠭᠰᠠᠨ ᠤᠪᠤᠭ᠂ ᠲᠠᠬᠦᠨ ᠤ ᠲᠤᠬᠠᠢ ᠲᠤᠷᠠᠳᠪᠡᠯ ᠰᠤᠳᠤᠯᠤᠭᠠᠴᠢᠳ ᠤᠪᠤᠭ ᠭᠡᠳᠡᠭ ᠢ ︽ᠨᠢᠭᠡᠨ ᠡᠪᠦᠭᠡ | ᠲᠡᠭᠡᠳᠤᠰ ᠠᠴᠠ ᠭᠠᠷᠤᠯᠳᠠᠢ ᠶᠠᠰᠤᠨ ᠲᠥᠷᠤᠯ ᠤᠨ ᠬᠤᠯᠪᠤᠭ᠎ᠠ ᠪᠥᠬᠦᠢ ᠪᠦᠯᠦᠭ ᠬᠦᠮᠤᠰ ᠤᠨ ᠲᠤᠮᠳᠠ ᠦᠶ᠎ᠠ ᠤᠯᠠᠮᠵᠢᠯᠠᠨ ᠭᠡᠷᠡᠭᠯᠡᠳᠡᠭ ᠨᠠᠷᠠᠯᠠᠯ ᠪᠤᠯᠤᠨ᠎ᠠ᠃ ᠡᠨᠡ | ᠬᠦ ᠤᠯᠠᠮᠵᠢᠯᠠᠯ ᠬᠦᠮᠤᠨ ᠤ ᠨᠠᠶᠢᠭᠡᠮ ᠳᠤ ᠡᠴᠢᠭᠡ ᠶᠢᠨ ᠡᠷᠭᠡᠳᠤ ᠶᠤᠰᠤ ᠨᠤᠶᠠᠷᠬᠠᠬᠤ ᠠᠴᠠ ᠡᠮᠤᠨ᠎ᠠ᠂ ᠡᠭᠡ ᠶᠢᠨ ᠡᠷᠭᠡᠳᠤ ᠶᠤᠰᠤᠨ ᠤ ᠦᠶ᠎ᠠ ᠠᠴᠠ ᠤᠯᠪᠠᠭᠠᠳᠠᠢ | ᠪᠥᠭᠡᠳ ᠲᠠᠬᠦᠨ ᠢ ︿ᠤᠮᠤᠭ﹀ ᠭᠡᠰᠡᠨ ᠤᠬᠠᠭᠳᠠᠬᠤᠨ ᠳᠤ ᠬᠠᠮᠤᠷᠤᠭᠤᠯᠵᠤ ᠪᠠᠶᠢᠵᠠᠢ︾ ᠭᠡᠰᠡᠨ ᠪᠠᠶᠢᠳᠠᠭ᠃ | 12 — 13 ᠳ᠋ᠤᠭᠠᠷ ᠵᠠᠭᠤᠨ ᠤ ᠦᠶ᠎ᠠ ᠶᠢᠨ ᠮᠤᠩᠭᠤᠯ᠂ ᠲᠥᠷᠺ ᠤᠭᠰᠠᠭᠠᠳᠠᠨ ᠨᠢ ᠤᠪᠤᠭ ︵ ᠠᠶᠢᠮᠠᠭ︶ ᠤᠨ ᠵᠤᠬᠢᠶᠠᠨ ᠪᠠᠶᠢᠭᠤᠯᠤᠯᠳᠠ ᠪᠠᠷ | ᠠᠮᠢᠳᠤᠷᠠᠨ ᠰᠠᠭᠤᠳᠠᠭ ᠨᠠᠶᠢᠭᠡᠮ ᠤᠨ ᠵᠤᠬᠢᠶᠠᠨ ᠪᠠᠶᠢᠭᠤᠯᠤᠯᠳᠠ ᠳᠤ ᠰᠢᠯᠵᠢᠭᠰᠡᠨ ᠪᠠᠶᠢᠨ᠎ᠠ ︵ᠦᠭᠡᠷ᠎ᠠ ᠪᠠᠷ ᠭᠡᠯᠡᠪᠡᠯ ᠲᠤᠬᠠᠢ ᠶᠢᠨ ᠦᠶ᠎ᠠ ᠶᠢᠨ ᠵᠠᠰᠠᠭ ᠵᠠᠬᠢᠷᠭᠠᠨ ᠤ | ᠵᠤᠬᠢᠶᠠᠨ ᠪᠠᠶᠢᠭᠤᠯᠤᠯᠳᠠ︶᠃ | ᠲᠡᠷᠡ ᠦᠶ᠎ᠠ ᠳᠤ ᠤᠳᠤ ᠶᠢᠨ ᠠᠶᠢᠮᠠᠭ ᠭᠡᠮᠡᠬᠦ ᠶᠢ ︽ᠤᠪᠤᠭ︾ ᠭᠡᠵᠤ ᠨᠠᠷᠠᠯᠡᠳᠡᠭ ᠪᠠᠶᠢᠭᠰᠠᠨ ᠪᠡ ᠡᠨᠡ ᠲᠤᠬᠠᠢ ᠬ᠊ · ᠫᠧᠷᠯᠠᠢ ᠠᠪᠤᠭᠠᠢ ᠲᠠᠮᠳᠡᠭᠯᠡᠬᠦ ᠳᠡᠭᠡᠨ᠄ | ᠲᠡᠷᠡ ︽ᠤᠪᠤᠭ︾ ᠭᠡᠳᠡᠭ ᠨᠢ ᠪᠢᠳᠡᠨ ᠤ ᠭᠡᠷᠡᠭᠯᠡᠭᠰᠡᠭᠡᠷ ᠵᠠᠩᠰᠢᠬᠰᠠᠨ ︽ᠠᠶᠢᠮᠠᠭ︾ ᠲᠠᠢ ᠤᠳᠬ᠎ᠠ ᠲᠠᠭᠠᠷᠠᠵᠤ ᠪᠠᠶᠢᠨ᠎ᠠ ᠭᠡᠵᠠᠢ᠃ ᠲᠡᠭᠡᠬᠦᠯᠠᠷ ᠲᠠᠤᠭᠡᠨ | ᠬᠤᠭᠤᠴᠠᠭᠠᠨ ᠳᠤ ᠤᠪᠤᠭ᠂ ᠠᠶᠢᠮᠠᠭ᠂ ᠤᠮᠤᠭ᠂ ᠡᠯᠬᠢᠨ᠂ ᠬᠠᠯᠠᠭ᠎ᠠ᠂ ᠬᠦᠬᠦᠤᠷ ᠭᠡᠬᠦ ᠮᠡᠳᠤ ᠪᠠᠷ ᠮᠤᠩᠭᠤᠯ ᠤᠭᠰᠠᠭᠠᠳᠠᠨ ᠨᠤᠭᠤᠳ ᠲᠤᠤᠷ᠎ᠠ ᠪᠥᠷᠢ ᠳᠡᠭᠡᠨ | ᠨᠠᠷᠠᠯᠠᠨ ᠢᠷᠠᠵᠠᠢ᠃ | ᠡᠨᠡ ᠬᠦ ᠤᠪᠤᠭ ᠭᠡᠳᠡᠭ ᠨᠢ ᠮᠤᠩᠭᠤᠯ ᠤᠭᠰᠠᠭᠠᠳᠠᠨ ᠪᠥᠷᠢᠯᠳᠤᠨ ᠲᠤᠭᠳᠠᠨᠢᠬᠤ ᠳᠤ ᠤᠡᠴᠠᠭᠠᠢ ᠡᠬᠦᠷᠭᠡ ᠬᠦᠢᠴᠡᠳᠭᠡᠵᠠᠢ ᠭᠡᠮᠡᠨ ᠦᠵᠡᠵᠤ ᠪᠤᠯᠬᠤ ᠪᠠᠷ | ᠪᠠᠶᠢᠨ᠎ᠠ᠃ ᠲᠤᠬᠠᠢᠢᠯᠠᠪᠡᠯ ᠪᠥᠷᠳᠡ ᠴᠢᠨ᠋᠊ ᠤᠠ᠋ ᠠᠴᠠ ᠡᠬᠢ ᠲᠠᠢ ᠪᠤᠷᠵᠢᠬᠢᠨ ᠤᠪᠤᠭ ᠤᠨ ᠬᠢᠨ ᠲᠤᠬᠠᠢ ᠶᠢᠨ ᠦᠶ᠎ᠠ ᠶᠢᠨ ᠤᠪᠤᠭ ᠤᠳ ᠲᠤᠳᠤᠷ᠎ᠠ ᠠᠴᠠ ᠲᠤᠳᠤᠷᠠᠵᠤ | ᠬᠠᠮᠤᠭ ᠮᠤᠩᠭᠤᠯ ᠠᠴᠠ ᠠᠪᠬᠠᠭᠤᠯᠤᠭᠠᠳ ᠶᠡᠭᠡ ᠮᠤᠩᠭᠤᠯ ᠬᠥᠷᠥᠨ ᠢ ᠪᠠᠶᠢᠭᠤᠯᠬᠤ ᠳᠤ ᠢᠮᠠᠭᠳᠠ ᠤᠷᠦ᠋ᠢᠯᠠᠨ ᠲᠠᠷᠢᠬᠦᠯᠡᠵᠤ ᠢᠷᠡᠭᠰᠡᠨ ᠢ ᠲᠡᠤᠭᠡ ᠭᠡᠷᠡᠴᠢᠯᠡᠵᠤ | ᠪᠠᠶᠢᠨ᠎ᠠ᠃ | ᠡᠨᠡ ᠤᠳᠬ᠎ᠠ ᠪᠠᠷ ᠢᠶᠠᠨ ᠲᠤᠬᠠᠢ ᠶᠢᠨ ᠤᠪᠤᠭ ᠨᠢ ᠦᠪᠡᠷ ᠤᠨ ᠨᠠᠷᠠ ᠬᠦᠡᠳᠤ᠂ ᠲᠠᠷᠢᠬᠦᠯᠡᠬᠦ ᠴᠢᠳᠠᠪᠤᠷᠢ ᠪᠠᠨ ᠬᠠᠳᠠᠭᠠᠯᠠᠵᠤ ᠪᠠᠶᠢᠬᠤ ᠶᠢᠨ ᠲᠦᠯᠦᠭᠡ | ᠴᠢᠷᠮᠠᠶᠢᠵᠤ ᠢᠷᠡᠭᠰᠡᠨ ᠪᠠᠷᠭᠤ — ᠪᠤᠷᠢᠶᠠᠳ ᠠᠴᠠ ᠭᠠᠷᠤᠯᠳᠠᠢ ᠠᠯᠤᠨ ᠭᠤ ᠤᠠ᠋ ᠡᠭᠡ ᠶᠢᠨ ᠲᠤᠮᠤᠭ ᠪᠠᠳᠤᠯᠠᠳᠠᠭ᠃ ᠲᠤᠮᠤᠭ ᠲᠤ ᠲᠤᠷᠠᠳᠤᠭᠰᠠᠨ ᠢᠶᠠᠷ ᠲᠡᠭᠡᠳᠤ | ᠲᠡᠭᠷᠢ ᠠᠴᠠ ᠵᠠᠶᠠᠭᠠᠳᠤ ᠲᠥᠷᠥᠭᠰᠡᠨ ᠪᠥᠷᠳᠡ ᠴᠢᠨ᠋᠊ ᠤᠠ᠋ ᠶᠢᠨ ᠤᠳᠤᠮ ᠲᠡᠭᠷᠢ ᠶᠢᠨ ᠬᠦᠪᠡᠬᠦᠳ ᠲᠠ ᠨᠠᠷ ᠡᠶ᠎ᠡ ᠡᠪ ᠲᠠᠢ ᠪᠠᠶᠢᠭ ᠭᠡᠮᠡᠨ ᠲᠠᠪᠤᠨ ᠰᠤᠮᠤ ᠶᠢᠨ | ᠰᠤᠷᠭᠠᠯ ᠢᠶᠠᠨ ᠠᠶᠢᠯᠠᠳᠤᠭᠰᠠᠨ ᠢᠶᠠᠷ ᠢᠶᠠᠨ ᠤᠪᠤᠭ ᠤᠨ ᠢᠶᠠᠨ ᠨᠠᠷᠠ ᠬᠦᠡᠳᠤ᠂ ᠪᠠᠳᠤ ᠨᠢᠭᠡᠳᠤᠯ ᠢ ᠬᠠᠮᠠᠭᠠᠯᠠᠵᠤ᠂ ᠦᠶ᠎ᠠ ᠶᠢᠨ ᠦᠶ᠎ᠠ ᠳᠡᠭᠡᠨ ᠤᠯᠠᠮᠵᠢᠯᠠᠭᠤᠯᠵᠤ | ᠢᠷᠡᠭᠰᠡᠨ ᠨᠢ ᠡᠳᠥᠭᠡ ᠴᠤ ᠲᠠᠤᠭᠡᠨ ᠠᠴᠢ ᠬᠤᠯᠪᠤᠭᠳᠠᠯ᠂ ᠦᠨ᠎ᠠ ᠴᠠᠨ᠎ᠠ ᠪᠠᠨ ᠠᠯᠳᠠᠭ᠎ᠠ ᠦᠭᠡᠢ ᠪᠠᠶᠢᠨ᠎ᠠ᠃ | ︽ᠪᠠᠷᠭᠤ ᠤᠪᠤᠭ ᠶᠠᠰᠤᠳᠡᠨ ᠤ ᠭᠠᠷᠤᠯ ᠡᠬᠦᠰᠥᠯ ᠤᠨ ᠲᠤᠬᠠᠢ᠂ ᠪᠠᠷᠭᠤᠴᠤᠳ ᠤᠨ ᠲᠤᠬᠠᠢ ᠡᠷᠳᠡᠨ ᠤ ᠭᠷᠸᠢᠡᠡ ᠤᠨ ᠲᠡᠤᠭᠡ᠂ ᠷᠤᠮᠠ ᠶᠢᠨ ᠲᠠᠤᠭᠡ᠂ | ᠭᠧᠷᠤᠳᠢᠲ ᠤᠨ ᠲᠠᠤᠭᠡ᠂ ᠭᠤᠶᠢᠮᠧᠷ ᠤᠨ ᠲᠤᠤᠯᠢᠰ᠂ ᠭᠢᠷᠬᠢᠰ ᠤᠨ ᠮᠠᠨᠠᠰ ᠭᠡᠮᠡᠬᠦ ᠠᠯᠳᠠᠷᠳᠤ ᠲᠤᠤᠯᠢ ᠠᠴᠠ ᠭᠠᠳᠠᠨ᠎ᠠ ᠸᠧᠢ ︵ᠨᠠᠶᠢᠳᠠ ᠶᠢᠨ ᠤᠨ ᠲᠤᠭᠠᠯᠠᠯ ᠠᠴᠠ | ᠡᠮᠤᠨ᠎ᠠ 220 — 265 ᠤᠨ︶᠂ ᠰᠥᠢ ︵ᠨᠠᠶᠢᠳᠠ ᠶᠢᠨ ᠤᠨ ᠲᠤᠭᠠᠯᠠᠯ ᠤᠨ 589 — 618︶᠂ ᠲᠠᠩ ︵ᠨᠠᠶᠢᠳᠠ ᠶᠢᠨ ᠤᠨ ᠲᠤᠭᠠᠯᠠᠯ ᠤᠨ | 618 — 907 ᠤᠨ︶ ᠤᠯᠤᠰ ᠵᠠᠷᠭᠡ ᠭᠠᠳᠠᠭᠠᠳᠤ ᠲᠤᠳᠤᠭᠠᠳᠤ ᠶᠢᠨ ᠰᠤᠷᠪᠤᠯᠵᠢ ᠲᠠᠤᠭᠡᠨ ᠳᠤ ᠲᠠᠮᠳᠡᠭᠯᠡᠭᠳᠡᠵᠤ᠂ ᠲᠠᠬᠦᠨ ᠤ ᠲᠡᠤᠭᠡᠨ ᠤᠯᠠ ᠮᠦᠷ ᠠᠽᠢᠶ᠎ᠠ | ᠂ ᠡᠸᠦ᠋ᠷᠥᠫᠠ ᠶᠢᠨ ᠬᠤᠶᠠᠷ ᠲᠢᠪ ᠢ ᠰᠤᠡᠳᠠᠯᠠᠵᠠᠢ︾ ᠭᠡᠮᠡᠨ ᠦᠪᠤᠷᠯᠡᠭᠴᠢ ᠮᠢᠩᠭᠠᠳ ᠱ᠊ · ᠲᠥᠡᠭᠰᠢᠭ ᠪᠥᠳᠥᠭᠡᠯ ᠳᠡᠭᠡᠨ ᠲᠤᠷᠠᠳᠤᠭᠰᠠᠨ ᠪᠠᠶᠢᠳᠠᠭ᠃ ᠲᠡᠷᠡ ᠪᠠᠷ | ︽ᠪᠠᠷᠭᠤᠳ ᠤᠨ ᠡᠷᠳᠡᠨ ᠤ ᠪᠢᠴᠢᠯᠭᠡ ᠲᠠᠭᠤᠳᠠᠯᠭ᠎ᠠ ᠨᠢ ᠪᠠᠷᠢᠭ ᠪᠤᠶᠤ ᠪᠠᠷᠥᠭ᠃ ᠪᠠᠷᠢᠭ ᠪᠤᠯ ᠮᠡᠨ ᠤ ᠡᠷᠢᠨ ᠠᠴᠠ ᠡᠮᠤᠨ᠎ᠠ 14 ᠳ᠋ᠤᠭᠡᠷ ᠵᠠᠭᠤᠨ ᠠᠴᠠ ᠡᠮᠤᠨ᠎ᠠ | ᠪᠠᠷᠠᠭᠤᠨ ᠠᠽᠢᠶ᠎ᠠ ᠶᠢᠨ ᠰᠠᠭᠠᠷᠢ ᠭᠤᠤᠯ ᠤᠨ ᠰᠠᠪᠡ ᠤᠷᠤᠨ ᠳᠤ ᠲᠥᠷᠤ ᠪᠠᠶᠢᠭᠤᠯᠤᠭᠰᠠᠨ ᠪᠠᠷᠢᠭ ᠮᠦᠨ᠃ ᠲᠡᠳᠡᠨ ᠤ ᠤᠤᠭᠠᠯ ᠨᠤᠳᠤᠭ ᠨᠢ ᠶᠧᠹᠷᠠᠲ ᠮᠥᠷᠡᠨ ᠤ | ᠲᠡᠭᠡᠳᠤ ᠰᠠᠯᠪᠤᠷᠢ ᠤᠷᠤᠰᠬᠠᠯ ᠬᠠᠪᠠᠢ ᠭᠤᠤᠯ ᠤᠨ ᠰᠠᠪᠠ ᠤᠷᠤᠨ ᠭᠡᠵᠤ ᠡᠷᠳᠡᠮᠳᠡᠨ ᠮᠥᠷᠳᠡᠨ ᠰᠤᠳᠤᠯᠵᠤ ᠲᠤᠳᠤᠷᠬᠠᠢᠢᠯᠠᠪᠡ︾ ᠭᠡᠵᠠᠢ᠃ ᠮᠦᠨ ᠲᠠᠤᠭᠡ | ᠰᠤᠷᠪᠤᠯᠵᠢ ᠨᠤᠭᠤᠳ ᠲᠤ ᠪᠢᠴᠢᠭᠰᠡᠨ ᠢᠶᠠᠷ ᠪᠤᠯ ᠪᠠᠷᠭᠤᠳ ᠤᠨ ᠡᠯᠤᠡᠴᠠ ᠦᠶ᠎ᠠ ᠨᠠᠶᠢᠳᠠ ᠶᠢᠨ ᠤᠨ ᠲᠤᠭᠠᠯᠠᠯ ᠠᠴᠠ ᠡᠮᠤᠨ᠎ᠠ 3 ᠳ᠋ᠤᠭᠠᠷ ᠵᠠᠭᠤᠨ ᠳᠤ | ᠮᠤᠩᠭᠤᠯᠴᠤᠳ ᠤᠨ ᠬᠤᠯᠪᠤᠭ᠎ᠠ ᠪᠤᠶᠤ ᠲᠠᠬᠦᠨ ᠤ ᠤᠮᠠᠷᠠᠳᠤ ᠰᠠᠯᠪᠤᠷᠢ ᠪᠤᠯᠬᠤ ᠿᠸᠤ ᠿᠠᠨ ᠤ ᠬᠠᠷᠢᠶᠠᠨ ᠳᠤ ᠪᠠᠭᠳᠠᠵᠤ ᠪᠠᠶᠢᠭᠠᠳ᠂ ᠤᠭ ᠬᠤᠯᠪᠤᠭ᠎ᠠ ᠵᠠᠳᠠᠷᠠᠨ | ᠰᠠᠷᠨᠢᠬᠤ ᠳᠤ ᠡᠳᠡᠨ ᠢ ᠨᠠᠶᠢᠳᠠ ᠶᠢᠨ ᠲᠤᠭᠠᠯᠠᠯ ᠤᠨ 4 ᠳ᠋ᠤᠭᠡᠷ ᠵᠠᠭᠤᠨ ᠬᠦᠷᠳᠡᠯ᠎ᠠ ᠭᠡᠳᠤᠨ ᠵᠠᠭᠤᠨ ᠵᠢᠯ ᠤᠨ ᠤᠷᠳᠤ ᠬᠤᠭᠤᠴᠠᠭᠠᠨ ᠳᠤ ᠾᠥᠡᠭᠨᠤ ᠬᠥᠷᠤᠨ ︵ | ᠨᠠᠶᠢᠳᠠ ᠶᠢᠨ ᠤᠨ ᠲᠤᠭᠠᠯᠠᠯ ᠠᠴᠠ ᠡᠮᠤᠨ᠎ᠠ 209 — ᠨᠠᠶᠢᠳᠠ ᠶᠢᠨ ᠤᠨ ᠲᠤᠭᠠᠯᠠᠯ ᠤᠨ 91 ᠤᠨ︶ ᠬᠢᠭᠡᠳ ᠰᠢᠶᠠᠡᠪᠢ ︵ᠨᠠᠶᠢᠳᠠ ᠶᠢᠨ ᠤᠨ | ᠲᠤᠭᠠᠯᠠᠯ ᠤᠨ 150 — 235 ᠤᠨ︶ ᠬᠦᠷᠥᠨ ᠳᠤ ᠬᠦᠴᠤ ᠪᠠᠨ ᠡᠷᠬᠦᠵᠤ ᠶᠠᠪᠤᠭᠰᠠᠨ ᠪᠥᠭᠡᠳ ᠲᠥᠷᠺ ᠤᠭᠰᠠᠭᠠᠳᠠᠨ ᠲᠧᠯᠧ ᠤᠨ ᠰᠠᠯᠪᠤᠷᠢ ᠯᠤᠭ᠎ᠠ | ᠬᠤᠯᠢᠯᠳᠤᠨ ᠢᠵᠢᠯᠢᠰᠢᠵᠤ ᠢᠷᠠᠵᠠᠢ ᠭᠡᠳᠡᠭ᠃ ᠡᠶᠢᠮᠤ ᠠᠴᠠ ︽ᠪᠠᠷᠭᠤᠴᠤᠳ ᠨᠢ ᠴᠤᠯ ᠲᠥᠷᠺ ᠭᠠᠷᠤᠯ ᠲᠠᠢ ᠪᠤᠶᠤ ᠴᠤᠯ ᠮᠤᠩᠭᠤᠯ ᠭᠠᠷᠤᠯ ᠲᠠᠢ ᠬᠦᠮᠤᠰ | ᠪᠢᠰᠢ ᠮᠠᠶ᠋ᠢᠭ ᠲᠠᠢ᠃ ᠬᠠᠷᠢᠨ ᠤᠷᠳᠤ ᠤᠳᠠᠭᠠᠨ ᠵᠢᠯ ᠤᠨ ᠬᠦᠭᠵᠢᠯ ᠤᠨ ᠶᠠᠪᠤᠴᠠ ᠳᠤ ᠲᠥᠷᠺ ᠬᠦᠮᠤᠰ ᠪᠤᠯᠤᠨ ᠮᠤᠩ ᠤᠭᠰᠠᠭᠠᠳᠠᠨ ᠬᠠᠷᠢᠯᠴᠠᠨ ᠢᠵᠢᠯᠢᠰᠢᠵᠤ | ᠨᠠᠶᠢᠯᠠᠵᠤ ᠪᠥᠷᠢᠯᠳᠥᠭᠰᠡᠨ ᠲᠥᠷᠺᠵᠢᠭᠰᠡᠨ ᠮᠤᠩᠭᠤᠯᠴᠤᠳ ᠪᠤᠯᠤᠨ᠎ᠠ᠃ ᠦᠭᠡᠷ᠎ᠠ ᠪᠠᠷ ᠭᠡᠯᠡᠪᠡᠯ ᠪᠠᠷᠭᠤᠴᠤᠳ ᠪᠤᠯ ᠲᠥᠷᠺᠵᠢᠭᠰᠡᠨ ᠮᠤᠩᠭᠤᠯ ᠬᠦᠮᠤᠨ︾ ᠭᠡᠵᠤ | ᠦᠪᠤᠷᠯᠡᠭᠴᠢ ᠱᠠᠭᠳᠠᠷ ᠤᠨ ᠰᠤᠩᠳᠤᠢ ᠪᠢᠴᠢᠭᠰᠡᠨ ᠪᠠᠶᠢᠳᠠᠭ᠃ | ᠶᠠᠮᠠᠷ ᠴᠤ ᠭᠡᠰᠡᠨ ︽ᠮᠤᠩᠭᠤᠯ ᠤᠨ ᠨᠢᠭᠤᠴᠠ ᠲᠤᠪᠴᠢᠶᠡᠨ︾ ᠤ 239 ᠳ᠋ᠤᠭᠡᠷ ᠵᠦᠢᠯ ᠳᠤ ᠲᠤᠷᠠᠳᠤᠭᠰᠠᠨ ᠢᠶᠠᠷ ︽ᠲᠡᠤᠯᠠᠢ ᠵᠢᠯ ︵1207︶ ᠵᠥᠴᠢ ᠶᠢ | ᠪᠠᠷᠠᠭᠤᠨ ᠭᠠᠷ ᠤᠨ ᠴᠡᠷᠢᠭ ᠤᠳ ᠢᠶᠠᠷ ᠤᠢ ᠶᠢᠨ ᠢᠷᠭᠡᠨ ᠳᠤ ᠮᠤᠷᠢᠯᠠᠭᠤᠯᠪᠡ ᠁ ᠵᠦᠴᠢ ᠤᠢᠢᠷᠠᠳ᠂ ᠪᠤᠷᠢᠶᠠᠳ᠂ ᠪᠠᠷᠭᠤᠳ᠂ ᠤᠷᠰᠤᠳ᠂ ᠬᠠᠪᠬᠠᠨᠠᠰ᠂ | ᠬᠠᠨᠭ᠍ᠬᠠᠯ᠂ ᠲᠤᠪᠡ ᠲᠡᠷᠢᠬᠦᠳᠡᠨ ᠢ ᠤᠷᠤᠭᠤᠯᠤᠭᠠᠳ ᠁︾ ᠭᠡᠰᠡᠨ ᠠᠴᠠ ᠬᠤᠶᠢᠰᠢ ᠶᠡᠭᠡ ᠮᠤᠩᠭᠤᠯ ᠤᠯᠤᠰ ᠤᠨ ᠭᠠᠵᠠᠷ ᠨᠤᠳᠤᠭ ᠠᠴᠠ ᠦᠢᠵᠤ ᠬᠠᠯᠢᠭᠠ | ᠦᠭᠡᠢ ᠤᠳᠤ ᠳᠤ ᠬᠦᠷᠳᠡᠯ᠎ᠠ ᠲᠤᠰ ᠲᠤᠰ ᠤᠨ ᠨᠤᠳᠤᠭ ᠲᠠᠭᠠᠨ ᠰᠠᠭᠤᠷᠢᠰᠢᠵᠤ ᠠᠵᠤ ᠲᠥᠷᠤᠵᠤ ᠪᠠᠶᠢᠭ᠎ᠠ ᠮᠤᠩᠭᠤᠯ ᠤᠭᠰᠠᠭᠠᠳᠠᠨ ᠵᠤᠨ ᠤᠯᠠᠨ ᠪᠢᠯᠡ᠃ | | ᠪᠠᠷᠭᠤ ᠭᠡᠮᠡᠬᠦ ᠨᠠᠷᠠ ᠶᠢᠨ ᠲᠤᠬᠠᠢ | ᠡᠨᠡ ᠨᠠᠷᠠ ᠶᠢᠨ ᠲᠤᠬᠠᠢ ᠰᠤᠳᠤᠯᠭ᠎ᠠ ᠨᠤᠭᠤᠳ ᠢ ᠲᠦᠢᠮᠤᠯᠠᠬᠤ ᠳᠤ᠄ | 1. ᠪᠠᠷᠭᠤ ᠭᠡᠮᠡᠬᠦ ᠬᠦᠮᠤᠨ ᠤ ᠨᠠᠷᠠ ᠠᠴᠠ ᠡᠬᠦᠰᠥᠯ ᠲᠠᠢ᠃ | 2. ᠪᠠᠷᠺᠥ᠋ ᠭᠡᠮᠡᠬᠦ ᠬᠦᠴᠤ ᠴᠢᠳᠠᠯ ᠲᠠᠢ ᠨᠢᠭᠡᠨ ᠲᠥᠷᠤᠯ ᠤᠨ ᠨᠤᠬᠠᠢ ᠶᠢᠨ ᠨᠠᠷᠠ ᠠᠴᠠ ᠡᠬᠦᠰᠥᠯ ᠲᠠᠢ᠃ | 3. ᠪᠠᠷᠭᠤᠵᠢᠨ ᠲᠥᠬᠦᠮ ᠭᠡᠳᠡᠭ ᠭᠠᠵᠠᠷ ᠤᠰᠤᠨ ᠤ ᠨᠠᠷᠠ ᠠᠴᠠ ᠡᠬᠦᠰᠥᠯ ᠲᠠᠢ᠃ | 4. ᠲᠥᠷᠺ ᠭᠡᠯᠡᠨ ᠤ ᠪᠠᠶᠧᠷᠭᠥ᠋ ᠭᠡᠳᠡᠭ ᠦᠭᠡ ᠠᠴᠠ ᠢᠷᠡᠯᠳᠡᠢ ᠭᠡᠬᠦ ᠮᠡᠳᠤ ᠪᠠᠷ ᠰᠤᠳᠤᠯᠤᠭᠠᠴᠢᠳ ᠦᠵᠡᠭᠰᠡᠨ ᠪᠠᠶᠢᠨ᠎ᠠ᠃ | ᠲᠡᠭᠡᠷᠡᠬᠢ ᠠᠴᠠ ᠪᠠᠷᠭᠤᠴᠤᠳ ᠨᠢ ᠪᠠᠷᠭᠤᠵᠢᠨ ᠲᠦᠬᠦᠮ ᠳᠤ 9 ᠳ᠋ᠤᠭᠡᠷ ᠵᠠᠭᠤᠨ ᠤ ᠦᠶ᠎ᠠ ᠳᠤ ᠨᠡᠬᠦᠳᠡᠯᠯᠡᠨ ᠢᠷᠡᠭᠰᠡᠨ ᠠᠴᠠ ᠬᠤᠯᠠ ᠡᠮᠤᠨ᠎ᠠ 3 ᠳ᠋ᠤᠭᠠᠷ | ᠵᠠᠭᠤᠨ ᠤ ᠲᠡᠤᠭᠡ ᠲᠠᠮᠳᠡᠭᠯᠡᠯ ᠳᠤ ᠪᠠᠷᠭᠤ ᠨᠠᠷᠠ ᠪᠠᠷ ᠲᠡᠮᠳᠡᠭᠯᠡᠭᠳᠡᠭᠰᠡᠨ ᠭᠡᠵᠤ ᠡᠷᠳᠡᠮᠳᠡᠳ ᠦᠵᠡᠭᠰᠡᠨ ᠪᠤᠢ᠃ ᠬᠠᠷᠢᠨ ᠪᠠᠷᠭᠤ ᠭᠡᠳᠡᠭ ᠪᠤᠳᠠᠳᠤ ᠬᠦᠮᠤᠨ ᠪᠥᠭᠡᠳ | ᠡᠷᠳᠡᠨ ᠤ ᠨᠢᠭᠡᠨ ᠠᠶᠢᠮᠠᠭ ᠤᠨ ᠲᠠᠷᠢᠬᠦᠨ ᠶᠠᠪᠤᠵᠠᠢ᠃ ᠲᠠᠷᠡ ᠠᠶᠢᠮᠠᠭ ᠲᠤᠳᠤᠷᠠᠬᠢ ᠤᠪᠤᠭ ᠶᠠᠰᠤᠳᠠᠨ ᠨᠤᠭᠤᠳ ︽ᠪᠢᠳᠠ ᠪᠠᠷᠭᠥ᠋ ᠶᠢᠨ ᠬᠠᠷᠢᠶᠠᠳᠤ ᠢᠷᠭᠡᠳ᠂ | ᠪᠠᠷᠭᠥ᠋ ᠬᠦᠮᠤᠰ ᠪᠤᠶᠤ ᠪᠠᠷᠭᠤᠴᠤᠳ ᠭᠡᠵᠡᠭᠡᠬᠦ ᠪᠤᠯᠤᠭᠰᠠᠨ ᠠᠴᠠ ᠡᠨᠡ ᠨᠢ ᠶᠠᠪᠤᠨ ᠶᠠᠪᠤᠭᠰᠠᠭᠠᠷ ᠪᠠᠷᠭᠤ ᠶᠠᠰᠤᠳᠡᠨ ᠤ ᠨᠢᠭᠡ ᠪᠤᠯᠵᠤ ᠬᠤᠪᠢᠷᠠᠵᠠᠢ︾ ᠭᠡᠰᠡᠨ | ᠳ᠋ᠥ᠋ᠩᠨᠡᠯᠳᠡ ᠶᠢ ᠰᠤᠳᠤᠯᠤᠭᠠᠴᠢᠳ ᠬᠢᠭᠰᠡᠨ ᠪᠠᠶᠢᠳᠠᠭ᠃ | ᠨᠦᠬᠦᠭᠡ ᠲᠠᠯ᠎ᠠ ᠪᠠᠷ ︽ᠪᠠᠷᠭᠥ᠋ ︵бapxy︶᠂ ᠪᠠᠷᠭᠥ᠋ ︵бapгy︶ ᠨᠢ ᠲᠥᠷᠺ ᠭᠡᠯᠡᠨ ᠤ ᠪᠷᠥᠭ᠂ ᠪᠠᠷᠭᠠ ᠭᠡᠰᠡᠨ ᠦᠭᠡ ᠪᠥᠭᠡᠳ ᠡᠨᠡ ᠨᠢ | ᠰᠢᠳᠡᠭ ᠨᠤᠬᠠᠢ ᠪᠤᠶᠤ ᠴᠢᠨ᠋᠊ ᠤᠠ᠋ ᠶᠢᠨ ᠨᠠᠷᠠ ᠪᠤᠯᠤᠨ᠎ᠠ︾ ᠭᠡᠵᠤ ᠲᠠᠶᠢᠯᠪᠤᠷᠢᠯᠠᠭᠰᠠᠨ ᠢ ᠦᠡᠳᠤᠰᠥᠯᠡᠵᠤ ᠪᠠᠷᠭᠤ ᠪᠤᠯ ᠬᠦᠮᠤᠨ ᠤ ᠨᠠᠷᠠ ᠪᠥᠭᠡᠳ ᠨᠠᠷᠠ ᠶᠢᠨ | ᠤᠳᠬ᠎ᠠ ᠨᠢ ᠨᠤᠬᠠᠢ ᠭᠡᠰᠡᠨ ᠦᠭᠡ ᠪᠤᠯᠤᠨ᠎ᠠ᠃ | ᠨᠤᠬᠠᠢ ᠭᠡᠳᠡᠭ ᠦᠭᠡ ᠶᠢ ᠡᠷᠳᠡᠮᠳᠡᠨ ᠱ᠊ · ᠭᠠᠳᠠᠮᠪᠡ ︽︿ᠮᠤᠩᠭᠤᠯ ᠤᠨ ᠨᠢᠭᠤᠴᠠ ᠲᠤᠪᠴᠢᠶᠡᠨ﹀ ᠤ ᠰᠤᠳᠤᠯᠤᠯ ᠤᠨ ᠵᠠᠷᠢᠮ ᠠᠰᠠᠭᠤᠳᠠᠯ︾ | ᠪᠥᠳᠥᠭᠡᠯ ᠳᠡᠭᠡᠨ ᠨᠤᠬᠠᠢ ᠶᠢ ᠵᠦᠪᠭᠡᠨ ᠮᠤᠩᠭᠤᠯ ᠳᠤ ᠴᠤ ᠪᠢᠰᠢ᠂ ᠶᠠᠷᠤ ᠨᠢ ᠲᠥᠪ ᠠᠽᠢᠶ᠎ᠠ ᠶᠢᠨ ᠨᠡᠬᠦᠳᠡᠯᠴᠢᠨ ᠠᠶᠢᠮᠠᠭ᠂ ᠲᠤᠬᠠᠢᠢᠯᠠᠪᠡᠯ ᠵᠠᠷᠢᠮ ᠲᠥᠷᠺ | ᠦᠡᠳᠤᠰᠤᠳᠡᠨ ᠳᠤ ᠴᠤ ᠮᠦᠨ ︽ ᠦᠨᠡᠡᠴᠢ ᠢᠳᠡᠭᠡᠯ︾ ᠲᠠᠢ ᠶᠢᠨ ᠪᠤᠶᠤ ︽ᠪᠤᠭᠤᠯ ᠮᠡᠳᠤ ᠬᠥᠯᠢᠴᠡᠩᠬᠦᠢ︾ ᠶᠢᠨ ᠪᠡᠯᠭᠡᠳᠡᠯ ᠪᠤᠯᠭᠠᠨ ᠦᠵᠡᠳᠡᠭ ᠵᠠᠩᠰᠢᠯ | ᠤᠯᠠᠮᠵᠢᠯᠠᠯ ᠪᠤᠯᠤᠭᠰᠠᠨ ᠁ ᠭᠡᠵᠠᠢ᠃ ᠮᠦᠨ ᠴᠠᠭᠠᠰᠢ ᠨᠢ ︽ᠮᠤᠩᠭᠤᠯ ᠤᠨ ᠹᠸᠤᠳᠠᠯ ᠤᠨ ᠪᠡᠯᠭᠡ ᠲᠠᠮᠳᠡᠭ ᠤᠨ ᠭᠡᠯᠡᠨ ᠳᠤ ᠦᠨᠡᠡᠴᠢ ᠵᠢᠷᠤᠮ ᠲᠠᠢ᠂ ᠪᠠᠳᠤ | ᠢᠳᠡᠭᠡᠯ ᠲᠠᠢ ᠶᠢᠨ ᠲᠥᠷᠢ ᠶᠢ ᠲᠦᠯᠦᠭᠡᠯᠡᠨ ᠭᠠᠷᠳᠠᠭ ᠨᠤᠬᠠᠢ︾ ᠭᠡᠵᠤ ᠪᠢᠴᠢᠭᠰᠡᠨ ᠪᠤᠢ᠃ ᠡᠶᠢᠮᠤ ᠠᠴᠠ ᠪᠠᠷᠭᠥ᠋ ᠨᠢ ᠪᠤᠳᠠᠳᠤ ᠬᠦᠮᠤᠨ ᠪᠠᠶᠢᠭᠰᠠᠨ ᠠᠭᠠᠳ | ᠲᠡᠷᠡ ᠪᠠᠷ ᠪᠡᠯᠭᠡᠳᠡᠯ ᠤᠨ ᠤᠳᠬ᠎ᠠ ᠪᠥᠬᠦᠢ ᠨᠠᠷᠠ ᠦᠭᠡ᠂ ᠡᠬᠦᠪᠡᠷ ᠡᠨᠡ ᠤᠪᠤᠭ ᠶᠠᠰᠤᠳᠡᠨ ᠨᠠᠷᠠᠯᠡᠭᠳᠡᠭᠰᠡᠨ ᠪᠠᠶᠢᠨ᠎ᠠ ᠭᠡᠵᠤ ᠦᠵᠡᠬᠦ ᠨᠢ ᠦᠨᠡᠨ ᠳᠤ ᠤᠢᠢᠷᠠᠳᠤᠬᠤ | ᠪᠤᠯᠤᠨ᠎ᠠ᠃ | ᠪᠠᠷᠭᠤ ᠪᠤᠷᠢᠶᠠᠳ ᠮᠤᠩᠭᠤᠯᠴᠤᠳ ᠤᠨ ᠤᠭ ᠤᠨ ᠪᠢᠴᠢᠭ | 1. ᠪᠠᠷᠭᠤ — ᠪᠤᠷᠢᠶᠠᠳ ᠮᠤᠩᠭᠤᠯᠴᠤᠳ ᠢ ᠪᠥᠷᠢᠯᠳᠥᠬᠦᠯᠵᠤ ᠪᠤᠢ ᠵᠤᠩᠬᠢᠯᠠᠬᠤ 250 ᠭᠠᠷᠤᠢ ᠤᠪᠤᠭ ᠬᠠᠯᠠ ᠬᠦᠬᠦᠤᠷ ᠤᠳ ᠢ | ᠬᠠᠮᠤᠷᠤᠭᠤᠯᠤᠭᠰᠠᠨ ᠢᠶᠠᠷ ᠢᠶᠠᠨ ᠤᠭ ᠤᠨ ᠡᠬᠢ ᠪᠢᠴᠢᠭ ᠪᠤᠯᠤᠨ᠎ᠠ ᠭᠡᠵᠤ ᠦᠵᠡᠵᠤ ᠪᠠᠶᠢᠨ᠎ᠠ᠃ ᠤᠭ ᠤᠨ ᠪᠢᠴᠢᠭ ᠤᠳ ᠨᠢ ᠵᠦᠪᠭᠡᠨ ᠨᠢᠭᠡ ᠤᠪᠤᠭ ᠠᠴᠠ | ᠡᠬᠦᠰᠥᠯ ᠲᠠᠢ ᠤᠷᠤᠭ ᠢ ᠰᠠᠯᠪᠤᠷᠢᠯᠠᠭᠤᠯᠤᠨ ᠲᠠᠯᠭᠡᠷᠡᠬᠦᠯᠵᠤ ᠪᠢᠴᠢᠭᠰᠡᠨ ᠪᠠᠶᠢᠳᠠᠭ ᠪᠤᠯ ᠡᠨᠡ ᠬᠦ ᠤᠭ ᠤᠨ ᠪᠢᠴᠢᠭᠡᠰᠤ ᠨᠢ ᠪᠠᠷᠭᠤ ᠪᠤᠷᠢᠶᠠᠳ ᠵᠤᠨ ᠤᠯᠠᠨ ᠤ ᠶᠠᠮᠠᠷ | ᠴᠤ ᠤᠪᠤᠭ ᠤᠨ ᠬᠦᠮᠤᠨ ᠤᠷᠤᠭ ᠤᠨ ᠢᠶᠠᠨ ᠡᠬᠢ ᠶᠢ ᠲᠤᠭᠳᠠᠭᠠᠵᠤ᠂ ᠡᠬᠦᠨ ᠠᠴᠠ ᠴᠠᠭᠠᠰᠢ ᠦᠷᠬᠦᠯᠵᠢᠯᠡᠬᠦᠯᠦᠨ ᠪᠢᠴᠢᠬᠦ ᠪᠤᠯᠤᠮᠵᠢᠳᠠᠢ ᠤᠴᠢᠷ ᠡᠶᠢᠨ ᠬᠦ ᠨᠠᠷᠡᠯᠡᠬᠦ | ᠦᠡᠳᠤᠰᠤ ᠲᠠᠢ ᠭᠡᠵᠤ ᠦᠵᠡᠵᠤ ᠪᠠᠶᠢᠨ᠎ᠠ᠃ | 2. ᠤᠭ ᠤᠨ ᠪᠢᠴᠢᠭ ᠲᠤ ᠤᠳᠤᠮ ᠤᠭᠰᠠᠭᠠᠨ ᠤ ᠦᠶᠡᠴᠢᠯᠡᠯ ᠲᠤᠭᠳᠠᠭᠠᠵᠤ ᠤᠷᠤᠭ ᠤᠨ ᠨᠠᠷᠠ ᠶᠢᠨ ᠡᠮᠤᠨ᠎ᠠ ᠪᠢᠴᠢᠪᠡ᠃ ᠤᠳᠤᠮ ᠤᠭᠰᠠᠭᠠᠨ ᠤ | ᠦᠶᠡᠴᠢᠯᠡᠯ ᠢ ᠲᠤᠭᠳᠠᠭᠠᠬᠤ ᠳᠠᠭᠠᠨ ᠮᠤᠩᠭᠤᠯ ᠤᠨ ᠲᠡᠤᠭᠡ ᠲᠠᠢ ᠤᠶᠠᠯᠳᠤᠭᠤᠯᠵᠤ ᠪᠥᠷᠳᠡ ᠴᠢᠨ᠋᠊ ᠤᠠ᠋ ᠶᠢᠨ ᠲᠥᠷᠥᠭᠰᠡᠨ ᠤᠨ ᠴᠠᠭ ᠢ ᠨᠢᠭᠡᠳᠤᠭᠡᠷ ᠦᠶ᠎ᠠ ᠪᠤᠯᠭᠠᠨ | ᠠᠪᠤᠯ᠎ᠠ᠃ | ᠡᠬᠦᠨ ᠤ ᠠᠴᠢ ᠬᠤᠯᠪᠤᠭᠳᠠᠯ ᠨᠢ᠂ ᠲᠤᠬᠠᠢ ᠶᠢᠨ ᠦᠶ᠎ᠠ ᠳᠤ ᠲᠠᠮᠳᠡᠭᠯᠡᠭᠰᠡᠨ ᠲᠠᠤᠭᠡᠨ ᠬᠦᠮᠤᠨ ᠢ ᠲᠠᠷᠡ ᠴᠠᠭ ᠤᠨ ᠪᠤᠰᠤᠳ ᠮᠤᠩᠭᠤᠯ ᠤᠭᠰᠠᠭᠠᠨ ᠤ | ᠲᠡᠤᠭᠡᠳᠤ ᠬᠦᠮᠤᠰ ᠤᠨ ᠦᠢᠯᠡ ᠶᠠᠪᠤᠳᠠᠯ ᠲᠠᠢ ᠤᠶᠠᠯᠳᠤᠭᠤᠯᠤᠨ ᠬᠠᠷᠢᠴᠠᠭᠤᠯᠬᠤ ᠳᠤ ᠤᠷᠤᠰᠢᠨ᠎ᠠ᠃ ᠲᠤᠬᠠᠢᠢᠯᠠᠪᠡᠯ᠄ ᠠᠯᠤᠨ ᠭᠤ ᠤᠠ᠋ ᠬᠠᠳᠤᠨ 944 ᠤᠨ ᠳᠤ | ᠲᠥᠷᠥᠭᠡᠳ 980 ᠤᠨ ᠳᠤ ᠨᠠᠰᠤ ᠪᠠᠷᠠᠭᠰᠠᠨ ᠪᠤᠯᠤᠯᠳᠠᠢ ᠭᠡᠵᠤ ᠲᠠᠤᠭᠡ ᠰᠤᠳᠤᠯᠤᠭᠠᠴᠢ ᠨᠠᠷ ᠤᠨ ᠲᠤᠭᠳᠠᠭᠠᠭᠰᠠᠨ ᠤᠨ ᠴᠠᠭ᠂ ᠪᠥᠷᠳᠡ ᠴᠢᠨ᠋᠊ ᠤᠠ᠋ ᠶᠢᠨ 12 | ᠳ᠋ᠤᠭᠠᠷ ᠦᠶ᠎ᠠ ᠶᠢᠨ ᠠᠴᠢ ᠲᠤᠪᠤ ᠮᠠᠷᠭᠡᠨ ᠤ ᠠᠮᠢᠳᠤᠷᠠᠵᠤ ᠪᠠᠶᠢᠭᠰᠠᠨ 10 ᠳ᠋ᠤᠭᠠᠷ ᠵᠠᠭᠤᠨ ᠤ ᠦᠶ᠎ᠠ ᠲᠠᠢ ᠲᠤᠬᠢᠷᠠᠵᠤ ᠪᠠᠶᠢᠬᠤ ᠰᠢᠡᠵᠢ ᠲᠠᠢ᠃ | 3. ᠤᠭ ᠤᠨ ᠪᠢᠴᠢᠭ ᠲᠤ ᠬᠠᠮᠤᠷᠤᠭᠳᠠᠭᠰᠠᠨ ᠴᠠᠭ ᠬᠤᠭᠤᠴᠠᠭᠠᠨ ᠤ ᠲᠤᠬᠠᠢ ᠳᠤ ᠨᠠᠶᠢᠳᠠ ᠶᠢᠨ ᠤᠨ ᠲᠤᠭᠠᠯᠠᠯ ᠤᠨ 420 ᠤᠨ ᠠᠴᠠ ᠲᠤᠮᠳᠠ | ᠲᠠᠰᠤᠷᠠᠭᠰᠠᠨ ᠬᠤᠷᠢ ᠭᠠᠷᠤᠢ ᠦᠶ᠎ᠠ ︵ᠡᠨᠡ ᠦᠶ᠎ᠠ ᠶᠢᠨ ᠪᠠᠷᠢᠮᠳᠠ ᠰᠤᠳᠤᠯᠭ᠎ᠠ ᠶᠢ ᠤᠯᠵᠤ ᠦᠵᠡᠭᠡ ᠦᠭᠡᠢ︶ ᠶᠢ ᠡᠰᠠ ᠲᠤᠭᠠᠴᠠᠪᠡᠯ 1560 ᠭᠠᠷᠤᠢ ᠵᠢᠯ ᠢ | ᠪᠠᠭᠳᠠᠭᠠᠭᠰᠠᠨ ᠪᠠᠶᠢᠨ᠎ᠠ᠃ ᠡᠬᠢ ᠪᠤᠯᠭᠠᠵᠤ ᠠᠪᠤᠭᠰᠠᠨ 420 ᠤᠨ ᠢ ᠲᠤᠬᠢᠶᠠᠯᠳᠤᠯ ᠢᠶᠠᠷ ᠰᠤᠩᠭᠤᠭᠠ ᠦᠭᠡᠢ ᠪᠥᠭᠡᠳ ᠡᠨᠡ ᠨᠢ ︽ ᠨᠠᠶᠢᠳᠠ ᠶᠢᠨ ᠤᠨ | ᠲᠤᠭᠠᠯᠠᠯ ᠤᠨ 551 — 554 ᠤᠨ ᠤ ᠬᠤᠭᠤᠷᠤᠡᠳᠤ ᠪᠢᠴᠢᠭᠳᠡᠭᠰᠡᠨ ︿ᠸᠧᠢ ᠤᠯᠤᠰ ᠤᠨ ᠪᠢᠴᠢᠭ﹀ ᠤᠨ ᠿᠸᠤ ᠿᠠᠨ ᠤ ᠱᠠᠰᠳᠢᠷ ᠲᠤ ᠿᠸᠤ ᠿᠠᠨ ᠤ ︵ | 402 — 555 ᠤᠨ︶ ᠪᠠᠷᠠᠭᠤᠨ ᠬᠤᠶᠢᠨ᠎ᠠ ᠾᠥᠡᠭᠨᠤ ᠶᠢᠨ ᠦᠯᠡᠳᠡᠭᠳᠡᠯ ᠪᠠᠶᠢᠨ᠎ᠠ᠃ ᠤᠯᠤᠰ ᠨᠢ ᠪᠠᠶᠠᠨ ᠬᠦᠴᠥᠷᠭᠡᠭ᠂ ᠲᠠᠷᠢᠬᠦᠨ ᠨᠢ ᠪᠠ ᠶᠧ ᠵᠢᠢ ᠭᠡᠳᠡᠭ᠃ | ᠲᠡᠷᠡ ᠨᠢ ᠴᠡᠷᠢᠭ ᠲᠠᠶᠢᠴᠢᠯᠡᠨ ᠱᠧᠯᠦ᠋ᠨ ︵ᠿᠸᠤ ᠿᠠᠨ ᠤ ᠬᠠᠭᠠᠨ︶ ᠢ ᠴᠤᠬᠢᠭᠰᠠᠨ ᠳᠤ ᠱᠧᠯᠦ᠋ᠨ᠂ ᠡᠸ᠋ ᠭᠧᠨ ︵ ᠤᠳᠤ ᠶᠢᠨ ᠤᠷᠬᠤᠨ ᠭᠤᠤᠯ︶ ᠭᠤᠤᠯ ᠳᠤ | ᠲᠤᠰᠴᠤ ᠪᠠᠶᠢᠯᠳᠤᠭᠠᠳ ᠶᠡᠭᠡ ᠪᠠᠷ ᠢᠯᠠᠪᠡ᠃ ᠡᠬᠦᠨ ᠠᠴᠠ ᠬᠤᠶᠢᠰᠢ ᠲᠠᠳᠠ ᠨᠠᠷ ᠱᠧᠯᠦ᠋ᠨ ᠳᠤ ᠬᠠᠷᠢᠶᠠᠯᠠᠭᠳᠠᠵᠠᠢ︾ ᠭᠡᠰᠡᠨ ᠲᠠᠮᠳᠡᠭᠯᠡᠯ ᠪᠠᠶᠢᠳᠠᠭ᠃ | ᠲᠤᠷᠠᠳᠤᠭᠳᠠᠵᠤ ᠪᠤᠢ ᠪᠠ ᠶᠧ ᠵᠢᠢ ᠨᠢ ᠪᠠᠷᠭᠤ ᠠᠶᠢᠮᠠᠭ ᠤᠨ ᠲᠡᠷᠢᠬᠦᠨ ᠮᠦᠨ ᠪᠤᠯᠬᠤ ᠲᠠᠯ᠎ᠠ ᠪᠠᠷ ᠡᠷᠳᠡᠮᠳᠡᠨ ᠵ᠊ · ᠦᠯᠵᠠᠢ ᠪᠥᠳᠥᠭᠡᠯ ᠳᠡᠭᠡᠨ ︽ ᠿᠸᠤ ᠿᠠᠨ ᠤ | ᠬᠠᠭᠠᠨ ᠰᠢᠯᠦᠭᠤᠨ ︵ᠱᠧᠯᠦ᠋ᠨ︶ ᠁ ᠦᠪᠡᠷᠳᠡᠭᠡᠡ ᠨᠢᠭᠡᠳᠭᠡᠭᠰᠡᠨ ︵394 — 409 ᠤᠨ ᠤ ᠦᠶ᠎ᠠ ᠳᠤ︶ ᠨᠢᠭᠡᠨ ᠠᠶᠢᠮᠠᠭ ᠤᠨ ᠲᠤᠯᠤᠭᠠᠢᠢᠯᠠᠭᠴᠢ ᠨᠢ | ︿ᠶᠢᠤ ᠸᠧ ᠪᠡ ᠶᠧ ᠵᠢᠢ﹀ ᠭᠡᠮᠡᠨ ᠨᠠᠷᠠ ᠲᠠᠢ ᠪᠠᠶᠢᠭᠰᠠᠨ᠃ ᠡᠨᠡ ᠪᠡ ᠶᠧ ᠵᠢᠢ ᠪᠤᠯ ᠪᠠᠷᠭᠤᠵᠢᠨ ᠭᠡᠰᠡᠨ ᠦᠭᠡ᠃ ᠪᠠᠷᠭᠤᠵᠢᠨ ᠭᠡᠮᠡᠬᠦ ᠨᠠᠷᠠ ᠨᠢ ᠡᠷᠳᠡᠨ ᠤ | ᠾᠥᠢᠩᠨᠤ᠂ ᠿᠸᠤ ᠿᠧᠨ᠂ ᠲᠥᠷᠺ ᠤᠨ ᠦᠶ᠎ᠠ ᠠᠴᠠ ᠤᠯᠠᠮᠵᠢᠯᠠᠵᠤ ᠢᠷᠡᠭᠰᠡᠨ ᠪᠠᠶᠧᠷᠺᠦ᠂ ᠪᠠᠶᠧᠭᠥ᠋᠂ ᠪᠠᠷᠭᠤ ᠭᠡᠮᠡᠬᠦ ᠮᠦᠨ ᠪᠤᠯᠬᠤ ᠶᠢ ᠨᠤᠳᠠᠯᠠᠵᠤ ᠪᠤᠢ︾ ᠭᠡᠵᠤ | ᠪᠢᠴᠢᠭᠰᠡᠨ ᠪᠠᠶᠢᠳᠠᠭ᠃ ᠤᠭ ᠤᠨ ᠪᠢᠴᠢᠭ ᠤᠨ ᠢᠵᠠᠭᠤᠷ ᠤᠪᠤᠭ ᠪᠤᠯᠤᠨ ᠪᠤᠰᠤᠳ ᠤᠷᠤᠭ ᠤᠨ ᠰᠠᠯᠠᠭ᠎ᠠ ᠰᠠᠯᠪᠤᠷᠢ ᠨᠤᠭᠤᠳ ᠢ ᠡᠨᠡ ᠮᠡᠳᠤ ᠲᠡᠤᠭᠡᠨ ᠰᠤᠷᠪᠤᠯᠵᠢ | ᠪᠢᠴᠢᠭ ᠠᠴᠠ ᠲᠠᠬᠦᠪᠤᠷᠢᠯᠡᠨ ᠪᠢᠴᠢᠭᠰᠡᠨ ᠪᠤᠯᠤᠨ᠎ᠠ᠃ | 4. ᠡᠨᠡ ᠤᠭ ᠤᠨ ᠡᠭᠡ ᠪᠢᠴᠢᠭ ᠲᠤ ᠲᠡᠤᠭᠡ ᠰᠤᠷᠪᠤᠯᠵᠢ ᠨᠤᠭᠤᠳ ᠲᠤ ᠮᠥᠡᠭᠭᠡᠷᠡᠭᠰᠡᠨ ᠪᠠᠭᠠᠳᠤᠷᠯᠢᠭ ᠦᠢᠯᠡᠰᠳᠠᠨ᠂ ᠰᠡᠴᠡᠨ ᠮᠠᠷᠭᠡᠳ᠂ ᠲᠤᠪᠤᠶᠢᠨ | ᠰᠢᠯᠭᠠᠷᠠᠭᠰᠠᠨ ᠬᠦᠮᠤᠰ᠂ ᠲᠡᠳᠡᠨ ᠤ ᠤᠷᠤᠭ ᠰᠡᠳᠥᠨ ᠤᠷᠤᠭᠰᠠᠨ ᠤᠴᠢᠷ ᠮᠤᠩᠭᠤᠯᠴᠤᠳ ᠠᠯᠳᠠᠨ ᠤᠷᠤᠭ ᠤᠨ ᠬᠢᠨ ᠤ ᠤᠭ ᠤᠨ ᠪᠢᠴᠢᠭ ᠢ ᠲᠡᠭᠡᠳᠥᠯᠡᠳᠡᠭ ᠤᠨ | ᠠᠳᠠᠯᠢ ᠪᠠᠷ ᠪᠠᠷᠭᠤ ᠪᠤᠷᠢᠶᠠᠳ ᠵᠤᠨ ᠡᠷᠬᠢᠮᠯᠡᠪᠡᠯ ᠵᠤᠬᠢᠬᠤ ᠬᠦᠡᠳᠥᠳᠡᠢ ᠤᠭ ᠤᠨ ᠪᠢᠴᠢᠭ ᠪᠤᠯᠤᠨ᠎ᠠ᠃ | ᠡᠳᠥᠭᠡ ᠬᠦᠯᠦᠨ ᠪᠤᠶᠢᠷ ᠤᠨ ᠪᠠᠷᠭᠤᠳ ᠤᠨ ᠲᠤᠳᠤᠷ᠎ᠠ 120 ᠭᠠᠷᠤᠢ ᠤᠪᠤᠭ ᠪᠥᠷᠢᠳᠭᠡᠭᠳᠡᠭᠡᠳ ᠪᠠᠶᠢᠨ᠎ᠠ᠃ ᠪᠠᠷᠭᠤ ᠪᠤᠷᠢᠶᠠᠳ ᠲᠦᠮᠡᠨ ᠤ ᠤᠭ ᠤᠨ | ᠪᠢᠴᠢᠭ ᠤᠨ ᠲᠤᠬᠠᠢ ᠦᠪᠡᠷ ᠤᠨ ᠰᠤᠳᠤᠯᠭᠠᠨ ᠳᠤ ᠲᠤᠯᠭᠠᠭᠤᠷᠢᠯᠠᠨ ᠲᠠᠳᠡᠨ ᠤ ᠤᠭ ᠢᠵᠠᠭᠤᠷ ᠤᠳᠤ ᠶᠢᠨ ᠭᠡᠯᠡᠯᠴᠡᠭᠳᠡᠵᠤ ᠢᠷᠡᠭᠰᠡᠨ ᠤᠪᠤᠭ ᠤᠳᠤᠮ ᠤᠨ | ᠲᠠᠯ᠎ᠠ ᠪᠠᠷ ᠲᠠᠷᠠᠭᠠᠬᠢ ᠳ᠋ᠥ᠋ᠩᠨᠡᠯᠳᠡ ᠶᠢ ᠬᠢᠵᠤ ᠪᠠᠶᠢᠨ᠎ᠠ᠃ | 1. ᠪᠠᠷᠭᠤ ᠪᠤᠷᠢᠶᠠᠳ ᠨᠠᠷ ᠤᠨ ᠡᠷᠳᠡᠨ ᠤ ᠡᠪᠦᠭᠡ ᠭᠠᠷᠪᠠᠯᠢ ᠪᠥᠷ ᠾᠥᠡᠭᠨᠤ ᠶᠢᠨ ᠦᠶ᠎ᠠ ᠠᠴᠠ ᠤᠯᠪᠠᠭᠠᠯᠠᠵᠤ᠂ ᠤᠨ ᠴᠠᠭ ᠤᠨ ᠲᠠᠤᠭᠡᠨ ᠭᠡᠯᠬᠢᠶᠡᠨ ᠳᠤ | ᠶᠡᠭᠡᠪᠴᠢᠯᠡᠨ ᠠᠯᠢ ᠨᠢᠭᠡᠨ ᠠᠶᠢᠮᠠᠭ᠂ ᠤᠯᠤᠰ ᠤᠨ ᠦᠮᠥᠭ ᠲᠥᠰᠢᠭ ᠬᠠᠷᠢᠶᠠᠯᠠᠯ ᠲᠤᠤᠷ᠎ᠠ ᠶᠠᠪᠤᠵᠤ ᠢᠷᠡᠭᠰᠡᠨ ᠤᠴᠢᠷ ᠲᠡᠷᠡ ᠴᠠᠭ ᠤᠨ ᠲᠡᠤᠭᠡ ᠰᠤᠷᠪᠤᠯᠵᠢ | ᠪᠢᠴᠢᠭ ᠲᠤ ᠡᠯᠦᠡᠴᠡ ᠬᠤᠯᠦᠡᠴᠡ ᠶᠢᠨ ᠬᠢᠨᠢ ᠲᠤᠬᠠᠢ ᠮᠥᠴᠢᠳ ᠲᠠᠮᠳᠡᠭᠯᠡᠭᠳᠡᠨ ᠦᠯᠡᠳᠡᠭᠰᠡᠨ ᠪᠤᠯᠤᠯᠳᠠᠢ᠃ ᠭᠡᠪᠡᠴᠤ ᠡᠴᠢᠭᠡ ᠡᠪᠤᠭᠡᠳ ᠤᠨ ᠢᠶᠠᠨ ᠲᠤᠬᠠᠢ | ᠲᠤᠮᠤᠭ ᠲᠤᠤᠯᠢᠰ ᠢᠶᠠᠷ ᠠᠮᠠ ᠲᠠᠮᠵᠢᠭᠤᠯᠤᠨ ᠡᠳᠥᠭᠡ ᠬᠦᠷᠳᠡᠯ᠎ᠠ ᠠᠮᠠᠨ ᠤᠯᠠᠮᠵᠢᠯᠠᠯ ᠢᠶᠠᠷ ᠲᠡᠤᠭᠡ ᠪᠠᠨ ᠠᠮᠢᠳᠤ ᠬᠠᠳᠠᠭᠠᠯᠠᠵᠤ ᠢᠷᠡᠭᠰᠡᠨ ᠡᠨᠡ ᠠᠷᠠᠳ ᠲᠦᠮᠡᠨ ᠤ | ᠠᠭᠤᠤ ᠤᠬᠠᠭᠠᠨ᠂ ᠦᠪ ᠰᠤᠶᠤᠯ ᠢ ᠨᠢ ᠪᠠᠭ᠋ᠠᠳᠤᠨ ᠲᠠᠮᠳᠡᠭᠯᠡᠬᠦᠰᠢᠳᠡᠢ᠃ | 2. ᠡᠨᠡ ᠬᠦ ᠰᠤᠳᠤᠯᠭᠠᠨ ᠳᠤ ᠬᠠᠮᠤᠷᠤᠭᠳᠠᠭᠰᠠᠨ ᠪᠠᠷᠭᠤ ᠪᠤᠷᠢᠶᠠᠳ ᠵᠤᠨ ᠤ ᠡᠪᠦᠭᠡ ᠲᠡᠭᠡᠳᠥᠰ ᠨᠠᠶᠢᠳᠠ ᠶᠢᠨ ᠤᠨ ᠲᠤᠭᠠᠯᠠᠯ ᠤᠨ 5 ᠳ᠋ᠤᠭᠠᠷ ᠵᠠᠭᠤᠨ ᠠᠴᠠ | ᠡᠬᠢᠯᠡᠵᠤ ᠪᠠᠶᠢᠭ᠎ᠠ ᠪᠡ ᠪᠥᠷ ᠡᠷᠳᠡᠨ ᠤ ᠡᠪᠦᠭᠡ ᠭᠠᠷᠪᠠᠯᠢ ᠶᠢᠨ ᠲᠤᠬᠠᠢ ᠦᠪᠤᠷ ᠮᠤᠩᠭᠤᠯ ᠤᠨ ᠡᠷᠳᠡᠮᠳᠡᠨ᠂ ᠲᠤᠮᠤᠭ ᠲᠤᠤᠯᠢᠰ ᠤᠨ ᠰᠤᠳᠤᠯᠤᠭᠠᠴᠢ ᠴᠢᠡᠳᠠᠮᠤᠨᠢ᠂ | ᠲᠠᠩᠬᠢᠰ ᠨᠠᠷ ᠤᠨ ᠪᠥᠳᠥᠭᠡᠯ ᠨᠦᠬᠦᠵᠤ ᠦᠭᠬᠦ ᠪᠤᠯᠤᠮᠵᠢᠳᠠᠢ ᠪᠠᠶᠢᠨ᠎ᠠ᠃ | 3. ᠤᠳᠤ ᠶᠢᠨ ᠭᠡᠯᠡᠯᠴᠡᠭᠳᠡᠵᠤ ᠪᠤᠢ ᠪᠠᠷᠭᠤ ᠪᠠᠭᠠᠳᠤᠷ ᠤᠨ ᠭᠤᠷᠪᠡᠨ ᠬᠦᠪᠡᠬᠦᠨ ᠤ ᠦᠷ᠎ᠠ ᠤᠳᠤᠮ ᠪᠤᠯᠬᠤ ᠪᠤᠷᠢᠶᠠᠳ ᠵᠤᠨ ᠤ ᠡᠬᠢᠷᠢᠳ᠂ ᠪᠤᠯᠠᠭᠠᠳᠠᠢ᠂ | ᠬᠤᠷᠢ ᠤᠪᠤᠭ ᠤᠳ ᠨᠢ ᠨᠠᠶᠢᠳᠠ ᠶᠢᠨ ᠤᠨ ᠲᠤᠭᠠᠯᠠᠯ ᠤᠨ 10 ᠳ᠋ᠤᠭᠠᠷ ᠵᠠᠭᠤᠨ ᠠᠴᠠ ᠡᠬᠦᠰᠤᠨ ᠰᠠᠶ᠋ᠢ ᠲᠥᠯᠦᠪᠰᠢᠭᠰᠡᠨ ᠪᠥᠭᠡᠳ ᠡᠬᠦᠨ ᠠᠴᠠ ᠤᠷᠤᠭᠰᠢᠬᠢ | ᠦᠶ᠎ᠠ ᠨᠢ ᠲᠠᠤᠭᠡ ᠶᠢᠨ ᠰᠤᠳᠤᠯᠭ᠎ᠠ ᠪᠠᠷ ᠪᠠᠷᠭᠤ ᠲᠠᠢ ᠬᠠᠮᠢᠶᠡᠷᠤᠯᠳᠠᠢ ᠨᠢ ᠪᠠᠳᠤᠯᠠᠭᠳᠠᠵᠤ ᠪᠠᠶᠢᠨ᠎ᠠ᠃ | 4. ᠬᠠᠯᠬ᠎ᠠ ᠮᠤᠩᠭᠤᠯ ᠮᠠᠡᠵᠤ ᠴᠢᠩ ᠤᠯᠤᠰ ᠤᠨ ᠨᠦᠯᠦᠭᠡᠨ ᠳᠤ ᠠᠪᠳᠠᠵᠤ ᠲᠤᠰᠠᠭᠠᠷ ᠲᠤᠭᠳᠠᠨᠢᠯ ᠢᠶᠠᠨ ᠠᠯᠳᠠᠬᠤ ᠳᠤ ᠮᠤᠩᠭᠤᠯ ᠠᠴᠠ ᠲᠠᠶᠢᠵᠢᠨ | ᠲᠦᠷᠪᠡᠵᠤ ᠪᠤᠷᠢᠶᠠᠳ ᠤᠨ ᠨᠤᠳᠤᠭ ᠲᠤ ᠨᠡᠬᠦᠨ ᠤᠷᠤᠭᠰᠠᠨ ᠬᠠᠯᠬ᠎ᠠ᠂ ᠦᠪᠤᠷᠯᠡᠭᠴᠢ᠂ ᠦᠭᠡᠯᠡᠳ ᠤᠳ ᠤᠨ ᠵᠠᠷᠢᠮ ᠤᠪᠤᠭ ᠤᠳ ᠢᠶᠠᠷ ᠪᠤᠷᠢᠶᠠᠳ ᠵᠤᠨ | ᠦᠨᠢᠷᠵᠢᠨ ᠢᠷᠠᠵᠠᠢ᠃ ᠲᠤᠬᠠᠢᠢᠯᠠᠪᠡᠯ᠄ ᠳ᠋ᠠᠷᠯᠧᠺᠠᠨ ᠤ ᠬᠤᠨᠭ᠍ᠬᠢᠷᠠᠳ ᠠᠶᠢᠮᠠᠭ ᠤᠨ ᠰᠠᠯᠪᠤᠷᠢ ᠤᠪᠤᠭ ᠤᠳ ᠪᠤᠯᠬᠤ ᠭᠤᠷᠯᠤᠰ᠂ ᠬᠠᠷᠠᠨᠤᠳ᠂ ᠨᠢᠷᠤᠭᠤᠨ ᠤ | ᠬᠠᠳᠠᠬᠢᠨ᠂ ᠵᠡᠬᠦᠨ ᠮᠤᠩᠭᠤᠯ ᠤᠨ ᠵᠢᠷᠭᠤᠭᠠᠨ ᠲᠦᠮᠡᠨ ᠤ ᠨᠢᠭᠡ ᠶᠥᠡᠭᠰᠢᠶᠡᠪᠤ᠂ ᠴᠠᠬᠠᠷ ᠨᠠᠢᠮᠡᠨ ᠬᠤᠰᠢᠭᠤᠨ ᠠᠴᠠ ᠭᠠᠷᠤᠯᠳᠠᠢ ᠭᠡᠭᠳᠡᠬᠦ ᠴᠤᠩᠭᠤᠯ ︵ᠰᠤᠩᠭᠤᠯ︶᠂ | ᠬᠠᠯᠬ᠎ᠠ ᠭᠠᠷᠤᠯᠳᠠᠢ ᠰᠠᠯᠡᠩᠭᠡ ᠶᠢᠨ ᠭᠤᠷᠪᠡᠨ ᠡᠴᠢᠭᠡ ᠶᠢᠨ ᠲᠠᠪᠤᠩᠭᠤᠳ ᠵᠠᠷᠭᠡ ᠤᠯᠠᠨ ᠤᠪᠤᠭ ᠤᠳ ᠢ ᠲᠤᠷᠠᠳᠴᠤ ᠪᠤᠯᠤᠨ᠎ᠠ᠃ ᠭᠠᠭᠴᠠ ᠬᠦ᠋ ᠨᠢᠭᠡ ᠤᠡᠴᠠᠯᠢᠭ ᠨᠢ | ᠭᠠᠳᠠᠨ᠎ᠠ ᠠᠴᠠ ᠤᠴᠢᠭᠰᠠᠨ ᠡᠳᠡᠭᠡᠷ ᠤᠪᠤᠭ ᠤᠳ ᠨᠢ ᠪᠤᠷᠢᠶᠠᠳ ᠵᠤᠨ ᠤ ᠭᠡᠪ᠂ ᠶᠤᠰᠤ ᠵᠠᠩᠰᠢᠯ᠂ ᠭᠡᠯᠡ ᠰᠤᠶᠤᠯ ᠳᠤ ᠨᠠᠪᠳᠡᠷᠡᠵᠤ ᠢᠯᠭᠠᠭᠳᠠᠮ᠎ᠠ ᠦᠭᠡᠢ | ᠪᠤᠯᠤᠭᠰᠠᠨ ᠨᠢ ᠭᠠᠶᠢᠬᠠᠯᠳᠠᠢ᠃ | 5. ᠪᠠᠷᠭᠤ ᠪᠤᠷᠢᠶᠠᠳ ᠤᠳ ᠨᠢ ᠪᠤᠷᠵᠢᠬᠢᠨ ᠤᠪᠤᠭ ᠤᠨ ᠬᠢᠨ ᠲᠠᠢ ᠠᠡᠳᠠᠭᠠᠢ ᠬᠤᠳᠠ ᠪᠠᠷᠢᠯᠴᠠᠵᠤ ᠤᠯᠠᠮ ᠢᠶᠠᠷ ︽ᠠᠯᠳᠠᠨ ᠤᠷᠤᠭ︾ ᠤᠨ ᠬᠢᠨ ᠤ ᠨᠠᠭᠠᠴᠤ | ᠪᠤᠶᠤ ᠴᠢᠰᠤᠨ ᠲᠥᠷᠤᠯ ᠡᠨᠡ ᠶᠠᠰᠤᠨ ᠠᠴᠠ ᠪᠥᠷᠢᠯᠳᠤᠵᠠᠢ ᠃ ᠵᠢᠱᠢᠶᠡᠯᠡᠪᠡᠯ᠄ ᠲᠤᠪᠤ ᠮᠠᠷᠭᠡᠨ ᠤ ᠭᠡᠷᠭᠡᠢ ᠠᠯᠳᠠᠷᠳᠤ ᠠᠯᠤᠨ ᠭᠤ ᠤᠠ᠋ ᠬᠠᠳᠤᠨ᠂ ᠴᠢᠩᠬᠢᠰ ᠤᠨ | ᠡᠪᠦᠭᠡ ᠪᠠᠷᠳᠠᠨ ᠪᠠᠭᠠᠳᠤᠷ ᠤᠨ ᠭᠡᠷᠭᠡᠢ ᠰᠤᠨᠢᠬᠦᠯ ᠦᠵᠢᠨ᠂ ᠴᠢᠨᠠᠭᠰᠢᠯᠠᠭᠠᠳ ᠡᠭᠡ ᠦᠭᠡᠯᠤᠨ ᠦᠵᠢᠨ᠂ ᠶᠡᠭᠡ ᠬᠠᠳᠤᠨ ᠪᠥᠷᠳᠠ ᠦᠵᠢᠨ᠂ ᠬᠤᠪᠢᠯᠠᠢ᠂ ᠬᠦᠯᠡᠬᠦ | ᠬᠠᠭᠠᠳ ᠤᠨ ᠨᠠᠮᠪᠤᠢ ᠬᠠᠳᠤᠨ᠂ ᠺᠤᠳᠠᠢ ᠬᠠᠳᠤᠨ᠂ ᠭᠡᠷᠮᠠᠨ ᠬᠠᠳᠤᠨ ᠵᠡᠷᠭᠡ ᠤᠯᠠᠨ ᠬᠠᠳᠤᠳ ᠢ ᠨᠠᠷᠠᠯᠠᠵᠤ ᠪᠤᠯᠤᠨ᠎ᠠ᠃ ᠡᠬᠦᠪᠡᠷ ᠢᠶᠠᠨ ᠪᠤᠰᠤᠳ ᠮᠤᠩᠭᠤᠯ | ᠤᠭᠰᠠᠭ᠎ᠠ ᠲᠠᠢ ᠠᠶᠢᠮᠠᠭ ᠶᠠᠰᠤᠳᠠᠨ᠂ ᠤᠪᠤᠭ ᠤᠳ ᠠᠴᠠ ᠨᠠᠩ ᠢᠯᠭᠠᠷᠠᠳᠠᠭ ᠤᠴᠢᠷ ᠪᠠᠷᠭᠤ᠂ ᠪᠤᠷᠢᠶᠠᠳ ᠲᠦᠮᠡᠨ ᠤ ᠨᠢᠭᠡᠨ ᠪᠠᠭ᠋ᠠᠷᠬᠠᠯ ᠪᠤᠯᠬᠤ ᠶᠢ ᠬᠤᠶᠢᠴᠢ | ᠦᠶ᠎ᠠ ᠮᠡᠳᠡᠳᠥᠭᠡᠢ᠃ | ᠪᠠᠷᠭᠤ ᠪᠤᠷᠢᠶᠠᠳ ᠮᠤᠩᠭᠤᠯᠴᠤᠳ ᠤᠨ ᠤᠭ ᠤᠨ ᠪᠢᠴᠢᠭ ᠠᠴᠠ ᠪᠤᠷᠢᠶᠠᠳ ᠲᠦᠮᠡᠨ ᠤ ᠤᠪᠤᠭ ᠠᠶᠢᠮᠠᠭ ᠤᠨ ᠲᠤᠪᠴᠢ ᠤᠢᠢᠯᠠᠭᠠᠯᠳᠠ᠂ ᠤᠪᠤᠭ ᠤᠳ ᠤᠨ | ᠤᠭ ᠢᠵᠠᠭᠤᠷ᠂ ᠲᠡᠳᠡᠨ ᠤ ᠲᠤᠬᠠᠢ ᠲᠤᠮᠤᠭ᠂ ᠡᠳᠡᠭᠡᠷ ᠤᠪᠤᠭ ᠠᠴᠠ ᠭᠠᠷᠤᠯᠳᠠᠢ ᠲᠡᠤᠭᠡᠳᠤ ᠬᠦᠮᠤᠰ ᠤᠨ ᠤᠳᠤᠮ᠂ ᠲᠡᠳᠡᠨ ᠤ ᠲᠤᠪᠴᠢ ᠲᠠᠶᠢᠯᠪᠤᠷᠢ ᠵᠠᠷᠭᠡ ᠶᠢ | ᠨᠢᠭᠡᠳᠭᠡᠨ ᠦᠵᠡᠬᠦ ᠪᠤᠯᠤᠮᠵᠢᠳᠠᠢ᠃ | ᠠᠯᠳᠠᠭᠰᠠᠨ ᠲᠠᠰᠢᠶᠠᠷᠠᠭᠰᠠᠨ ᠵᠦᠢᠯ ᠲᠠᠭᠠᠷᠠᠯᠳᠤᠬᠤ ᠠᠪᠠᠰᠤ ᠬᠦᠯᠢᠴᠡᠯ ᠦᠴᠢᠬᠦ ᠶᠢᠨ ᠲᠡᠭᠡᠷ᠎ᠠ᠂ ᠲᠠ ᠪᠥᠬᠦᠨ ᠦᠪᠡᠷᠰᠡᠳ ᠤᠨ ᠤᠶᠤᠨ ᠮᠡᠳᠡᠯᠭᠡ ᠪᠠᠷ ᠢᠶᠠᠨ | ᠵᠠᠯᠠᠷᠠᠭᠤᠯᠵᠤ ᠲᠤᠩᠭᠠᠬᠤ ᠪᠤᠢ ᠶᠠ᠃ | | |