ᠡᠸ᠋ᠨᠩᠬᠢ ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤ 1958 ᠤᠨ ᠳᠤ ᠪᠠᠶᠢᠭᠤᠯᠤᠭᠳᠠᠵᠦ᠂ ᠪᠦᠬᠦ ᠤᠯᠤᠰ ᠤᠨ ᠭᠤᠷᠪᠠᠨ ᠴᠦᠭᠡᠨ ᠲᠤᠭᠠᠳᠤ | ᠦᠨᠳᠦᠰᠦᠳᠡᠨ ᠤ ᠦᠪᠠᠷᠳᠡᠭᠡᠨ ᠵᠠᠰᠠᠬᠤ ᠬᠤᠰᠢᠭᠤᠨ ᠤ ᠨᠢᠭᠡ ᠪᠤᠯᠤᠨ᠎ᠠ᠃ ᠦᠪᠤᠷ ᠮᠤᠩᠭᠤᠯ ᠤᠨ ᠦᠪᠠᠷᠳᠡᠭᠡᠨ ᠵᠠᠰᠠᠬᠤ ᠤᠷᠤᠨ ᠤ ᠵᠡᠭᠦᠨ ᠭᠡᠰᠡᠭ᠂ ᠶᠡᠭᠡ | ᠬᠢᠩᠭᠠᠨ ᠲᠡᠪᠡᠭᠠᠨ ᠤ ᠪᠠᠷᠠᠭᠤᠨ ᠲᠠᠯ᠎ᠠ᠂ ᠬᠦᠯᠦᠨ ᠪᠤᠶᠢᠷ ᠤᠨ ᠲᠠᠯ᠎ᠠ ᠨᠤᠳᠤᠭ ᠤᠨ ᠵᠡᠭᠦᠨ ᠤᠷᠢᠳᠤ ᠭᠡᠰᠡᠭ ᠲᠤ ᠪᠠᠶᠢᠷᠢᠯᠡᠵᠦ᠂ ᠵᠡᠭᠦᠨ ᠲᠠᠯ᠎ᠠ ᠪᠠᠷ ᠢᠶᠠᠨ ᠶᠠᠬᠰᠢ | ᠬᠤᠳᠠ ᠲᠠᠢ ᠬᠠᠪᠢᠳᠠᠵᠦ᠂ ᠤᠷᠳᠤᠭᠤᠷ ᠢᠶᠠᠨ ᠵᠠᠯᠠᠨ ᠠᠶᠢᠯ ᠬᠤᠳᠠ᠂ ᠬᠢᠩᠭᠠᠨ ᠠᠶᠢᠮᠠᠭ ᠤᠨ ᠬᠤᠷᠴᠢᠨ ᠪᠠᠷᠠᠭᠤᠨ ᠭᠠᠷᠤᠨ ᠡᠮᠦᠨᠡᠳᠤ ᠬᠤᠰᠢᠭᠤ ᠲᠠᠢ ᠵᠠᠬ᠎ᠠ | ᠨᠠᠶᠢᠯᠠᠵᠦ᠂ ᠪᠠᠷᠠᠭᠤᠨ ᠲᠠᠯ᠎ᠠ ᠪᠠᠷ ᠢᠶᠠᠨ ᠰᠢᠨ᠎ᠠ ᠪᠠᠷᠭᠤ ᠵᠡᠭᠦᠨ ᠬᠤᠰᠢᠭᠤ ᠲᠠᠢ ᠵᠠᠯᠭᠠᠯᠳᠤᠵᠦ᠂ ᠬᠤᠶᠢᠭᠤᠷ ᠢᠶᠠᠨ ᠬᠠᠶᠢᠯᠠᠷ ᠲᠤᠭᠤᠷᠢᠭ᠂ ᠬᠠᠭᠤᠴᠢᠨ ᠪᠠᠷᠭᠤ | ᠬᠤᠰᠢᠭᠤ ᠲᠠᠢ ᠬᠦᠷᠰᠢᠯᠡᠵᠦ ᠪᠤᠢ᠃ ᠦᠪᠠᠷᠳᠡᠭᠡᠨ ᠵᠠᠰᠠᠬᠤ ᠬᠤᠰᠢᠭᠤ ᠶᠡᠭᠡ ᠬᠢᠩᠭᠠᠨ ᠲᠠᠪᠠᠭᠠᠨ ᠤ ᠠᠭᠤᠷᠯᠠᠭ ᠭᠠᠵᠠᠷ ᠤᠨ ᠪᠠᠷᠠᠭᠤᠨ ᠬᠤᠶᠢᠳᠤ ᠪᠡᠯ ᠳᠤ | ᠪᠠᠶᠢᠷᠢᠯᠡᠵᠦ᠂ ᠶᠡᠭᠡ ᠬᠢᠩᠭᠠᠨ ᠲᠠᠪᠠᠭᠠᠨ ᠤ ᠠᠭᠤᠯᠠᠷᠬᠠᠭ ᠭᠠᠵᠠᠷ ᠠᠴᠠ ᠬᠦᠯᠦᠨ ᠪᠤᠶᠢᠷ ᠤᠨ ᠲᠡᠭᠰᠢ ᠲᠠᠯ᠎ᠠ ᠵᠦᠭ ᠰᠢᠯᠵᠢᠯᠳᠠ ᠶᠢᠨ ᠭᠡᠰᠡᠭ ᠲᠤ ᠪᠠᠶᠢᠷᠢᠰᠢᠵᠦ᠂ | ᠭᠠᠵᠠᠷ ᠤᠨ ᠪᠠᠶᠢᠴᠠ ᠨᠢ ᠵᠡᠭᠦᠨ ᠡᠮᠦᠨ᠎ᠠ ᠠᠴᠠ ᠪᠠᠷᠠᠭᠤᠨ ᠬᠤᠶᠢᠰᠢ ᠪᠠᠨ ᠢᠳᠡᠭ ᠢᠳᠡᠭ ᠢᠶᠠᠷ ᠭᠡᠯᠪᠠᠶᠢᠵᠦ᠂ ᠲᠠᠯᠠᠢ ᠶᠢᠨ ᠲᠦᠪᠰᠢᠨ ᠠᠴᠠ ᠲᠡᠭᠡᠭᠰᠢᠬᠢ ᠲᠤᠮᠳᠠᠴᠢ | ᠡᠷᠬᠦᠭᠳᠡᠴᠠ ᠨᠢ 800 —1000 ᠮᠧᠲᠷ ᠪᠤᠢ᠃ ᠲᠤᠮᠳᠠ ᠰᠠᠷᠢᠭᠦᠨ ᠪᠦᠰᠡ ᠶᠢᠨ ᠡᠭᠡ ᠬᠠᠭᠤᠷᠠᠢ ᠶᠢᠨ ᠴᠢᠨᠠᠷᠳᠠᠢ ᠤᠯᠠᠷᠢᠯ ᠤᠨ ᠰᠠᠯᠬᠢᠨ ᠤ ᠠᠭᠤᠷ ᠠᠮᠢᠰᠬᠤᠯ | ᠳᠤ ᠬᠠᠷᠢᠶᠠᠯᠠᠭᠳᠠᠵᠦ᠂ ᠡᠪᠤᠯ ᠤᠨ ᠤᠯᠠᠷᠢᠯ ᠨᠢ ᠤᠷᠳᠤ ᠪᠦᠭᠡᠳ ᠬᠠᠬᠢᠷ ᠬᠦᠢᠳᠡᠨ᠂ ᠵᠤᠨ ᠤ ᠤᠯᠠᠷᠢᠯ ᠨᠢ ᠲᠤᠯᠠᠭᠠᠨ ᠪᠦᠭᠡᠳ ᠤᠬᠤᠷ᠂ ᠬᠤᠷ᠎ᠠ ᠲᠤᠨᠳᠠᠰᠤ | ᠨᠠᠯᠢᠶᠠᠳ ᠲᠦᠪᠯᠡᠷᠡᠩᠬᠦᠢ ᠪᠠᠶᠢᠳᠠᠭ᠃ ᠵᠢᠯ ᠤᠨ ᠲᠤᠮᠳᠠᠴᠢ ᠠᠭᠠᠷ ᠤᠨ ᠲᠤᠯᠠᠭᠠᠨ ᠨᠢ —2.4—2.2℃ ᠤᠨ ᠬᠤᠭᠤᠷᠤᠨᠳᠤ ᠪᠠᠶᠢᠵᠦ᠂ ᠵᠢᠯ ᠤᠨ ᠲᠤᠮᠳᠠᠴᠢ | ᠲᠤᠨᠳᠠᠰᠤᠨ ᠤ ᠭᠡᠮᠵᠢᠶ᠎ᠠ ᠨᠢ 350 ᠮᠢᠯᠢᠮᠧᠲᠷ ᠤᠷᠴᠢᠮ ᠪᠠᠶᠢᠵᠦ᠂ ᠪᠦᠬᠦ ᠵᠢᠯ ᠤᠨ ᠬᠢᠷᠠᠭᠤ ᠦᠭᠡᠢ ᠬᠤᠭᠤᠴᠠᠭ᠎ᠠ ᠨᠢ ᠲᠤᠮᠳᠠᠴᠢ ᠪᠠᠷ ᠪᠠᠷᠤᠭ 100 —120 | ᠬᠤᠨᠤᠭ ᠪᠠᠶᠢᠳᠠᠭ᠃ | ᠪᠦᠬᠦ ᠬᠤᠰᠢᠭᠤᠨ ᠤ ᠬᠠᠷᠢᠶᠠᠨ ᠳᠤ 4 ᠪᠠᠯᠭᠠᠰᠤ 1 ᠰᠢᠶᠠᠩ 5 ᠰᠤᠮᠤ᠂ 44 ᠭᠠᠴᠠᠭ᠎ᠠ᠂ 20 ᠨᠠᠶᠢᠭᠡᠮ ᠲᠤᠭᠤᠷᠢᠭ ᠲᠠᠢ᠂ ᠬᠤᠰᠢᠭᠤᠨ ᠲᠦᠪ ᠤᠨ | ᠪᠠᠶᠢᠭ᠎ᠠ ᠭᠠᠵᠠᠷ ᠨᠢ ᠪᠠᠶᠠᠨᠳᠤᠬᠤᠢ ᠪᠠᠯᠭᠠᠰᠤ ᠪᠤᠯᠤᠨ᠎ᠠ᠃ ᠬᠤᠰᠢᠭᠤᠨ ᠤ ᠬᠠᠷᠢᠶᠠᠨ ᠳᠤ ᠡᠸ᠋ᠨᠩᠬᠢ ᠦᠳᠦᠰᠦᠳᠡᠨ ᠢᠶᠠᠷ ᠭᠤᠤᠯ ᠪᠤᠯᠭᠠᠭᠰᠠᠨ 25 ᠦᠨᠳᠦᠰᠦᠳᠡᠨ | ᠲᠠᠢ᠂ ᠶᠡᠷᠦᠩᠭᠡᠢ ᠬᠦᠮᠦᠨ ᠠᠮᠨ ᠨᠢ 14.4 ᠲᠦᠮᠨ ᠭᠠᠷᠤᠢ ᠪᠣᠢ᠃ ᠡᠭᠦᠨ ᠳᠤ᠄ ᠴᠦᠭᠡᠨ ᠲᠤᠭᠠᠳᠤ ᠦᠨᠳᠦᠰᠦᠳᠡᠨ ᠤ ᠬᠦᠮᠦᠨ ᠠᠮᠨ ᠨᠢ 58843 ᠬᠦᠮᠦᠨ᠂ | ᠶᠠᠷᠦᠩᠭᠡᠢ ᠬᠦᠮᠦᠨ ᠠᠮᠨ ᠶᠢᠨ 40.8% ᠶᠢ ᠡᠵᠡᠯᠡᠨ᠎ᠠ᠃ ᠡᠸ᠋ᠨᠩᠬᠢ ᠦᠨᠳᠦᠰᠦᠳᠡᠨ 11193 ᠬᠦᠮᠦᠨ ᠠᠮᠨ ᠪᠠᠶᠢᠵᠣ᠂ ᠶᠠᠷᠦᠩᠭᠡᠢ ᠬᠦᠮᠦᠨ ᠠᠮᠨ ᠶᠢᠨ 7. | 8% ᠶᠢ ᠡᠵᠡᠯᠡᠨ᠎ᠠ︔ ᠮᠤᠩᠭᠤᠯ ᠦᠨᠳᠦᠰᠦᠳᠡᠨ 27809 ᠬᠦᠮᠦᠨ ᠠᠮᠨ ᠲᠠᠢ᠂ ᠶᠡᠷᠦᠩᠭᠡᠢ ᠬᠦᠮᠦᠨ ᠠᠮᠨ ᠶᠢᠨ 19.3% ᠶᠢ ᠡᠵᠡᠯᠡᠨ᠎ᠠ︔ ᠲᠠᠭᠤᠷ | ᠦᠨᠳᠦᠰᠦᠳᠡᠨ 14239 ᠬᠦᠮᠦᠨ ᠠᠮᠨ ᠲᠠᠢ ᠪᠠᠶᠢᠵᠦ᠂ ᠶᠠᠷᠦᠩᠭᠡᠢ ᠬᠦᠮᠦᠨ ᠠᠮᠨ ᠶᠢᠨ 9.9% ᠶᠢ ᠡᠵᠡᠯᠡᠨ᠎ᠠ᠃ | ᠡᠸ᠋ᠨᠩᠬᠢ ᠬᠤᠰᠢᠭᠤᠨ ᠤ ᠭᠤᠤᠯ ᠤᠷᠭᠤᠮᠠᠯ ᠤᠨ ᠪᠦᠷᠬᠦᠴᠠ ᠨᠢ ᠲᠠᠯ᠎ᠠ ᠨᠤᠳᠤᠭ ᠪᠠ ᠤᠢ ᠰᠢᠭᠤᠢ ᠪᠤᠯᠤᠨ᠎ᠠ᠃ ᠨᠤᠳᠤᠭ ᠲᠡᠪᠢᠰᠭᠡᠷ ᠤᠨ ᠶᠠᠷᠦᠩᠭᠡᠢ ᠲᠠᠯᠠᠪᠠᠢ | ᠨᠢ 19111 ᠬᠠᠪᠳᠠᠭᠠᠢ ᠲᠦᠷᠪᠡᠯᠵᠢᠨ ᠺᠢᠯᠦᠮᠧᠲᠷ᠂ ᠡᠭᠦᠨ ᠳᠤ᠄ ᠲᠠᠯ᠎ᠠ ᠨᠤᠳᠤᠭ ᠤᠨ ᠲᠠᠯᠠᠪᠠᠢ ᠨᠢ 11900 ᠬᠠᠪᠳᠠᠭᠠᠢ ᠲᠦᠷᠪᠡᠯᠵᠢᠨ ᠺᠢᠯᠦᠮᠧᠲᠷ᠂ ᠪᠦᠬᠦ | ᠬᠤᠰᠢᠭᠤᠨ ᠤ ᠶᠠᠷᠦᠩᠭᠡᠢ ᠲᠠᠯᠠᠪᠠᠢ ᠶᠢᠨ 62.2% ᠶᠢ ᠡᠵᠡᠯᠡᠨ᠎ᠠ︔ ᠤᠶᠢᠳᠤ ᠭᠠᠵᠠᠷ ᠤᠨ ᠲᠠᠯᠠᠪᠠᠢ ᠨᠢ 6462 ᠬᠠᠪᠳᠠᠭᠠᠢ ᠲᠦᠷᠪᠡᠯᠵᠢᠨ ᠺᠢᠯᠦᠮᠧᠲᠷ᠂ ᠨᠤᠳᠤᠭ | ᠲᠡᠪᠢᠰᠭᠡᠷ ᠤᠨ ᠲᠠᠯᠠᠪᠠᠢ ᠶᠢᠨ 33.8% ᠶᠢ ᠡᠵᠡᠯᠡᠨ᠎ᠠ᠂ ᠠᠳᠠ ᠪᠦᠬᠦ ᠤᠯᠤᠰ ᠤᠨ ᠬᠠᠮᠤᠭ ᠶᠡᠭᠡ ᠵᠢᠭᠠᠷᠳᠤ ᠨᠠᠷᠠᠰᠤ ᠶᠢᠨ ᠡᠬᠡ ᠤᠢ ᠶᠢᠨ ᠰᠠᠭᠤᠷᠢᠨ ᠭᠠᠵᠠᠷ᠂ | ᠲᠠᠯᠠᠭᠡᠢ ᠳ᠋ᠡᠬᠢᠨ ᠳᠤ ᠠᠯᠳᠠᠷᠰᠢᠭᠰᠠᠨ ᠡᠯᠡᠰᠦᠷᠭᠡᠭ ᠭᠠᠵᠠᠷ ᠤᠨ ᠵᠢᠭᠠᠷᠳᠤ ᠨᠠᠷᠠᠰᠤ ᠶᠢᠨ ᠤᠢ ᠶᠢᠨ ᠪᠦᠰᠡ ᠪᠤᠢ᠃ 20 ᠺᠢᠯᠦᠮᠧᠲᠷ ᠠᠴᠠ ᠲᠡᠭᠡᠭᠰᠢ ᠪᠤᠯᠬᠤ ᠰᠠᠪᠠ | ᠭᠠᠵᠠᠷ ᠲᠠᠢ 31 ᠵᠤᠷᠪᠤᠰ ᠭᠤᠤᠯ ᠭᠤᠷᠤᠬ᠎ᠠ ᠪᠤᠢ᠂ ᠡᠭᠦᠨ ᠤ ᠲᠤᠳᠤᠷᠠᠬᠢ ᠨᠠᠯᠢᠶᠠᠳ ᠶᠡᠭᠡ ᠭᠤᠤᠯ ᠮᠦᠷᠠᠨ ᠨᠢ ᠢᠮᠢᠨ ᠭᠤᠤᠯ᠂ ᠬᠤᠢ ᠭᠤᠤᠯ᠂ ᠰᠢᠨᠡᠭᠡᠨ | ᠭᠤᠤᠯ ᠪᠤᠯᠤᠨ᠎ᠠ᠂ ᠪᠠᠰᠠ 600 ᠭᠠᠷᠤᠢ ᠨᠠᠭᠤᠷ ᠴᠦᠬᠦᠷᠦᠮ ᠪᠤᠢ᠃ ᠭᠠᠵᠠᠷ ᠲᠤᠤᠷᠠᠬᠢ ᠡᠬᠢ ᠪᠠᠶᠠᠯᠢᠭ ᠨᠢ ᠨᠠᠬᠦᠷᠠᠰᠤ ᠪᠠᠷ ᠭᠤᠤᠯ ᠪᠤᠯᠭᠠᠵᠦ᠂ ᠪᠠᠳᠤᠯᠠᠭᠠᠳᠤ | ᠬᠠᠳᠠᠭᠠᠯᠠᠭᠳᠠᠴᠨ ᠨᠢ 300 ᠳ᠋ᠦᠩᠰᠢᠭᠤᠷ ᠲᠤᠨ ᠠᠴᠠ ᠲᠡᠭᠡᠭᠰᠢ ᠪᠣᠢ᠃ ᠪᠠᠰᠠ ᠲᠠᠮᠤᠷ᠂ ᠴᠤᠬᠤᠢ ᠶᠢᠨ ᠴᠢᠯᠠᠭᠤᠯᠢᠭ᠂ ᠭᠠᠨᠳᠢᠭ ᠴᠢᠯᠠᠭᠤ ᠂ ᠴᠠᠶᠢᠷ᠂ ᠬᠦᠩᠭᠡᠨ | ᠴᠠᠭᠠᠨ᠂ ᠪᠧᠷᠢᠯᠢ ᠵᠠᠷᠭᠡ ᠠᠭᠤᠷᠬᠠᠢ ᠶᠢᠨ ᠡᠬᠢ ᠪᠠᠶᠠᠯᠢᠭ ᠪᠠᠶᠢᠳᠠᠭ᠃ ᠠᠳᠠᠬᠢ ᠶᠢᠨ ᠪᠠᠶᠢᠭᠠᠯᠢ ᠶᠢᠨ ᠬᠤᠯᠤᠰᠤᠨ ᠴᠦᠬᠦᠷᠦᠮ ᠶᠢᠨ ᠶᠠᠷᠦᠩᠭᠡᠢ ᠲᠠᠯᠠᠪᠠᠢ ᠨᠢ 100 | ᠲᠦᠮᠡᠨ ᠮᠤ᠋ ᠬᠦᠷᠴᠤ ᠪᠤᠢ᠂ ᠨᠠᠷᠠ ᠠᠯᠳᠠᠷᠰᠢᠭᠰᠠᠨ ᠤᠭᠤᠨᠤ ᠶᠢᠨ ᠷᠠᠰᠢᠶᠠᠨ ᠨᠢ ᠦᠨᠳᠦᠷ ᠨᠢᠬᠳᠠᠴᠠ ᠲᠠᠢ ᠪᠤᠯᠠᠭ ᠤᠨ ᠤᠰᠤᠨ ᠳᠤ ᠲᠣᠭᠠᠴᠢᠭᠳᠠᠨ᠂ ᠪᠤᠯᠠᠭ ᠤᠨ | ᠤᠰᠤᠨ ᠳᠤᠨᠢ ᠬᠦᠮᠦᠨ ᠤ ᠪᠠᠶ᠎ᠠ ᠳᠤ ᠠᠰᠢᠭᠳᠠᠢ 20 ᠭᠠᠷᠤᠢ ᠲᠦᠷᠦᠯ ᠤᠨ ᠪᠢᠴᠢᠯ ᠡᠯᠧᠮᠧᠨ᠋ᠲ ᠠᠭᠤᠯᠤᠭᠳᠠᠵᠦ ᠪᠠᠶᠢᠳᠠᠭ᠃ | ᠭᠡᠭᠡᠷ᠎ᠠ ᠶᠢᠨ ᠤᠷᠭᠤᠮᠠᠯ ᠤᠨ ᠲᠦᠷᠰᠦ ᠶᠢᠨ ᠲᠦᠷᠦᠯ ᠤᠯᠠᠨ᠂ 72 ᠢᠵᠠᠭᠤᠷ ᠤᠨ 284 ᠪᠠᠭ ᠤᠨ 621 ᠲᠦᠷᠦᠯ ᠤᠨ ᠤᠷᠭᠤᠮᠠᠯ ᠪᠤᠢ᠂ ᠬᠤᠪᠤᠷ | ᠴᠤᠬᠠᠭ ᠤᠷᠭᠤᠮᠠᠯ ᠳᠤᠨᠢ ᠤᠯᠤᠰ ᠤᠨ ᠬᠤᠶᠠᠳᠤᠭᠠᠷ ᠲᠠᠰ ᠤᠨ ᠬᠠᠮᠠᠭᠠᠯᠠᠯᠳᠠ ᠲᠠᠢ ᠵᠢᠭᠠᠷᠳᠤ ᠨᠠᠷᠠᠰᠤ᠂ ᠬᠢᠩᠭᠠᠨ ᠤ ᠤᠳᠠ᠂ ᠪᠠᠰᠠ ᠲᠠᠯ᠎ᠠ ᠨᠤᠳᠤᠭ ᠤᠨ ᠴᠠᠭᠠᠨ | ᠮᠦᠬᠦ᠂ ᠠᠯᠠᠭ ᠮᠦᠬᠦ᠂ ᠬᠦᠷᠡᠩ ᠮᠦᠬᠦ᠂ ᠪᠢᠯᠢᠭᠳᠦ ᠲᠡᠯᠳᠡᠦ ᠵᠠᠷᠭᠡ ᠮᠦᠬᠦ ᠪᠠᠺᠲ᠋ᠧᠷᠢ ᠶᠢᠨ ᠤᠷᠭᠤᠮᠠᠯ ᠪᠤᠢ᠃ ᠬᠤᠰᠢᠭᠤᠨ ᠤ ᠭᠡᠪᠴᠢᠶᠠᠨ ᠳᠤ ᠣᠷᠣᠰᠢᠨ | ᠠᠮᠢᠳᠤᠷᠠᠵᠦ ᠪᠠᠶᠢᠭ᠎ᠠ ᠠᠷᠢᠶᠠᠳᠠᠨ ᠤ ᠲᠦᠷᠦᠯ ᠤᠨ ᠪᠦᠷᠢᠨ ᠪᠤᠰᠤ ᠪᠦᠷᠢᠳᠭᠡᠯ ᠢ ᠦᠨᠳᠦᠰᠦᠯᠡᠪᠡᠯ 4 ᠪᠠᠭ᠂ 14 ᠢᠵᠠᠭᠤᠷ ᠤᠨ 49 ᠲᠦᠷᠦᠯ ᠪᠠᠶᠢᠨ᠎ᠠ᠃ ᠡᠭᠦᠨ | ᠤ ᠲᠤᠳᠤᠷ᠎ᠠ ᠤᠯᠤᠰ ᠤᠨ ᠬᠠᠮᠠᠭᠠᠯᠠᠯᠳᠠ ᠲᠠᠢ ᠬᠤᠪᠤᠷ ᠴᠤᠬᠠᠭ ᠠᠮᠢᠳᠠᠨ 12 ᠲᠦᠷᠦᠯ ᠪᠤᠢ᠃ ᠰᠢᠪᠡᠭᠤᠨ ᠤ ᠲᠦᠷᠦᠯ ᠤᠨ ᠡᠬᠢ ᠪᠠᠶᠠᠯᠢᠭ ᠢᠶᠠᠷ ᠨᠠᠯᠢᠶᠠᠳ | ᠡᠯᠪᠡᠭ ᠪᠠᠶᠢᠳᠠᠭ᠂ ᠲᠡᠮᠳᠡᠭᠯᠡᠯ ᠢ ᠦᠨᠳᠦᠰᠦᠯᠡᠪᠡᠯ ᠢᠮᠢᠨ ᠭᠤᠤᠯ ᠤᠨ ᠰᠠᠪᠠ ᠭᠠᠵᠠᠷ ᠤᠨ ᠰᠢᠪᠡᠭᠤᠨ ᠤ ᠲᠦᠷᠦᠯ ᠨᠢ 16 ᠪᠠᠭ᠂ 34 ᠢᠵᠠᠭᠤᠷ ᠤᠨ 140 | ᠲᠦᠷᠦᠯ ᠪᠤᠢ᠃ | ᠬᠤᠰᠢᠭᠤᠨ ᠤ ᠬᠢᠯᠢ ᠲᠤᠳᠤᠷ᠎ᠠ ᠬᠤᠸᠠᠨᠧᠩ ᠢᠮᠢᠨ ᠨᠠᠬᠦᠷᠠᠰᠤ ᠴᠠᠬᠢᠯᠭᠠᠨ ᠤ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠱᠧᠨ ᠬᠤᠸ᠋ᠨ ᠳ᠋ᠠᠶᠠᠨ ᠤ ᠡᠨᠧᠷᠬᠢ | ᠶᠢᠨ ᠪᠦᠯᠦᠭᠯᠡᠯ᠂ ᠬᠤᠩᠭᠤᠯᠵᠢ ᠤᠢ ᠰᠢᠭᠤᠢ ᠶᠢᠨ ᠲᠤᠪᠴᠢᠶ᠎ᠠ᠂ ᠦᠪᠤᠷ ᠮᠤᠩᠭᠤᠯ ᠤᠨ ᠲᠦᠩ ᠳ᠋ᠠ ᠨᠠᠬᠦᠷᠠᠰᠤᠨ ᠦᠢᠯᠡᠰ ᠤᠨ ᠺᠤᠮᠫᠠᠨᠢ ᠵᠠᠷᠭᠡ ᠤᠯᠤᠰ ᠤᠨ | ᠦᠮᠴᠢᠯᠠᠯᠳᠤ ᠲᠤᠮᠤ ᠠᠵᠦ ᠠᠬᠤᠶᠢᠯᠠᠯ ᠤᠳ ᠪᠤᠢ᠃ ᠦᠪᠠᠷᠳᠡᠭᠡᠨ ᠵᠠᠰᠠᠬᠤ ᠬᠤᠰᠢᠭᠤ ᠤᠷᠢᠳ ᠬᠤᠵᠢᠳ ︽ᠪᠦᠬᠦ ᠤᠯᠤᠰ ᠤᠨ ᠪᠤᠯᠪᠠᠰᠤᠨ ᠬᠤᠰᠢᠭᠤ ᠰᠢᠶᠠᠨ ᠤ | ᠬᠤᠳᠠ︾᠂ ︽ᠪᠦᠬᠦ ᠤᠯᠤᠰ ᠤᠨ ᠰᠤᠶᠤᠯ ᠤᠨ ᠲᠡᠷᠢᠭᠦᠨ ᠤ ᠰᠢᠶᠠᠨ︾᠂ ︽ᠲᠤᠮᠳᠠᠳᠤ ᠤᠯᠤᠰ ᠤᠨ ᠵᠢᠭᠤᠯᠴᠢᠯᠠᠯ ᠤᠨ ᠬᠦᠴᠦᠷᠭᠡᠭ ᠰᠢᠶᠠᠨ︾᠂ ︽ᠪᠦᠬᠦ | ᠤᠯᠤᠰ ᠤᠨ ᠪᠠᠶ᠎ᠠ ᠶᠢᠨ ᠲᠠᠮᠢᠷ ᠤᠨ ᠲᠠᠷᠢᠭᠦᠨ ᠤ ᠰᠢᠶᠠᠨ︾᠂ ︽ᠪᠦᠬᠦ ᠤᠯᠤᠰ ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠵᠢᠱᠢᠶᠠᠴᠢ ᠨᠢᠭᠡᠴᠠ︾᠂ ︽ | ᠪᠦᠬᠦ ᠤᠯᠤᠰ ᠤᠨ ᠬᠢᠳᠠᠳ ᠮᠤᠩᠭᠤᠯ ᠡᠮᠨᠡᠯᠭᠡ ᠶᠢᠨ ᠠᠵᠢᠯ ᠤᠨ ᠲᠠᠷᠢᠭᠦᠨ ᠤ ᠰᠢᠶᠠᠨ︾᠂ ︽ᠪᠦᠬᠦ ᠤᠯᠤᠰ ᠤᠨ ᠠᠷᠠᠳ ᠤᠨ ᠰᠤᠶᠤᠯ ᠲᠠᠭᠤᠤ ᠪᠦᠵᠢᠭ | ᠤᠷᠠᠯᠢᠭ ᠤᠨ ᠨᠤᠳᠤᠭ︾᠂ ︽ᠪᠦᠬᠦ ᠤᠯᠤᠰ ᠤᠨ ᠲᠡᠤᠭᠡ ᠶᠢᠨ ᠲᠤᠷᠠᠰᠬᠠᠯᠳᠤ ᠵᠦᠢᠯᠡᠰ ᠤᠨ ᠠᠵᠢᠯ ᠤᠨ ᠲᠡᠷᠢᠭᠦᠨ ᠤ ᠰᠢᠶᠠᠨ︾ ᠪᠠ ︽ᠪᠦᠬᠦ ᠤᠷᠤᠨ ᠤ ᠬᠤᠶᠠᠷ | ᠢ ᠬᠦᠷᠢᠶᠠᠯᠠᠬᠦ ᠵᠢᠱᠢᠶᠠᠴᠢ ᠬᠤᠰᠢᠭᠤ︾ ᠵᠠᠷᠭᠡ ᠢᠷᠠᠭᠤ ᠠᠯᠳᠠᠷ ᠤᠨ ᠴᠤᠯᠨ ᠢᠶᠠᠷ ᠦᠨᠡᠯᠡᠭᠳᠡᠪᠡ᠃ ︽ᠪᠦᠬᠦ ᠤᠯᠤᠰ ᠤᠨ ᠠᠮᠢ ᠠᠬᠤᠢ ᠶᠢᠨ ᠬᠤᠰᠢᠭᠤ︾ ᠶᠢᠨ | ᠪᠦᠳᠦᠭᠡᠨ ᠪᠠᠶᠢᠭᠤᠯᠤᠯᠳᠠ ᠨᠢ ᠪᠦᠬᠦ ᠤᠯᠤᠰ ᠤᠨ ᠤᠷᠴᠢᠨ ᠲᠤᠭᠤᠷᠢᠨ ᠤ ᠶᠠᠮᠤᠨ ᠤ ᠰᠢᠯᠭᠠᠨ ᠠᠪᠤᠯᠳᠠ ᠶᠢ ᠤᠷᠤᠭᠰᠢᠳᠠᠢ ᠦᠩᠭᠡᠷᠡᠭᠡᠪᠡ᠃ 2014 ᠤᠨ ᠤ | ᠲᠦᠪ ᠤᠨ ᠦᠨᠳᠦᠰᠦᠳᠡᠨ ᠤ ᠠᠵᠢᠯ ᠤᠨ ᠬᠤᠷᠠᠯ ᠵᠢᠴᠢ ᠲᠦᠷᠦ ᠶᠢᠨ ᠶᠠᠪᠤᠳᠠᠯ ᠤᠨ ᠬᠤᠷᠢᠶᠠᠨ ᠤ ᠵᠢᠷᠭᠤᠳᠤᠭᠠᠷ ᠤᠳᠠᠭᠠᠨ ᠤ ᠪᠦᠬᠦ ᠤᠯᠤᠰ ᠤᠨ ᠦᠨᠳᠦᠰᠦᠳᠡᠨ | ᠤ ᠪᠦᠯᠬᠦᠮᠳᠠᠯ ᠲᠠᠪᠰᠢᠯᠳᠠ ᠶᠢᠨ ᠰᠠᠶᠢᠰᠢᠶᠠᠨ ᠬᠦᠬᠢᠭᠦᠯᠬᠦ ᠬᠤᠷᠠᠯ ᠲᠡᠭᠡᠷ᠎ᠠ ︽ ᠪᠦᠬᠦ ᠤᠯᠤᠰ ᠤᠨ ᠦᠨᠳᠦᠰᠦᠳᠡᠨ ᠤ ᠪᠦᠯᠬᠦᠮᠳᠠᠯ ᠲᠠᠪᠰᠢᠯᠳᠠ ᠶᠢᠨ ᠵᠢᠱᠢᠶᠠᠴᠢ | ᠬᠠᠮᠳᠤ ᠨᠢᠭᠡᠴᠠ︾ ᠪᠠᠷ ᠦᠨᠡᠯᠡᠭᠳᠡᠪᠡ᠃ | | |