ᠨᠤᠳᠤᠭ ᠲᠠᠭᠠᠨ ᠡᠷᠬᠦᠭᠰᠡᠨ ᠦᠭᠬᠢᠶᠡᠮᠦᠷ ᠬᠠᠶᠢᠷ᠎ᠠ
ᠨᠡᠶᠢᠲᠡᠯᠡᠭᠰᠡᠨ ᠴᠠᠭ᠄
2025/4/23
         — ᠡᠸᠡᠩᠬᠢ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ                       ᠤᠯᠠᠮᠵᠢᠯᠠᠭᠴᠢ ᠤᠶᠤᠨᠴᠡᠴᠡᠭ ᠤᠨ ᠦᠢᠯᠡ ᠠᠵᠢᠯᠯᠠᠭ᠎ᠠ ᠶᠢ ᠳᠡᠮᠳᠡᠭᠯᠡᠪᠡ     ᠬᠦᠯᠦᠨ ᠪᠦᠢᠷ ᠬᠤᠳᠠ ᠶᠢᠨ ᠡᠸᠡᠩᠬᠢ ᠬᠤᠰᠢᠭᠤᠨ ᠤ ᠢᠮᠢᠨ ᠰᠤᠮᠤ ᠬᠡᠵᠦ ᠳᠤᠩᠭᠠᠯᠠᠭ ᠳᠦᠯᠬᠡᠬᠡᠨ ᠢᠮᠢᠨ ᠭᠤᠤᠯ ᠤᠷᠤᠰᠤᠭᠰᠠᠨ᠂ ᠠᠯᠳᠠᠨ ᠬᠢᠩᠭᠠᠨ ᠤ ᠬᠤᠩᠭᠤᠯᠵᠢ ᠶᠢᠨ ᠤᠢ ᠰᠡᠬᠦ᠋ᠢᠭᠰᠡᠨ᠂ ᠠᠳᠤᠭᠤ ᠮᠠᠯ ᠠᠯᠠᠭᠰᠢᠨ ᠪᠡᠯᠴᠢᠭᠰᠡᠨ ᠤᠩᠭᠤᠨ ᠪᠠᠶᠢᠭᠠᠯᠢᠯᠢᠭ ᠢᠶᠠᠷ ᠢᠶᠠᠨ ᠪᠠᠶᠢᠭ᠎ᠠ ᠰᠠᠶᠢᠬᠠᠨ ᠨᠣᠳᠤᠭ ᠳ᠋ᠠ᠃ ᠡᠨᠡ ᠰᠠᠶᠢᠬᠠᠨ ᠨᠣᠳᠤᠭ ᠲᠠᠭᠠᠨ ᠲᠦᠷᠦᠵᠦ ᠦᠰᠴᠦ᠂ ᠨᠤᠳᠤᠭ ᠤᠷᠤᠨ ᠤ ᠪᠠᠨ ᠰᠤᠶᠤᠯ ᠰᠤᠷᠭᠠᠨ ᠬᠦᠮᠤᠵᠢᠯ ᠤᠨ ᠦᠢᠯᠡᠰ ᠲᠤ ᠮᠠᠬᠠᠷᠠᠨ ᠵᠢᠳᠬᠦᠵᠦ ᠶᠠᠪᠤᠭ᠎ᠠ ᠤᠶᠤᠨᠴᠡᠴᠡᠭ ᠪᠠᠭᠰᠢ ᠬᠡᠵᠦ ᠡᠵᠢ ᠬᠦᠮᠤᠨ ᠤ ᠡᠨᠡᠷᠢᠩᠬᠦᠢ ᠡᠶᠡᠯᠰᠡᠭ ᠲᠦᠷᠢ ᠲᠠᠢ᠂  ᠪᠠᠭᠰᠢ ᠬᠦᠮᠤᠨ ᠤ ᠨᠢᠮᠪᠡᠢ ᠲᠦᠪᠯᠡᠬᠦᠨ ᠵᠠᠩ ᠲᠠᠢ᠂ ᠦᠬᠡ ᠶᠠᠷᠢᠶ᠎ᠠ ᠳᠤᠳᠤᠬᠠᠨ᠂ ᠦᠬᠡᠳᠡ ᠬᠠᠯᠠᠭᠤᠮᠰᠤᠭ ᠬᠦᠮᠤᠨ  ᠶᠤᠮᠰᠠᠨ᠃     ᠤᠶᠤᠨᠴᠡᠴᠡᠭ ᠪᠠᠭᠰᠢ ᠠᠰᠠᠷ ᠤᠨ ᠳᠠᠪᠤᠳᠤᠭᠠᠷ ᠳᠠᠪᠬᠤᠷ ᠲᠤ ᠰᠠᠭᠤᠲᠠᠭ᠃ ᠪᠢ ᠴᠢᠨᠢ  ᠨᠠᠰᠤᠳᠠᠨ ᠠᠴᠠ᠄ ︽ᠠᠰᠠᠷ ᠦᠨᠳᠤᠷ ᠭᠠᠷᠴᠤ ᠤᠷᠤᠬᠤ ᠳᠤ ᠳᠦᠬᠦᠮ ᠦᠬᠡᠢ ᠪᠠᠶᠢᠨ᠎ᠠ ᠤᠤ︖︾ ᠬᠡᠵᠦ  ᠬᠠᠯᠠᠮᠵᠢᠯᠠᠨ ᠠᠰᠠᠭᠤᠬᠤ ᠳᠤ᠄ ︽ᠪᠢ ᠰᠠᠶ᠋ᠢ ᠳᠠᠯᠠ ᠬᠦᠷᠴᠤ ᠪᠠᠶᠢᠭ᠎ᠠ ᠬᠦᠮᠤᠨ᠂ ᠬᠦᠯ ᠭᠠᠷ ᠬᠦᠩᠬᠡᠨ ᠪᠠᠶᠢᠭᠰᠠᠭᠠᠷ᠂ ᠳᠠᠪᠤᠨ ᠳᠠᠪᠬᠤᠷ ᠠᠰᠠᠷ ᠬᠠᠮᠢᠭ᠎ᠠ ᠴᠤ ᠦᠬᠡᠢ ᠁︾ ᠬᠡᠵᠦ ᠠᠵᠢᠭ ᠦᠬᠡᠢ ᠶᠠᠷᠢᠪᠠ᠃ ᠨᠡᠬᠡᠷᠡᠨ ᠲᠡᠶᠢᠮᠤ︕ ᠤᠶᠤᠨᠴᠡᠴᠡᠭ ᠪᠠᠭᠰᠢ ᠶᠢ ᠬᠠᠷᠠᠬᠤ ᠳᠤ ᠬᠦᠳᠡᠯᠵᠦ ᠪᠠᠷᠢᠬᠤ ᠨᠢ ᠬᠦᠩᠬᠡᠨ ᠱᠦᠩᠭᠡᠨ᠂ ᠦᠬᠡ ᠳᠠᠭᠤ ᠨᠢ ᠳᠤᠳᠤ  ᠴᠢᠩᠭ᠎ᠠ᠂ ᠨᠢᠭᠤᠷ ᠴᠢᠷᠠᠢ ᠲᠡᠨᠢᠬᠦᠨ᠂ ᠳᠠᠯᠠ ᠬᠦᠷᠦᠯ᠎ᠡ ᠬᠡᠵᠦ ᠢᠳᠡᠬᠡᠮᠡᠷ ᠦᠬᠡᠢ ᠪᠠᠶᠢᠯ᠎ᠠ᠃ ᠤᠶᠤᠨᠴᠡᠴᠡᠭ ᠪᠠᠭᠰᠢ 1946 ᠤᠨ ᠳᠤ ᠡᠸᠡᠩᠬᠢ ᠬᠤᠰᠢᠭᠤᠨ ᠤ ᠢᠮᠢᠨ ᠰᠤᠮᠤᠨ ᠤ ᠬᠤᠩᠭᠤᠯᠵᠢ ᠭᠠᠴᠠᠭ᠎ᠠ ᠶᠢᠨ ᠳ᠋ᠤᠯᠠᠷ ᠤᠪᠤᠭ ᠲᠠᠢ ᠠᠮᠤᠩᠭ᠎ᠠ ᠶᠢᠨ ᠦᠬᠢᠨ ᠪᠤᠯᠵᠤ ᠵᠠᠶᠠᠭᠠᠪᠠ᠃ ᠪᠠᠭ᠎ᠠ ᠰᠤᠷᠭᠠᠭᠤᠯᠢ ᠶᠢᠨ ᠦᠨᠳᠤᠷ ᠳᠡᠰ ᠤᠨ ᠪᠠᠭᠰᠢ ᠶᠢᠨ ᠴᠤᠯᠠ ᠲᠠᠢ᠂ ᠬᠤᠶᠠᠷ ᠬᠦᠤ ᠬᠤᠶᠠᠷ ᠦᠬᠢᠨ ᠲᠠᠢ᠂ ᠬᠦᠤ ᠪᠡᠷᠢ᠂ ᠬᠡᠤᠬᠡᠨ ᠬᠦᠷᠬᠡᠨ ᠨᠢ ᠪᠦᠷ ᠠᠵᠢᠯ ᠤᠨ ᠪᠠᠶᠢᠷᠢ ᠳᠤ ᠭᠠᠷᠤᠭᠰᠠᠨ ᠪᠤᠯᠬᠤᠷ 1996 ᠤᠨ‌‍ᠳᠤ ᠲᠡᠳᠬᠦᠷᠢ ᠳᠤ ᠭᠠᠷᠤᠭᠰᠠᠨ ᠠᠴᠠ ᠬᠤᠶᠢᠰᠢ ᠪᠠᠭ᠎ᠠ ᠬᠦᠤ ᠪᠠᠨ ᠳᠠᠭᠠᠵᠤ ᠬᠠᠶᠢᠯᠠᠷ ᠬᠤᠳᠠ ᠳᠤ ᠢᠷᠡᠵᠦ ᠠᠮᠢᠳᠤᠷᠠᠭᠰᠠᠨ ᠪᠠᠶᠢᠪᠠ᠃               ᠬᠦᠰᠡᠯ ᠵᠢᠬᠦᠷᠯᠡᠭᠰᠡᠨ ᠪᠠᠭ᠎ᠠ ᠨᠠᠰᠤ                 ᠳᠡᠬᠡᠷ᠎ᠡ ᠵᠠᠭᠤᠨ ᠤ ᠳᠠᠪᠢᠭᠠᠳ ᠤᠨ ᠤ ᠦᠶᠡᠰ ᠢᠶᠠᠷ ᠤᠯᠤᠰ ᠤᠷᠤᠨ ᠴᠢᠯᠦᠬᠡᠯᠡᠭᠳᠡᠬᠡᠳ ᠳᠡᠮᠡᠢ ᠣᠳᠠᠭᠰᠠᠨ ᠦᠬᠡᠢ ᠪᠤᠯᠬᠤᠷ ᠨᠠᠶᠢᠭᠡᠮ ᠤᠨ ᠬᠦᠭᠵᠢᠯᠲᠡ ᠬᠤᠴᠤᠷᠤᠩᠭᠤᠢ᠂ ᠠᠷᠠᠳ ᠤᠨ ᠠᠮᠢᠳᠤᠷᠠᠯ ᠨᠡᠯᠢᠶᠡᠳ  ᠶᠠᠲᠠᠭᠤ ᠪᠠᠶᠢᠭᠰᠠᠨ ᠬᠡᠳᠡᠭ᠃ ᠲᠡᠷᠡ ᠦᠶᠡᠰ ᠨᠤᠳᠤᠭ ᠠᠭᠤᠵᠢᠮ᠂ ᠠᠶᠢᠯ ᠴᠦᠬᠡᠨ᠂ ᠡᠪᠦᠯ ᠵᠤᠨ ᠦᠬᠡᠢ ᠮᠤᠩᠭᠤᠯ ᠬᠡᠷ ᠲᠤ ᠰᠠᠭᠤᠵᠤ᠂ ᠳ᠋ᠠᠭᠰᠠᠨ ᠠᠭᠤᠯᠠ ᠪᠤᠯᠤᠨ ᠬᠤᠵᠢᠷ ᠬᠤᠩᠭᠤᠯᠵᠢ ᠬᠡᠰᠡᠨ ᠭᠠᠵᠠᠷ ᠢᠶᠠᠷ ᠲᠦᠷᠪᠡᠨ ᠤᠯᠠᠷᠢᠯ ᠢᠶᠠᠷ ᠡᠭᠡᠯᠵᠢᠯᠡᠵᠦ᠂ ᠬᠡᠳᠤᠨ ᠮᠠᠯ ᠢᠶᠠᠷ ᠢᠶᠠᠨ ᠠᠮᠢ ᠵᠠᠭᠤᠨ᠂ ᠢᠮᠢᠨ ᠭᠤᠤᠯ ᠢ ᠦᠭᠰᠦᠨ ᠤᠷᠤᠭᠤᠳᠠᠨ ᠨᠡᠬᠦᠲᠡᠯᠯᠡᠵᠦ ᠪᠤᠷᠤ ᠬᠤᠨᠤᠭ ᠰᠢᠷ᠎ᠠ ᠡᠳᠦᠷ ᠢ ᠦᠩᠬᠡᠷᠡᠬᠡᠵᠦ ᠪᠠᠶᠢᠭᠰᠠᠨ ᠬᠡᠨ᠎ᠡ᠃ ᠬᠠᠷᠢᠨ ᠴᠦᠬᠡᠬᠡᠨ ᠬᠡᠳᠦᠨ ᠪᠠᠶᠠᠨ ᠠᠶᠢᠯ ᠤᠨ ᠡᠪᠦᠯᠵᠢᠶ᠎ᠡ ᠬᠡᠵᠦ ᠨᠢᠬᠡ ᠬᠤᠶᠠᠷ ᠰᠢᠪᠡᠷ ᠪᠠᠶᠢᠰᠢᠩ ᠪᠠᠶᠢᠭᠰᠠᠨ᠃ ᠨᠠᠰᠢ ᠴᠠᠰᠢ ᠶᠠᠪᠤᠬᠤ ᠳᠤ ᠵᠠᠮ ᠬᠠᠷᠢᠯᠴᠠᠭ᠎ᠠ ᠲᠦᠬᠦᠮ ᠦᠬᠡᠢ᠂ ᠵᠠᠮ ᠬᠠᠷᠢᠯᠴᠠᠭᠠᠨ ᠤ ᠪᠠᠭᠠᠵᠢ ᠬᠡᠪᠡᠯ ᠦᠬᠡᠷ ᠲᠡᠷᠬᠡ ᠪᠢᠰᠢ ᠪᠤᠯ ᠮᠤᠷᠢ ᠯᠠ ᠪᠠᠶᠢᠵᠠᠢ᠃ ᠰᠤᠮᠤ ᠬᠤᠰᠢᠭᠤ ᠪᠠᠷ ᠳᠡᠯᠬᠡᠬᠦᠷ ᠬᠡᠵᠦ ᠪᠠᠶᠢᠭ᠎ᠠ ᠦᠬᠡᠢ᠂ ᠠᠮᠢᠳᠤᠷᠠᠯ ᠰᠠᠶᠢᠨ ᠠᠶᠢᠯ ᠨᠢ ᠭᠤᠷᠪᠠ ᠲᠦᠷᠪᠡᠨ ᠦᠬᠡᠷ ᠲᠡᠷᠬᠡ ᠬᠦᠯᠢᠵᠦ᠂ ᠮᠤᠳᠤ ᠳᠡᠬᠡᠬᠡᠳ ᠬᠡᠳᠦᠨ ᠬᠤᠨᠤᠭ ᠢᠶᠠᠷ ᠠᠶᠠᠨ ᠬᠦᠭᠡᠭᠡᠨ᠂ ᠬᠠᠶᠢᠯᠠᠷ ᠬᠤᠳᠠ ᠳᠤ ᠤᠷᠤᠵᠦ ᠮᠤᠳᠤ ᠪᠠᠨ ᠬᠤᠳᠠᠯᠳᠤᠭᠠᠳ ᠤᠯᠤᠭᠰᠠᠨ ᠵᠤᠭᠤᠰ ᠢᠶᠠᠷ ᠢᠶᠠᠨ ᠢᠳᠡᠵᠦ ᠤᠤᠭᠤᠬᠤ ᠶᠠᠭᠤᠮ᠎ᠠ ᠪᠤᠶᠤ ᠠᠮᠢᠳᠤᠷᠠᠯ ᠤᠨ ᠬᠡᠷᠡᠭᠰᠡᠯ ᠠᠪᠳᠠᠭ ᠪᠠᠶᠢᠭᠰᠠᠨ ᠬᠡᠨ᠎ᠡ᠃ ᠤᠶᠤᠨᠴᠡᠴᠡᠭ ᠪᠠᠭᠰᠢ ᠵᠢᠷᠭᠤᠭᠠᠨ ᠨᠠᠰᠤᠳᠠᠢ ᠪᠠᠶᠢᠬᠤ ᠳᠠᠭᠠᠨ ᠨᠢᠬᠡ ᠤᠳᠠᠭ᠎ᠠ ᠡᠪᠦᠭᠡ ᠪᠠᠨ ᠳᠠᠭᠠᠵᠤ ᠬᠠᠶᠢᠯᠠᠷ ᠲᠤ ᠶᠠᠪᠤᠬᠤ ᠵᠠᠮ ᠳᠠᠭᠠᠨ ᠭᠤᠤᠯ ᠤᠨ ᠬᠦᠪᠡᠬᠡᠨ ᠳᠤ ᠬᠤᠨᠤᠭᠯᠠᠪᠠ᠃ ᠲᠡᠷᠡ ᠦᠶᠡᠰ ᠤᠨ ᠢᠮᠢᠨ ᠭᠤᠤᠯ ᠤᠨ ᠤᠰᠤ ᠶᠡᠭᠡ᠂ ᠰᠦᠨᠢ ᠶᠢᠨ ᠨᠠᠮ ᠳᠤ ᠤᠰᠤᠨ ᠤ ᠱᠤᠤᠬᠢᠶᠠᠨ ᠳᠤᠳᠤᠬᠠᠨ ᠰᠤᠨᠤᠰᠳᠠᠬᠤ ᠳᠤ ᠪᠡᠯᠴᠢᠷ ᠬᠡᠤᠬᠡᠳ ᠪᠠᠶᠢᠭᠰᠠᠨ ᠤᠶᠤᠨᠴᠡᠴᠡᠭ ᠪᠠᠭᠰᠢ ᠡᠷᠬᠢ ᠶᠡᠭᠦᠷᠡᠵᠦ᠂ ᠮᠤᠬᠤᠯᠠᠭ ᠲᠡᠷᠬᠡ ᠮᠢᠨᠢ ᠭᠤᠤᠯ ᠳᠤ ᠤᠨᠠᠴᠢᠬᠠᠬᠤ ᠶᠤᠮ ᠪᠠᠶᠢᠨ᠎ᠠ ᠬᠡᠳ ᠠᠶᠤᠭᠠᠳ ᠶᠡᠭᠡ ᠳᠠᠭᠤᠨ ᠢᠶᠠᠷ ᠤᠬᠢᠯᠠᠴᠢᠬᠠᠭᠰᠠᠨ ᠬᠡᠳᠡᠭ᠃ ᠬᠠᠶᠢᠯᠠᠷ ᠲᠤ ᠬᠦᠷᠦᠬᠡᠳ ᠡᠪᠦᠭᠡ ᠨᠢ ᠳᠡᠬᠦᠨ ᠳᠤ ᠤᠳᠠᠰᠤ ᠪᠠᠷ ᠭᠡᠯᠬᠢᠭᠰᠡᠨ ᠪᠢᠩᠭᠠᠨ ᠠᠪᠴᠤ ᠦᠭᠬᠦ ᠳᠤ ᠲᠡᠷᠡ ᠪᠢᠩᠭᠠᠨ ᠢᠶᠠᠨ ᠢᠳᠡᠬᠦ ᠠᠴᠠ ᠬᠠᠶᠢᠷᠠᠯᠠᠭᠠᠳ ᠮᠤᠬᠤᠯᠠᠭ ᠲᠡᠷᠬᠡ ᠠᠴᠠ ᠳᠡᠬᠦᠵᠢᠯᠡᠵᠦ ᠤᠶᠠᠭᠠᠳ ᠨᠢᠬᠡ ᠵᠠᠮ ᠪᠢᠩᠭᠠᠨ ᠢᠶᠠᠨ ᠬᠠᠷᠠᠵᠤ ᠶᠠᠪᠤᠵᠤ ᠢᠷᠡᠭᠰᠡᠨ ᠬᠡᠵᠦ ᠬᠡᠤᠬᠡᠳ ᠦᠶ᠎ᠡ ᠶᠢᠨ ᠠᠮᠢᠳᠤᠷᠠᠯ ᠢᠶᠠᠨ ᠡᠷᠬᠢᠴᠡᠬᠦᠯᠦᠨ ᠶᠠᠷᠢᠵᠦ ᠪᠢᠯᠡ᠃                 ᠳᠤᠬᠠᠢ ᠶᠢᠨ ᠦᠶ᠎ᠡ ᠳᠤ ᠬᠡᠤᠬᠡᠳ ᠴᠦᠬᠡᠨ ᠰᠤᠷᠭᠠᠭᠤᠯᠢ ᠬᠤᠯᠠ ᠳᠤᠯᠠ ᠭᠠᠴᠠᠭ᠎ᠠ ᠪᠠᠷ ᠬᠡᠳᠤᠨ ᠬᠡᠤᠬᠡᠳ ᠰᠤᠷᠬᠤ ᠨᠠᠰᠤᠨ ᠳᠤ ᠤᠶᠢᠷᠠᠳᠤᠪᠠᠯ ᠨᠢᠬᠡ ᠠᠩᠬᠢ ᠪᠠᠶᠢᠭᠤᠯᠵᠤ ᠪᠢᠴᠢᠭ ᠵᠢᠭᠠᠳᠠᠭ ᠪᠠᠶᠢᠭᠰᠠᠨ᠃ ᠳᠡᠬᠡᠬᠡᠳ 1956 ᠤᠨ ᠳᠤ ᠤᠶᠤᠨᠴᠡᠴᠡᠭ ᠪᠠᠭᠰᠢ ᠭᠠᠴᠠᠭᠠᠨ ᠤ ᠨᠠᠰᠤ ᠤᠶᠢᠷᠠᠯᠴᠠᠭ᠎ᠠ ᠠᠷᠪᠠᠨ ᠬᠡᠳᠤᠨ ᠬᠡᠤᠬᠡᠳ ᠲᠠᠢ ᠨᠢᠬᠡ ᠠᠩᠬᠢ ᠪᠤᠯᠤᠭᠠᠳ ᠰᠤᠶᠤᠯ ᠪᠤᠯᠪᠠᠰᠤᠷᠠᠯ ᠤᠨ ᠠᠩᠬᠠᠨ ᠤ ᠮᠦᠷ ᠢᠶᠠᠨ ᠬᠦᠬᠡᠬᠡᠭᠰᠡᠨ ᠪᠢᠯᠡ᠃ ᠲᠡᠷᠡ ᠦᠶ᠎ᠡ ᠶᠢᠨ ᠪᠠᠭ ᠤᠨ ︵ᠣᠳᠤ ᠶᠢᠨ ᠭᠠᠴᠠᠭ᠎ᠠ︶ ᠰᠤᠷᠭᠠᠭᠤᠯᠢ ᠬᠡᠵᠦ ᠬᠤᠶᠠᠷ ᠳᠠᠰᠤᠯᠭ᠎ᠠ ᠮᠤᠳᠤᠨ ᠪᠠᠶᠢᠰᠢᠩ ᠪᠠᠶᠢᠵᠤ᠂ ᠨᠢᠬᠡ ᠨᠢ ᠳᠡᠳᠡᠨ ᠤ ᠠᠩᠬᠢ ᠶᠢᠨ ᠬᠡᠷ᠂ ᠨᠦᠬᠦᠬᠡ ᠨᠢ ᠪᠠᠭᠰᠢ ᠶᠢᠨ ᠠᠯᠪᠠᠨ ᠬᠡᠷ ᠂ ᠮᠦᠨ ᠴᠦ ᠪᠠᠶᠢᠷᠢ ᠶᠢᠨ ᠬᠡᠷ ᠨᠢ ᠪᠠᠶᠢᠵᠠᠢ᠃ ᠳᠤᠬᠠᠢ ᠶᠢᠨ ᠦᠶᠡᠰ ᠨᠦᠬᠦᠴᠡᠯ ᠪᠠᠷᠤᠭᠳᠠᠢ ᠠᠴᠠ ᠪᠤᠯᠵᠤ ᠡᠪᠦᠯ ᠪᠤᠯᠬᠤ ᠳᠤ ᠬᠡᠷ ᠨᠢ ᠬᠦᠢᠳᠡᠨ᠂ ᠭᠠᠷ ᠨᠢ ᠪᠡᠬᠡᠷᠡᠬᠡᠳ ᠪᠢᠷ ᠪᠠᠷᠢᠬᠤ ᠳᠤ ᠴᠦ ᠬᠦᠴᠢᠷᠳᠡᠳᠡᠭ᠃ ᠳᠡᠬᠡᠬᠦ ᠳᠤ ᠠᠩᠬᠢ ᠶᠢᠨ ᠪᠠᠭᠰᠢ ᠨᠢ ᠰᠤᠷᠤᠭᠴᠢ ᠨᠠᠷ ᠢᠶᠠᠨ ᠬᠦᠯ ᠳᠡᠪᠰᠡᠬᠦᠯᠦᠨ ᠳᠤᠯᠠᠭᠠᠴᠠᠭᠤᠯᠳᠠᠭ ᠪᠠᠶᠢᠪᠠ᠃ ᠤᠶᠤᠨᠴᠡᠴᠡᠭ ᠪᠠᠭᠰᠢ ᠡᠷᠬᠢᠴᠡᠬᠦᠯᠵᠦ ᠶᠠᠷᠢᠬᠤ ᠳᠠᠭᠠᠨ᠄ ︽ ᠮᠠᠨ ᠤ ᠪᠠᠭᠰᠢ ᠵᠠᠮᠰᠠ ᠬᠡᠵᠦ ᠯᠠᠪᠳᠠᠭᠤᠨ ᠳᠤᠭᠳᠠᠭᠤᠨ ᠮᠦᠷᠳᠡᠬᠡᠨ ᠡᠶᠡᠯᠰᠡᠭ ᠵᠦᠬᠡᠯᠡᠨ ᠵᠠᠩ ᠲᠠᠢ ᠰᠠᠶᠢᠨ ᠪᠠᠭᠰᠢ  ᠪᠠᠶᠢᠵᠠᠢ᠃ ᠪᠢᠳᠠ ᠪᠦᠷ ᠡᠸᠡᠩᠬᠢ ᠬᠡᠤᠬᠡᠳ ᠮᠤᠩᠭᠤᠯ ᠦᠬᠡ ᠶᠡᠷᠢᠵᠦ ᠴᠢᠳᠠᠬᠤ ᠦᠬᠡᠢ᠃ ᠪᠠᠭᠰᠢ ᠮᠢᠨᠢ ᠪᠠᠭ᠎ᠠ ᠰᠠᠭ᠎ᠠ ᠡᠸᠡᠩᠬᠢ ᠬᠡᠯᠡ ᠮᠡᠳᠡᠬᠦ ᠪᠤᠯᠪᠠᠴᠤ ᠳᠤᠬᠠᠶᠢᠯᠠᠭᠰᠠᠨ ᠠᠵᠢᠯ ᠤᠨ ᠴᠢᠬᠤᠯᠠᠴᠢᠯᠠᠭ᠎ᠠ ᠠᠴᠠ ᠪᠤᠯᠵᠤ᠂ ᠬᠡᠷ ᠤᠨ ᠠᠬᠠᠮᠠᠳ ᠪᠤᠶᠤ ᠪᠢᠳᠠᠨ ᠠᠴᠠ ᠡᠸᠡᠩᠬᠢ ᠬᠡᠯᠡ ᠰᠤᠷᠴᠤ ᠳᠡᠮᠳᠡᠭᠯᠡᠵᠦ ᠠᠪᠴᠤ ᠪᠠᠶᠢᠭᠰᠠᠭᠠᠷ ᠰᠡᠬᠦᠯᠡᠷ ᠨᠢ ᠤᠷᠤᠰᠤᠮ᠎ᠠ ᠰᠠᠶᠢᠬᠠᠨ ᠡᠸᠡᠩᠬᠢ ᠬᠡᠯᠡ ᠲᠠᠢ ᠪᠤᠯᠤᠭᠰᠠᠨ ᠶᠤᠮ᠃ ᠲᠡᠷᠡ ᠪᠢᠳᠠᠨ ᠳᠤ ᠮᠤᠩᠭᠤᠯ ᠦᠬᠡ ᠵᠢᠭᠠᠵᠤ᠂ ᠮᠤᠩᠭᠤᠯ ᠢᠶᠠᠷ ᠶᠠᠷᠢᠯᠴᠠᠬᠤ ᠶᠢ ᠱᠠᠭᠠᠷᠳᠠᠳᠠᠭ ᠪᠠᠶᠢᠭᠰᠠᠨ᠃ ᠭᠠᠭᠴᠠᠬᠠᠨ ᠪᠠᠭᠰᠢ ᠲᠠᠢ ᠪᠤᠯᠬᠤᠷ ᠳᠠᠭᠤᠤ ᠳᠠᠮᠢᠷ ᠵᠡᠷᠬᠡ ᠪᠦᠬᠦ ᠲᠦᠷᠦᠯ ᠤᠨ ᠬᠢᠴᠢᠶᠡᠯ ᠢ ᠴᠦᠮ ᠵᠠᠮᠰᠠ ᠪᠠᠭᠰᠢ ᠵᠢᠭᠠᠳᠠᠭ ᠪᠠᠶᠢᠵᠠᠢ︾ ᠬᠡᠪᠡ᠃ ᠲᠡᠬᠡᠬᠡᠳ ᠤᠶᠤᠨᠴᠡᠴᠡᠭ ᠪᠠᠭᠰᠢ ᠠᠳᠠ ᠭᠤᠷᠪᠠᠨ ᠵᠢᠯ ᠪᠢᠴᠢᠭ ᠰᠤᠷᠴᠤ᠂ ᠠᠩᠬ᠎ᠠ ᠵᠡᠷᠬᠡ ᠶᠢᠨ ᠪᠠᠭ᠎ᠠ ᠰᠤᠷᠭᠠᠭᠤᠯᠢ ᠪᠠᠨ ᠳᠡᠬᠦᠰᠬᠡᠬᠡᠳ ᠳᠠᠬᠢᠨ ᠢᠮᠢᠨ ᠰᠤᠮᠤᠨ ᠤ ᠰᠤᠷᠭᠠᠭᠤᠯᠢ ᠳᠤ ᠭᠤᠷᠪᠠᠨ ᠵᠢᠯ ᠪᠢᠴᠢᠭ ᠦᠵᠡᠵᠦ᠂ 1962 ᠤᠨ ᠳᠤ ᠳᠡᠬᠡᠳᠤ ᠵᠡᠷᠬᠡ ᠶᠢᠨ ᠪᠠᠭ᠎ᠠ ᠰᠤᠷᠭᠠᠭᠤᠯᠢ ᠪᠠᠨ ᠳᠡᠬᠦᠰᠬᠡᠪᠡ᠃               ᠬᠠᠳᠠᠭᠤᠵᠢᠯᠳᠠᠢ ᠳᠡᠮᠡᠴᠡᠭᠰᠡᠨ ᠵᠠᠯᠠᠭᠤ ᠨᠠᠰᠤ                 1962 ᠤᠨ ᠳᠤ ᠲᠡᠷᠡ ᠰᠤᠷᠭᠠᠭᠤᠯᠢ ᠪᠠᠨ ᠳᠡᠬᠦᠰᠬᠡᠬᠡᠳ ᠨᠤᠳᠤᠭ ᠲᠠᠭᠠᠨ ᠪᠤᠴᠠᠵᠤ ᠢᠷᠡᠬᠦ ᠳᠤ  ᠭᠠᠴᠠᠭᠠᠨ ᠳᠤ ᠶᠠᠭ ᠰᠤᠷᠭᠠᠭᠤᠯᠢ ᠪᠠᠶᠢᠭᠤᠯᠤᠭᠰᠠᠨ ᠪᠤᠯᠬᠤᠷ ᠨᠤᠳᠤᠭ ᠤᠨ ᠰᠤᠷᠭᠠᠭᠤᠯᠢ ᠨᠢ ᠲᠡᠬᠦᠨ ᠢ ᠪᠠᠭᠰᠢ ᠪᠠᠷ  ᠬᠦᠯᠥᠰᠤᠯᠠᠨ ᠵᠠᠷᠤᠭᠰᠠᠨ ᠶᠤᠮ᠃ ︽ᠪᠢ ᠳᠤᠬᠠᠢ ᠶᠢᠨ ᠦᠶ᠎ᠡ ᠳᠤ ᠨᠤᠳᠤᠭ ᠲᠠᠭᠠᠨ ᠬᠡᠳᠦ᠋ᠢᠪᠡᠷ ᠰᠡᠬᠡᠬᠡᠳᠡᠨ  ᠪᠤᠯᠪᠠᠴᠤ ᠦᠪᠡᠷ ᠤᠨ ᠮᠡᠳᠡᠯᠬᠡ ᠶᠢᠨ ᠬᠢᠷᠢ ᠬᠡᠮᠵᠢᠶ᠎ᠡ ᠳᠡᠭᠡᠨ ᠶᠡᠷᠤ ᠰᠡᠳᠬᠢᠯ ᠬᠠᠨᠤᠭᠰᠠᠨ ᠦᠬᠡᠢ᠃ ᠭᠡᠵᠢᠶᠡᠳᠡ ᠦᠪᠡᠷ ᠢᠶᠠᠨ ᠤᠷᠢᠲᠠᠪᠠᠷ ᠰᠤᠷᠤᠯᠴᠠᠵᠤ᠂ ᠲᠠᠷᠠᠭ᠎ᠠ ᠨᠢ ᠰᠠᠶ᠋ᠢ ᠰᠤᠷᠤᠭᠴᠢ ᠳᠠᠭᠠᠨ ᠵᠢᠭᠠᠳᠠᠭ ᠪᠠᠶᠢᠵᠠᠢ᠃ ᠪᠢ ᠰᠤᠷᠤᠭᠴᠢ ᠶᠢ ᠵᠤᠷᠢᠭᠵᠢᠭᠤᠯᠬᠤ ᠶᠢ ᠴᠢᠬᠤᠯᠠᠴᠢᠯᠠᠳᠠᠭ᠃ ᠴᠢᠳᠠᠬᠤ ᠦᠬᠡᠢ ᠮᠡᠳᠡᠬᠦ ᠦᠬᠡᠢ ᠬᠡᠤᠬᠡᠳ ᠲᠤ ᠳᠤᠰᠬᠠᠢ ᠰᠡᠳᠦᠪ ᠦᠯᠡᠳᠡᠬᠡᠵᠦ᠂ ᠳᠤᠰᠬᠠᠢ ᠵᠢᠯᠦᠭᠤᠳᠤᠯᠭ᠎ᠠ ᠬᠢᠵᠦ ᠦᠭᠳᠡᠭ᠃ ᠰᠢᠨ᠎ᠡ ᠰᠤᠷᠤᠭᠴᠢ ᠪᠦᠷ ᠡᠸᠡᠩᠬᠢ ᠬᠡᠯᠡ ᠲᠠᠢ  ᠂ ᠪᠢᠳᠠᠨ ᠤ ᠴᠢᠷᠮᠠᠶᠢᠯᠭ᠎ᠠ ᠳᠤᠤᠷ᠎ᠠ ᠰᠤᠷᠭᠠᠭᠤᠯᠢ ᠳᠡᠬᠦᠰᠬᠦ ᠳᠡᠭᠡᠨ ᠳᠡᠳᠡ ᠪᠦᠷ ᠬᠤᠶᠠᠷ ᠬᠡᠯᠡ ᠶᠢ ᠤᠷᠤᠰᠤᠮ᠎ᠠ ᠬᠡᠯᠡᠵᠦ ᠴᠢᠳᠠᠬᠤ ᠪᠤᠯᠳᠠᠭ ᠰᠢᠤ︕︾ ᠬᠡᠵᠦ ᠤᠶᠤᠨᠴᠡᠴᠡᠭ ᠪᠠᠭᠰᠢ ᠤᠮᠤᠭᠰᠢᠨ ᠶᠠᠷᠢᠪᠠ᠃ ᠳᠤᠬᠠᠢ ᠶᠢᠨ ᠦᠶ᠎ᠡ ᠳᠤ ᠰᠤᠷᠭᠠᠭᠤᠯᠢ ᠨᠢ ᠠᠶᠢᠯ ᠤᠨ ᠲᠦᠪ ᠳᠤᠮᠳᠠ ᠪᠠᠶᠢᠷᠢᠯᠠᠵᠤ᠂ ᠵᠢᠷᠭᠤᠭᠠᠨ ᠠᠩᠬᠢ ᠶᠢᠨ ᠬᠡᠷ᠂ ᠨᠢᠭᠡ ᠠᠵᠢᠯᠯᠠᠬᠤ ᠬᠡᠷ᠂ ᠨᠢᠭᠡ ᠪᠠᠭᠰᠢ ᠶᠢᠨ ᠪᠠᠶᠢᠷᠢ ᠲᠠᠢ᠃ ᠪᠠᠭᠰᠢ ᠨᠠᠷ ᠰᠠᠭᠤᠬᠤ ᠬᠡᠷ ᠢᠶᠠᠨ  ᠦᠪᠡᠰᠦᠪᠡᠨ ᠰᠢᠢᠳᠪᠦᠷᠢᠯᠡᠳᠡᠭ᠃ ᠵᠤᠨ ᠪᠤᠯᠪᠠᠯ ᠰᠤᠷᠭᠠᠭᠤᠯᠢ‌ᠨᠢ ᠮᠠᠯᠴᠢᠳ ᠢᠶᠠᠨ ᠳᠠᠭᠠᠵᠤ ᠨᠡᠬᠦᠳᠡᠭ᠃ ᠵᠤᠨ ᠤ ᠵᠤᠰᠠᠯᠠᠩ ᠤᠨ ᠬᠡᠷ ᠢᠶᠠᠨ ᠪᠠᠭᠰᠢ ᠰᠤᠷᠤᠭᠴᠢᠳ ᠪᠦᠷ ᠦᠪᠡᠰᠦᠪᠡᠨ ᠪᠠᠷᠢᠳᠠᠭ ᠪᠠᠶᠢᠪᠠ᠃ ᠲᠦᠯᠡᠭᠡ ᠲᠦᠯᠡᠰᠢ ᠰᠢᠷᠡᠭᠡ ᠰᠠᠨᠳᠠᠯᠢ ᠪᠠᠨ ᠪᠦᠷ ᠦᠬᠡᠷ ᠲᠡᠷᠬᠡ ᠪᠠᠷ ᠳᠡᠬᠡᠬᠡᠳᠡᠭ᠃ ᠨᠡᠩ ᠢᠯᠠᠩᠭᠤᠶ᠎ᠠ ᠮᠠᠯᠴᠢᠳ ᠢ ᠲᠠᠭᠠᠨ ᠢᠮᠢᠨ ᠭᠤᠤᠯ ᠢ ᠦᠬᠡᠳᠡᠯᠡᠨ ᠤᠷᠤᠭᠤᠳᠠᠵᠤ᠂ ᠵᠢᠯ ᠤᠨ ᠬᠤᠶᠠᠷ ᠤᠳᠠᠭ᠎ᠠ ᠰᠤᠷᠭᠠᠭᠤᠯᠢ ᠪᠠᠨ ᠨᠡᠬᠦᠯᠭᠡᠬᠦ ᠨᠢ ᠪᠠᠭᠰᠢ ᠰᠤᠷᠤᠭᠴᠢᠳ ᠲᠤ ᠠᠪᠴᠤ ᠭᠡᠯᠡᠪᠡᠯ ᠡᠬᠦᠷᠬᠡ ᠲᠤᠩ ᠬᠦᠨᠳᠤ ᠪᠠᠶᠢᠭᠰᠠᠨ᠃ ᠮᠠᠯᠴᠢᠳ ᠲᠤ ᠲᠦᠬᠦᠮ ᠨᠦᠬᠦᠴᠡᠯ ᠢ ᠪᠦᠷᠢᠯᠲᠦᠬᠦᠯᠦᠨ᠂ ᠰᠤᠷᠬᠤ ᠨᠠᠰᠤᠨ ᠤ ᠬᠡᠤᠬᠡᠳ ᠢ ᠵᠠᠭᠤᠨ ᠤ ᠵᠠᠭᠤ ᠪᠠᠷ ᠰᠤᠷᠭᠠᠭᠤᠯᠢ ᠳᠤ ᠤᠷᠤᠭᠤᠯᠬᠤ ᠪᠠᠷ ᠴᠢᠷᠮᠠᠶᠢᠭᠰᠠᠨ ᠢᠶᠠᠷ ᠮᠠᠯᠴᠢᠳ ᠤᠨ ᠬᠡᠤᠬᠡᠳ ᠪᠢᠴᠢᠭ ᠦᠵᠡᠬᠦ ᠨᠤᠷᠮ᠎ᠠ ᠨᠢ ᠶᠡᠭᠡ ᠪᠠᠷ ᠲᠡᠭᠡᠭᠰᠢᠯᠡᠭᠰᠡᠨ ᠪᠠᠶᠢᠨ᠎ᠠ᠃ ᠭᠠᠴᠠᠭᠠᠨ ᠤ ᠰᠤᠷᠭᠠᠭᠤᠯᠢ ᠳᠤ ᠪᠠᠭᠰᠢ ᠶᠡᠬᠡᠪᠡᠷ ᠳᠤᠳᠠᠭᠳᠠᠵᠤ᠂ ᠵᠠᠷᠢᠮ ᠦᠶᠡᠰ ᠬᠤᠶᠠᠷ ᠠᠩᠬᠢ ᠳᠤ ᠨᠢᠬᠡ ᠪᠠᠭᠰᠢ ᠬᠢᠴᠢᠶᠡᠯᠯᠡᠬᠦ ᠤᠳᠠᠭ᠎ᠠ ᠴᠦ ᠭᠠᠷᠳᠠᠭ᠃ ᠶᠡᠷᠤ ᠳᠡᠭᠡᠨ ᠨᠢᠬᠡ ᠪᠠᠭᠰᠢ ᠨᠢᠬᠡ ᠠᠩᠬᠢ ᠶᠢ ᠲᠠᠭᠠᠭᠠᠨ ᠬᠠᠷᠢᠭᠤᠴᠠᠵᠤ᠂ ᠡᠳᠦᠷ ᠲᠤ 6 ᠬᠢᠴᠢᠶᠡᠯ ᠤᠷᠤᠳᠠᠭ ᠪᠠᠶᠢᠭᠰᠠᠨ᠂ ᠰᠤᠯᠠ ᠴᠠᠭ ᠬᠡᠵᠦ ᠦᠴᠦᠬᠡᠨ ᠴᠦ ᠪᠠᠶᠢᠳᠠᠭ ᠦᠬᠡᠢ᠃ ᠪᠠᠰᠠ ᠭᠠᠷᠠᠭ ᠤᠨ ᠡᠳᠦᠷ ᠲᠡᠭᠡᠨ ᠭᠠᠴᠠᠭᠠᠨ ᠤ ᠠᠵᠢᠯ ᠳᠤ ᠠᠯᠪᠠᠨ ᠵᠢᠷᠤᠮ ᠤᠨ ᠬᠦᠳᠡᠯᠮᠦᠷᠢ ᠬᠢᠵᠦ᠂ ᠪᠤᠷᠳᠤᠭ᠎ᠠ ᠳᠡᠬᠡᠬᠡᠬᠦ ᠪᠤᠶᠤ ᠦᠯᠦᠩ ᠡᠪᠡᠰᠤ ᠬᠠᠳᠤᠬᠤ ᠵᠡᠷᠭᠡ ᠠᠵᠢᠯ ᠳᠤ ᠤᠷᠤᠯᠴᠠᠳᠠᠭ᠃ ᠨᠠᠩ ᠮᠠᠷᠳᠠᠭᠳᠠᠰᠢ ᠦᠬᠡᠢ ᠨᠢᠬᠡᠨ ᠶᠠᠪᠤᠳᠠᠯ ᠬᠡᠪᠡᠯ ᠤᠶᠤᠨᠴᠡᠴᠡᠭ ᠪᠠᠭᠰᠢ ᠠᠵᠢᠯ ᠶᠠᠭᠠᠷᠠᠤ ᠤᠴᠢᠷ ᠠᠴᠠ ᠬᠡᠤᠬᠡᠳ ᠢᠶᠠᠨ ᠬᠠᠷᠠᠬᠤ ᠴᠢᠯᠦᠬᠡ ᠦᠬᠡᠢ᠃ ᠨᠢᠯᠬ᠎ᠠ ᠬᠦᠤ ᠨᠢ ᠨᠠᠭᠠᠴᠤ ᠡᠮᠡᠭᠡ ᠶᠢᠨ ᠢᠶᠠᠨ ᠳᠤᠮᠤ ᠬᠦᠨᠦᠭ ᠲᠠᠢ ᠪᠤᠴᠠᠯᠤᠮ᠎ᠠ ᠬᠠᠯᠠᠭᠤᠨ ᠴᠠᠢ ᠶᠢ ᠳᠠᠳᠠᠵᠤ ᠳᠤᠯᠤᠭᠠᠢ ᠳᠡᠬᠡᠷ᠎ᠡ ᠪᠠᠨ ᠬᠦᠮᠦᠷᠢᠭᠰᠡᠨ ᠳᠤᠯᠠ ᠪᠦᠬᠦ ᠪᠡᠶ᠎ᠡ ᠨᠢ ᠬᠠᠯᠠᠵᠤ ᠰᠢᠷᠬᠠᠳᠤᠨ᠂ ᠶᠡᠭᠡ ᠵᠤᠪᠠᠵᠣ ᠡᠪᠡᠳᠦᠭᠰᠡᠨ ᠪᠢᠯᠡ᠃ ᠳᠤᠬᠠᠢ ᠶᠢᠨ ᠨᠦᠬᠦᠴᠡᠯ ᠢᠶᠠᠷ ᠡᠮᠨᠡᠯᠬᠡ ᠳᠤ ᠴᠦ ᠬᠦᠷᠬᠡᠵᠦ ᠡᠮᠨᠡᠬᠦᠯᠦᠭᠰᠡᠨ ᠦᠬᠡᠢ᠂ ᠵᠦᠪᠬᠡᠨ ᠨᠤᠳᠤᠭ ᠤᠨ ᠠᠷᠭ᠎ᠠ ᠪᠠᠷ ᠰᠠᠷ᠎ᠠ ᠭᠠᠷᠤᠢ ᠵᠠᠰᠠᠨ ᠪᠠᠶᠢᠵᠤ᠂ ᠰᠠᠶ᠋ᠢ ᠬᠠᠯᠠᠭᠠᠭᠰᠠᠨ ᠰᠢᠷᠬ᠎ᠠ ᠶᠢ ᠨᠢ ᠡᠳᠡᠬᠡᠷᠡᠬᠦᠯᠵᠦ ᠠᠪᠤᠯ᠎ᠠ ᠬᠡᠳᠡᠭ᠃ ᠡᠨᠡ ᠮᠡᠳᠦ‌‍ᠪᠠᠷ ᠤᠶᠤᠨᠴᠡᠴᠡᠭ ᠪᠠᠭᠰᠢ ᠦᠨᠳᠤᠰᠤᠨ ᠱᠠᠳᠤᠨ ᠤ ᠰᠤᠷᠭᠠᠭᠤᠯᠢ ᠳᠤ 35 ᠵᠢᠯ ᠢ ᠨᠢᠬᠡ ᠡᠳᠤᠷ ᠮᠡᠳᠦ ᠬᠠᠳᠠᠭᠤᠵᠢᠯᠳᠠᠢ ᠰᠢᠷᠭᠠᠭᠤ ᠠᠵᠢᠯᠯᠠᠨ᠂ ᠰᠤᠷᠬᠤ ᠳᠤ ᠬᠠᠯᠠᠰᠢᠷᠠᠬᠤ ᠦᠬᠡᠢ᠂ ᠰᠤᠷᠭᠠᠬᠤ ᠳᠤ ᠴᠦᠬᠦᠷᠡᠬᠦ ᠦᠬᠡᠢ ᠵᠤᠷᠢᠭ ᠰᠠᠨᠠᠭ᠎ᠠ ᠪᠠᠷ ᠡᠬᠡᠯ ᠵᠢᠷ ᠤᠨ ᠪᠠᠭᠰᠢ ᠶᠢᠨ ᠠᠵᠢᠯ ᠳᠠᠭᠠᠨ ᠨᠢᠭᠡᠯᠡ ᠰᠡᠳᠬᠢᠯ ᠢᠶᠠᠷ ᠵᠢᠳᠭᠦᠵᠤ᠂ ᠬᠦᠨᠳᠤ  ᠬᠦᠩᠬᠡᠨ ᠠᠵᠢᠯ ᠢ ᠢᠯᠭᠠᠯ ᠦᠬᠡᠢ ᠬᠢᠵᠦ ᠶᠠᠪᠤᠵᠤ ᠢᠷᠡᠭᠰᠡᠨ ᠪᠢᠯᠡ᠃                 ᠤᠶᠤᠨᠴᠡᠴᠡᠭ ᠪᠠᠭᠰᠢ ᠰᠤᠷᠪᠤᠯᠵᠢᠯᠠᠭᠴᠢ ᠳᠤ ᠬᠡᠯᠡᠬᠦ ᠳᠡᠭᠡᠨ᠄ ︽ᠪᠢ ᠴᠢᠨᠢ ᠰᠤᠷᠭᠠᠭᠤᠯᠢ ᠳᠤ  ᠤᠳᠠᠭᠠᠨ ᠶᠠᠪᠤᠭᠰᠠᠨ ᠦᠬᠡᠢ ︿ᠮᠠᠯᠴᠢᠨ ᠪᠠᠭᠰᠢ﹀ ᠰᠢᠤ︕ ᠶᠠᠭ ᠨᠠᠷᠢᠨ ᠬᠡᠯᠡᠪᠡᠯ ᠪᠢ ᠴᠢᠨᠢ ᠭᠤᠷᠪᠠᠨ ᠵᠢᠯ  ᠮᠤᠩᠭᠤᠯ ᠬᠡᠯᠡ ᠰᠤᠷᠤᠭᠰᠠᠨ ᠬᠦᠮᠤᠨ᠂ ᠮᠢᠨᠤ ᠡᠳᠦᠬᠡ ᠶᠢᠨ ᠬᠢᠷᠢ ᠬᠡᠮᠵᠢᠶ᠎ᠡ ᠪᠤᠯ ᠪᠦᠷ ᠦᠪᠡᠷ ᠢᠶᠠᠨ ᠴᠢᠷᠮᠠᠶᠢᠨ ᠰᠤᠷᠤᠯᠴᠠᠭᠰᠠᠨ ᠤ ᠦᠷ᠎ᠡ ᠪᠦᠳᠦᠮᠵᠢ ᠰᠢᠤ︕︾ ᠬᠡᠪᠡ᠃ ᠤᠶᠤᠨᠴᠡᠴᠡᠭ ᠪᠠᠭᠰᠢ ᠰᠤᠷᠤᠯᠴᠠᠬᠤ ᠳᠤᠷ᠎ᠠ ᠲᠠᠢ ᠤᠷᠤᠯᠳᠤᠯᠭ᠎ᠠ ᠲᠠᠢ ᠬᠦᠮᠤᠨ᠃ ᠲᠡᠷᠡ ᠡᠯ᠎ᠡ ᠵᠦᠢᠯ ᠤᠨ ᠳᠠᠪᠳᠠᠨ ᠪᠤᠯᠪᠠᠰᠤᠷᠠᠬᠤ ᠠᠩᠬᠢ ᠳᠤ ᠤᠷᠤᠵᠤ ᠮᠠᠳᠡᠯᠬᠡ ᠪᠠᠨ ᠦᠷᠬᠡᠳᠬᠡᠬᠦ ᠪᠠᠷ ᠪᠠᠷᠠᠬᠤ ᠦᠭᠡᠢ᠂ ᠠᠵᠢᠯ ᠤᠨ ᠴᠢᠯᠦᠬᠡᠨ ᠤ ᠴᠠᠭ ᠢᠶᠠᠷ ᠰᠢᠯᠦᠭ ᠵᠤᠬᠢᠶᠠᠯ ᠤᠷᠤᠯᠳᠤᠳᠠᠭ ᠶᠤᠮ᠃  1976 ᠤᠨ ᠳᠤ ᠬᠠᠮᠤᠭ ᠠᠩᠬᠠᠨ ᠤ ᠪᠦᠳᠦᠬᠡᠯ ︽ᠬᠦᠭᠵᠢᠵᠦ ᠪᠠᠶᠢᠭ᠎ᠠ ᠬᠤᠩᠭᠤᠯᠵᠢ ᠮᠢᠨᠢ︾ ᠬᠡᠰᠡᠨ ᠬᠤᠯᠪᠤᠭ᠎ᠠ ᠰᠢᠯᠦᠭ ᠢᠶᠠᠨ ︽ᠬᠦᠯᠦᠨ ᠪᠦᠢᠷ ᠤᠨ ᠡᠳᠦᠷ ᠤᠨ ᠰᠤᠨᠢᠨ︾ ᠳᠡᠬᠡᠷ᠎ᠡ ᠨᠡᠶᠢᠳᠡᠯᠡᠬᠦᠯᠦᠭᠰᠡᠨ ᠠᠴᠠ ᠬᠤᠶᠢᠰᠢ ᠤᠷᠠᠨ ᠵᠤᠬᠢᠶᠡᠯ ᠤᠨ ᠤᠢ ᠪᠢᠯᠢᠭ ᠨᠢ ᠨᠡᠭᠡᠭᠡᠭᠲᠡᠵᠦ ︽ᠤᠶᠠᠷᠠᠯ︾᠂ ︽ᠡᠬᠡ ᠰᠤᠷᠭᠠᠭᠤᠯᠢ ᠮᠢᠨᠢ ᠰᠠᠶᠢᠬᠠᠨ︾᠂ ︽ᠳᠠᠭᠤᠯᠠᠭᠠᠳ ᠪᠠᠷᠠᠰᠢ ᠦᠬᠡᠢ ᠠᠴᠢ︾᠂ ︽ᠡᠸᠡᠩᠬᠢ ᠦᠨᠳᠤᠰᠤᠳᠡᠨ ᠤ ᠠᠷᠠᠳ ᠤᠨ ᠠᠮᠠᠨ ᠦᠯᠢᠬᠡᠷ ᠤᠨ ᠳᠤᠬᠠᠢ ᠰᠢᠨᠵᠢᠬᠦ ᠨᠢ︾ ᠵᠡᠷᠬᠡ ᠦᠬᠦᠯᠡᠯᠭᠡ᠂ ᠰᠢᠯᠦᠭ᠂ ᠦᠬᠦᠯᠡᠯ ᠢ ᠰᠡᠳᠬᠦᠯ ᠪᠤᠶᠤ ᠰᠤᠨᠢᠨ ᠳᠡᠬᠡᠷ᠎ᠡ ᠤᠳᠠᠭ᠎ᠠ ᠳᠠᠷᠠᠭ᠎ᠠ ᠪᠠᠷ  ᠨᠡᠶᠢᠳᠡᠯᠡᠬᠦᠯᠦᠭᠰᠡᠬᠡᠷ ᠢᠷᠡᠵᠡᠢ᠃ ᠮᠦᠨ ᠴᠦ ᠴᠢᠷᠮᠠᠶᠢᠯᠠᠭ᠎ᠠ ᠬᠦᠮᠤᠨ ᠢ ᠭᠤᠮᠤᠳᠠᠭᠠᠬᠤ ᠦᠬᠡᠢ ᠬᠡᠳᠡᠭ ᠢᠶᠠᠷ ᠤᠶᠤᠨᠴᠡᠴᠡᠭ ᠪᠠᠭᠰᠢ ᠰᠢᠯᠭᠠᠯᠳᠠ ᠪᠠᠷ ᠳᠠᠮᠵᠢᠨ ᠤᠯᠤᠰ ᠤᠨ ᠵᠢᠩᠬᠢᠨᠢ ᠪᠠᠭᠰᠢ ᠪᠤᠯᠵᠤ᠂ 1980 ᠤᠨ ᠳᠤ ᠢᠮᠢᠨ  ᠰᠤᠮᠤᠨ ᠤ ᠲᠦᠪ ᠰᠤᠷᠭᠠᠭᠤᠯᠢ ᠳᠤ ᠠᠵᠢᠯ ᠰᠢᠯᠵᠢᠵᠦ ᠢᠷᠡᠭᠰᠡᠨ ᠪᠠᠶᠢᠯ᠎ᠠ᠃                 ᠤᠶᠤᠨᠴᠡᠴᠡᠭ ᠪᠠᠭᠰᠢ ᠳᠤᠬᠠᠢ ᠶᠢᠨ ᠦᠶ᠎ᠡ ᠶᠢᠨ ᠠᠵᠢᠯᠯᠠᠵᠤ ᠬᠦᠳᠡᠯᠮᠦᠷᠢᠯᠡᠵᠦ ᠪᠠᠶᠢᠭᠰᠠᠨ ᠢᠶᠠᠨ ᠡᠷᠬᠢᠴᠡᠬᠦᠯᠬᠦ ᠳᠡᠭᠡᠨ᠄ ︽ᠪᠢᠳᠠ ᠲᠡᠷᠡ ᠦᠶᠡᠰ ᠲᠤ ᠡᠭᠡ ᠤᠷᠤᠨ ᠳᠤ ᠬᠦᠴᠤ ᠨᠡᠮᠡᠷᠢ ᠪᠠᠨ ᠡᠷᠬᠦᠶ᠎ᠡ᠂ ᠠᠷᠠᠳ ᠲᠦᠮᠡᠨ ᠢᠶᠠᠨ ᠳᠤᠰᠠᠯᠠᠶ᠎ᠠ ᠬᠡᠰᠡᠨ ᠨᠢᠬᠡ ᠯᠠ ᠪᠤᠳᠤᠯ ᠪᠠᠶᠢᠬᠤ ᠠᠴᠠ ᠪᠢᠰᠢ᠂ ᠬᠠᠷᠢᠨ ᠶᠠᠭᠠᠬᠢᠪᠠᠯ ᠪᠠᠶ᠎ᠠ ᠠᠮᠤᠷ ᠶᠠᠪᠤᠬᠤ᠂ ᠶᠠᠭᠠᠬᠢᠵᠤ ᠤᠯᠤᠰ ᠠᠴᠠ ᠶᠠᠭᠤᠮ᠎ᠠ ᠤᠯᠤᠶ᠎ᠠ ᠳᠡᠳᠬᠦᠭᠦᠯᠦᠶ᠎ᠡ ᠬᠡᠰᠡᠨ ᠪᠤᠳᠤᠯ ᠶᠠᠷᠤ ᠪᠠᠶᠢᠳᠠᠭ ᠦᠬᠡᠢ ᠪᠢᠯᠡ︕ ᠶᠠᠭ ᠡᠶᠢᠮᠤ ᠵᠢᠳᠬᠦᠶ᠎ᠡ᠂ ᠦᠢᠯᠡᠴᠢᠯᠡᠶ᠎ᠡ ᠬᠡᠰᠡᠨ ᠭᠠᠭᠴᠠᠬᠠᠨ ᠪᠤᠳᠤᠯ ᠲᠠᠢ ᠳᠠᠭᠠᠨ ᠪᠢᠳᠠ ᠲᠡᠷᠡ ᠤᠯᠠᠨ ᠬᠦᠴᠢᠷ ᠪᠡᠷᠬᠡᠰᠢᠶᠡᠯ ᠢ ᠳᠤᠭᠤᠯᠵᠤ ᠢᠷᠡᠭᠰᠡᠨ ᠶᠤᠮ︾ ᠬᠡᠵᠦ ᠤᠮᠤᠭᠳᠠᠢ ᠬᠡᠯᠡᠪᠡ᠃                 ᠵᠤᠯ ᠵᠢᠷᠭᠠᠯᠳᠠᠢ ᠦᠳᠡᠯᠦᠬᠡ ᠨᠠᠰᠤ                 1996 ᠤᠨ ᠳᠤ ᠲᠡᠳᠬᠦᠷᠢ ᠳᠤ ᠪᠠᠨ ᠭᠠᠷᠤᠭᠰᠠᠨ ᠤᠶᠤᠨᠴᠡᠴᠡᠭ ᠪᠠᠭᠰᠢ ᠬᠤᠳᠠ ᠳᠤ ᠤᠷᠤᠨ  ᠪᠠᠶ᠎ᠡ ᠠᠮᠠᠷᠡᠵᠤ᠂ ᠤᠮᠪᠤᠯᠤ ᠪᠠᠨ ᠬᠠᠷᠠᠵᠤ ᠰᠠᠭᠤᠬᠤ ᠪᠤᠯᠪᠠ ᠃ ᠬᠡᠪᠡᠴᠤ ᠲᠡᠷᠡ ᠮᠠᠨᠢ ᠦᠳᠡᠯᠬᠦ ᠳᠤᠳᠤᠮ ᠤᠨᠠᠭᠰᠠᠨ ᠰᠢᠷᠦᠢ ᠤᠤᠭᠤᠭᠰᠠᠨ ᠤᠰᠤ ᠨᠢ ᠰᠠᠨᠠᠭᠳᠠᠵᠤ᠂ ᠡᠬᠡ ᠰᠤᠷᠭᠠᠭᠤᠯᠢ᠂ ᠨᠢᠬᠡ ᠨᠠᠰᠤ ᠪᠠᠷ ᠢᠶᠠᠨ ᠠᠵᠢᠯᠯᠠᠵᠤ ᠠᠮᠢᠳᠤᠷᠠᠭᠰᠠᠨ ᠳᠠᠨᠢᠯ ᠳᠠᠰᠤᠯ ᠬᠠᠮᠳᠤ ᠨᠦᠬᠦᠳ ᠨᠢ ᠡᠷᠢᠭᠳᠡᠬᠦ ᠪᠤᠯᠤᠯ᠎ᠠ᠃ ᠳᠡᠬᠡᠬᠡᠳ ᠬᠡᠤᠬᠡᠳ ᠤᠳ ᠤᠨ ᠡᠬᠡᠰᠢᠭᠯᠢᠭ ᠢᠷᠡᠭᠤ ᠤᠩᠰᠢᠯᠭ᠎ᠠ ᠶᠢᠨ ᠳᠠᠭᠤᠨ ᠢ ᠰᠤᠨᠤᠰᠬᠤ ᠪᠠᠷ᠂ ᠨᠤᠳᠤᠭ ᠤᠨ ᠴᠡᠩᠬᠡᠷ ᠠᠭᠠᠷ᠂ ᠨᠤᠮᠢᠨ ᠳᠠᠯ᠎ᠠ᠂ ᠠᠵᠢᠯᠯᠠᠵᠤ ᠠᠮᠢᠳᠤᠷᠠᠵᠤ ᠪᠠᠶᠢᠭᠰᠠᠨ ᠰᠤᠷᠭᠠᠭᠤᠯᠢ ᠪᠠᠨ ᠡᠷᠬᠢᠵᠦ ᠦᠵᠡᠬᠦ ᠪᠠᠷ ᠦᠪᠡᠷ ᠤᠨ ᠡᠷᠬᠡ ᠦᠬᠡᠢ ᠨᠤᠳᠤᠭ ᠵᠦᠭ ᠢᠶᠠᠨ ᠵᠤᠷᠢᠭᠰᠠᠨ ᠪᠢᠯᠡ᠃ ᠨᠤᠳᠤᠭ ᠲᠠᠭᠠᠨ ᠬᠦᠷᠬᠦ ᠳᠤ ᠳᠡᠬᠦᠨ ᠤ ᠠᠵᠢᠯᠯᠠᠵᠤ ᠪᠠᠶᠢᠭᠰᠠᠨ ᠭᠠᠴᠠᠭᠠᠨ ᠤ ᠰᠤᠷᠭᠠᠭᠤᠯᠢ ᠨᠢ ᠰᠤᠮᠤᠨ ᠤ ᠰᠤᠷᠭᠠᠭᠤᠯᠢ ᠲᠠᠢ ᠨᠠᠶᠢᠯᠠᠬᠡᠳ ᠠᠩᠬᠢ ᠶᠢᠨ ᠬᠡᠷ ᠨᠢ ᠠᠰᠠᠷ ᠪᠤᠯᠵᠤ᠂ ᠵᠢᠭᠠᠬᠤ ᠲᠦᠬᠦᠬᠡᠷᠦᠮᠵᠢ ᠨᠢ ᠤᠳᠤᠬᠢᠴᠢᠯᠠᠭᠳᠠᠵᠤ᠂ ᠳᠤᠷᠰᠢᠯᠳᠠ ᠶᠢᠨ ᠬᠡᠷ᠂ ᠤᠩᠰᠢᠯᠭ᠎ᠠ ᠶᠢᠨ ᠦᠷᠦᠬᠡ᠂ ᠳᠠᠭᠤᠤ ᠬᠦᠭᠵᠢᠮ ᠤᠨ ᠳᠠᠰᠤᠭ᠂ ᠦᠷᠬᠡᠨ ᠠᠭᠤᠳᠠᠮ ᠳᠠᠮᠢᠷ ᠤᠨ ᠳᠠᠯᠠᠪᠤᠷ ᠲᠠᠢ᠂ ᠰᠢᠨ᠎ᠡ ᠬᠡᠪ ᠲᠦᠷᠰᠤ ᠲᠠᠢ ᠰᠤᠷᠭᠠᠭᠤᠯᠢ ᠪᠤᠯᠤᠭᠰᠠᠨ ᠪᠠᠶᠢᠯ᠎ᠠ᠃ ᠡᠨᠡᠬᠦ ᠬᠦᠭᠵᠢᠯᠳᠠ ᠳᠠᠪᠰᠢᠯᠳᠠ ᠨᠢ ᠤᠶᠤᠨᠴᠡᠴᠡᠭ ᠪᠠᠭᠰᠢ ᠳᠤ ᠪᠠᠶᠠᠷ ᠪᠠᠭ᠋ᠠᠳᠤᠯ ᠠᠪᠴᠢᠷᠠᠭᠰᠠᠨ ᠪᠤᠯᠪᠠᠴᠤ ᠲᠡᠷᠡ ᠪᠠᠭᠰᠢ ᠬᠦᠮᠤᠨ ᠤ ᠬᠢᠨᠠᠮᠠᠭᠠᠢ ᠨᠢᠳᠤ ᠪᠠᠷ ᠪᠠᠰᠠ ᠨᠢᠬᠡ ᠤᠷᠤᠰᠢᠵᠦ ᠪᠠᠶᠢᠭ᠎ᠠ ᠠᠰᠠᠭᠤᠳᠠᠯ ᠢ ᠤᠯᠵᠤ ᠦᠵᠡᠪᠡ᠃ ᠡᠨᠡ ᠨᠢ ᠳᠠᠷᠤᠢ ᠵᠠᠯᠠᠭᠤ ᠪᠠᠭᠠᠴᠤᠳ ᠰᠢᠨ᠎ᠡ ᠶᠢ ᠬᠦᠬᠡᠬᠡᠴᠡᠯᠳᠦᠬᠡᠳ ᠬᠠᠭᠤᠴᠢᠨ ᠢᠶᠠᠨ ᠬᠠᠶᠠᠵᠤ ᠪᠠᠶᠢᠭ᠎ᠠ ᠠᠰᠠᠭᠤᠳᠠᠯ ᠪᠤᠯᠤᠨ᠎ᠠ᠃ ᠤᠯᠠᠮᠵᠢᠯᠠᠯᠳᠤ ᠰᠤᠶᠤᠯ ᠪᠤᠯ ᠬᠠᠶᠠᠵᠤ ᠪᠤᠯᠣᠰᠢ ᠦᠬᠡᠢ ᠦᠪ ᠬᠡᠳᠡᠭ ᠢ ᠬᠤᠶᠢᠴᠢ ᠦᠶ᠎ᠡ ᠳᠡᠭᠡᠨ ᠤᠶᠢᠯᠠᠭᠠᠭᠤᠯᠬᠤ ᠶᠢᠨ ᠲᠦᠯᠦᠬᠡ ᠲᠡᠷᠡ ᠰᠤᠷᠭᠠᠭᠤᠯᠢ ᠶᠢᠨ ᠬᠠᠪᠰᠤᠷᠤᠨ ᠵᠢᠯᠤᠭᠤᠳᠤᠭᠴᠢ ᠶᠢᠨ ᠠᠵᠢᠯ ᠢ ᠡᠬᠦᠷᠬᠡᠯᠡᠵᠦ᠂ ᠬᠡᠤᠬᠡᠳ ᠲᠤ ᠦᠨᠳᠤᠰᠤᠳᠡᠨ ᠤ ᠤᠯᠠᠮᠵᠢᠯᠠᠯᠳᠤ ᠰᠤᠶᠤᠯ ᠪᠠ ︽ ᠡᠸᠡᠩᠬᠢ ᠠᠷᠠᠳ ᠤᠨ ᠠᠮᠠᠨ ᠦᠯᠢᠬᠡᠷ︾ ᠢ ᠶᠠᠷᠢᠵᠦ ᠦᠭᠳᠡᠭ ᠪᠤᠯᠵᠠᠢ᠃            ᠡᠸᠡᠩᠬᠢ ᠦᠨᠳᠤᠰᠤᠳᠠᠨ ᠪᠤᠯ ᠮᠠᠨ ᠤᠯᠤᠰ ᠤᠨ ᠬᠦᠮᠦᠨ ᠤ ᠲᠤᠭ᠎ᠠ ᠪᠠᠷ ᠬᠠᠮᠤᠭ ᠪᠠᠭ᠎ᠠ ᠭᠤᠷᠪᠠᠨ ᠴᠦᠬᠡᠨ ᠳᠤᠭᠠᠳᠤ ᠦᠨᠳᠤᠰᠤᠳᠡᠨ ᠤ ᠨᠢᠬᠡ᠃ ᠳᠡᠳᠡ ᠦᠪᠡᠷ ᠤᠨ ᠦᠬᠡ ᠬᠡᠯᠡ‌‍ᠲ᠋ᠠᠢ ᠪᠤᠯᠪᠠᠴᠤ ᠦᠰᠦᠭ ᠪᠢᠴᠢᠭ  ᠬᠡᠵᠦ ᠦᠬᠡᠢ᠃ ᠡᠶᠢᠮᠤ ᠶᠢᠨ ᠲᠤᠯᠠᠲᠠ ᠦᠨᠳᠤᠰᠤᠳᠡᠨ ᠤ ᠬᠡᠬᠦ ᠵᠦᠢᠯᠡᠰ ᠢ ᠳᠡᠮᠳᠡᠭᠯᠡᠵᠦ ᠦᠯᠡᠳᠡᠬᠡᠬᠦ ᠶᠢᠨ ᠴᠢᠬᠤᠯᠠ ᠴᠢᠨᠠᠷ ᠢ ᠶᠠᠭᠤᠨ ᠦᠬᠦᠯᠡᠬᠦ ᠪᠢᠯᠡ︕ ᠤᠶᠤᠨᠴᠡᠴᠡᠭ ᠪᠠᠭᠰᠢ ᠶᠠᠭᠤᠨ ᠤ ᠡᠮᠦᠨ᠎ᠡ ᠡᠸᠡᠩᠬᠢ ᠦᠨᠳᠤᠰᠤᠳᠡᠨ ᠤ  ᠤᠨᠴᠠᠭᠠᠢ ᠰᠤᠶᠤᠯ ᠪᠤᠯᠬᠤ ᠰᠠᠮᠠᠨ ᠤ ᠰᠤᠶᠤᠯ ᠢ ᠡᠮᠬᠢᠳᠬᠡᠨ ᠴᠤᠭᠯᠠᠭᠤᠯᠵᠤ ᠡᠬᠢᠯᠡᠪᠡ᠃ ᠲᠡᠷᠡ ᠬᠦᠳᠡᠭᠡ ᠶᠢᠨ ᠮᠠᠯᠴᠢᠳ ᠤᠨ ᠳᠤᠮᠳᠠ ᠬᠦᠨᠵᠡᠭᠡᠶᠢᠷᠡᠨ᠂ ᠬᠦᠭᠰᠢᠳ ᠨᠠᠰᠤᠳᠠᠶᠢᠴᠤᠳ ᠢ ᠰᠤᠷᠪᠤᠯᠵᠢᠯᠠᠨ ᠮᠠᠲ᠋ᠧᠷᠢᠶᠠᠯ ᠴᠤᠭᠯᠠᠭᠤᠯᠵᠤ᠂8 ᠵᠢᠯ ᠤᠨ ᠴᠠᠭ ᠢ ᠵᠠᠷᠤᠴᠠᠭᠤᠯᠵᠤ ᠪᠠᠶᠢᠭᠠᠳ ︽ᠮᠢᠨᠤ ᠮᠡᠳᠡᠳᠡᠭ ᠡᠸᠡᠩᠬᠢ ᠰᠠᠮᠠᠨ︾ ᠭᠡᠬᠦ ᠠᠩᠬᠠᠨ ᠤ ᠨᠤᠮ ᠢᠶᠠᠨ ᠡᠮᠬᠢᠳᠭᠡᠵᠤ ᠬᠡᠪᠯᠡᠬᠦᠯᠦᠭᠰᠡᠨ ᠪᠠᠶᠢᠨ᠎ᠠ᠃ ᠲᠤᠬᠠᠢ ᠶᠢᠨ ᠦᠶᠡᠰ ᠵᠤᠭᠤᠰ ᠮᠦᠩᠬᠦ ᠶᠢᠨ ᠭᠠᠴᠢᠭᠳᠠᠯ ᠠᠴᠠ ᠪᠤᠯᠤᠭᠠᠳ ᠳᠤᠰ ᠨᠤᠮ ᠢ ᠴᠦᠬᠡᠬᠡᠨ ᠬᠡᠪᠯᠡᠬᠦᠯᠦᠭᠰᠡᠨ ᠪᠠᠶᠢᠪᠠ᠃ ᠡᠳᠦᠬᠡ ᠳᠤᠰ ᠨᠤᠮ ᠢ ᠰᠤᠷᠠᠭᠯᠠᠵᠤ ᠪᠠᠶᠢᠬᠤ ᠬᠦᠮᠦᠨ ᠤᠯᠠᠨ ᠪᠤᠯᠤᠭᠰᠠᠨ ᠢᠶᠠᠷ ᠨᠠᠰᠤᠳᠠᠨ ᠭᠤᠸᠠᠢ ᠨᠤᠮ ᠤᠨ ᠠᠭᠤᠯᠭ᠎ᠠ ᠪᠠᠨ ᠨᠡᠩ ᠨᠠᠷᠢᠯᠢᠭ᠂ ᠨᠡᠩ ᠪᠠᠶᠠᠯᠢᠭ ᠪᠤᠯᠭᠠᠨ ᠵᠠᠰᠠᠪᠤᠷᠢ ᠤᠷᠤᠭᠤᠯᠵᠤ᠂ ᠬᠤᠶᠠᠳᠠᠬᠢ ᠤᠳᠠᠭ᠎ᠠ ᠬᠡᠪᠯᠡᠬᠦ ᠪᠡᠯᠡᠳᠬᠡᠯ ᠠᠵᠢᠯ ᠢᠶᠠᠨ ᠬᠢᠵᠦ ᠪᠠᠶᠢᠨ᠎ᠠ᠃ ᠡᠬᠦᠨ ᠠᠴᠠ ᠭᠠᠳᠠᠨ᠎ᠠ ᠤᠶᠤᠨᠴᠡᠴᠡᠭ ᠪᠠᠭᠰᠢ ᠡᠸᠡᠩᠬᠢ ᠠᠷᠠᠳ ᠤᠨ ᠠᠮᠨᠨ ᠦᠯᠢᠬᠡᠷ᠂ ᠵᠦᠢᠷ ᠰᠡᠴᠡᠨ ᠦᠬᠡ᠂ ᠤᠨᠢᠰᠤᠭ᠎ᠠ᠂ ᠳᠡᠤᠬᠡ ᠰᠤᠶᠤᠯ ᠵᠠᠩ ᠦᠢᠯᠡ ᠵᠡᠷᠬᠡ ᠪᠠᠷ ᠡᠮᠬᠢᠳᠬᠡᠯ ᠬᠢᠵᠦ᠂ 2013 ᠤᠨ ᠳᠤ ︽ᠨᠤᠳᠤᠭ ᠤᠨ ᠮᠦᠷᠦᠬᠡᠳᠦᠯ︾ ᠬᠡᠰᠡᠨ ᠨᠤᠮ ᠢᠶᠠᠨ ᠬᠡᠪᠯᠡᠬᠦᠯᠦᠭᠰᠡᠨ ᠪᠠᠶᠢᠨ᠎ᠠ᠃                 ᠤᠶᠤᠨᠴᠡᠴᠡᠭ ᠪᠠᠭᠰᠢ ᠨᠢᠬᠡ ᠨᠠᠰᠤ ᠪᠠᠷ ᠢᠶᠠᠨ ᠵᠦᠬᠡᠷ ᠰᠠᠭᠤᠵᠤ ᠰᠤᠷᠤᠭᠰᠠᠨ ᠦᠬᠡᠢ ᠬᠦᠮᠤᠨ᠃ ᠲᠡᠷᠡ ᠬᠦᠳᠡᠯᠮᠤᠷᠢ ᠬᠢᠬᠦ ᠪᠠᠨ ᠵᠤᠯ ᠵᠢᠷᠭᠠᠯ ᠬᠡᠵᠦ ᠦᠵᠡᠳᠡᠭ ᠃ ᠳᠡᠬᠦᠨ ᠤ ᠦᠷᠳᠡᠭ ᠤᠨ ᠦᠵᠡᠯ ᠪᠤᠯ ᠬᠦᠳᠡᠯᠵᠦ ᠴᠢᠳᠠᠵᠤ ᠯᠠ ᠪᠠᠶᠢᠪᠠᠯ ᠬᠦᠴᠤ ᠪᠠᠨ ᠡᠷᠬᠦᠵᠦ ᠶᠠᠪᠤᠶ᠎ᠠ ᠬᠡᠬᠦ ᠦᠵᠡᠯᠳᠡ ᠃ ᠬᠦᠳᠡᠭᠡ ᠳᠤ ᠭᠠᠷᠪᠠᠯ ᠮᠠᠯᠴᠢᠳ ᠲᠠᠭᠠᠨ ᠨᠤᠳᠤᠭ ᠤᠰᠤ ᠪᠠᠨ ᠶᠠᠭᠠᠬᠢᠵᠦ ᠬᠠᠮᠠᠭᠠᠯᠠᠵᠦ ᠬᠡᠷᠬᠢᠨ ᠮᠠᠯᠵᠢᠬᠤ ᠳᠤᠬᠠᠢ ᠬᠦᠮᠦᠵᠢᠯ ᠬᠢᠨ᠎ᠡ᠃ ᠰᠤᠷᠭᠠᠭᠤᠯᠢ ᠳᠤ ᠬᠦᠷᠪᠠᠯ ᠰᠤᠷᠤᠭᠴᠢᠳ ᠲᠤ ᠦᠯᠢᠬᠡᠷ ᠳᠤᠮᠤᠭ ᠶᠠᠷᠢᠵᠦ᠂ ᠦᠪ ᠰᠤᠶᠤᠯ ᠢᠶᠠᠨ ᠤᠯᠠᠮᠵᠢᠯᠠᠨ᠎ᠠ᠃ ᠬᠡᠷ ᠲᠡᠭᠡᠨ ᠢᠷᠡᠪᠡᠯ ᠬᠦᠤ ᠪᠡᠷᠢ ᠪᠠᠨ ᠬᠠᠪᠰᠤᠷᠴᠤ ᠬᠤᠭᠤᠯᠠ ᠪᠤᠳᠠᠭ᠎ᠠ ᠶᠢ ᠨᠢ ᠬᠢᠨ᠎ᠡ᠃ ᠲᠡᠷᠡ ᠪᠠᠷ ᠪᠠᠰᠠ ᠦᠨᠳᠤᠰᠤᠳᠠᠨ ᠤ ᠬᠤᠪᠴᠠᠰᠤ ᠵᠠᠰᠠᠯ ᠤᠶᠤᠵᠤ᠂ ᠦᠢᠯᠡ ᠤᠶᠤᠲᠠᠯ ᠤᠨ ᠤᠷ᠎ᠠ ᠮᠡᠷᠭᠡᠵᠢᠯ ᠢᠶᠠᠨ ᠦᠯᠡᠲᠡᠭᠡᠶ᠎ᠡ ᠭᠡᠵᠤ ᠪᠤᠳᠤᠳᠠᠭ᠃ ᠬᠤᠵᠢᠮ ᠳ᠋ᠭᠠᠨ ᠭᠠᠷ ᠤᠷᠠᠨ᠂ ᠤᠬᠠᠭᠠᠨ ᠰᠡᠷᠭᠡᠭ ᠭᠡᠤᠭᠡᠳ ᠤᠳ ᠵᠠᠯᠭᠠᠮᠵᠢᠯᠠᠨ ᠬᠦᠭᠵᠢᠬᠦᠯᠬᠦ ᠪᠠᠶᠢᠬ᠎ᠠ ᠭᠡᠰᠡᠨ ᠪᠤᠲᠤᠯ ᠢᠶᠠᠷ ᠦᠷ᠎ᠡ  ᠬᠡᠤᠬᠡᠳ ᠲᠡᠭᠡᠨ ᠡᠸᠡᠩᠬᠢ ᠬᠤᠪᠴᠠᠰᠤ ᠤᠶᠤᠵᠤ ᠦᠭᠳᠡᠭ᠃          ᠨᠠᠰᠤᠳᠠᠨ ᠤ ᠶᠡᠷᠢᠶᠠᠨ ᠳᠤ ᠰᠤᠭᠲᠤᠭᠤᠷᠠᠵᠤ ᠨᠢᠬᠡ ᠮᠡᠳᠡᠬᠦ ᠳᠤ ᠦᠳᠡ ᠦᠩᠬᠡᠷᠡᠴᠢᠬᠡᠯ᠎ᠡ᠃ ᠨᠠᠰᠤᠳᠠᠨ᠄ ︽ᠬᠡᠤᠬᠡ ᠡ︕ ᠡᠵᠢ ᠨᠢ ᠬᠤᠭᠤᠯᠠ ᠬᠢᠵᠦ ᠦᠭᠬᠦᠶ᠎ᠡ᠂ ᠬᠤᠶᠠᠭᠤᠯᠠ ᠠᠮᠳᠠᠳᠠᠢ ᠭᠤᠯᠢᠷ ᠪᠤᠳᠠᠭ᠎ᠠ ᠢᠳᠡᠶ᠎ᠡ᠂ ᠭᠤᠯᠢᠷ ᠪᠤᠳᠠᠭ᠎ᠠ ᠬᠢᠬᠦ ᠳᠤ ᠲᠦᠬᠦᠮ ᠬᠤᠷᠳᠤᠨ ᠪᠤᠯᠳᠠᠭ ᠬᠤᠭᠤᠯᠠ︕ ᠪᠢ ᠭᠠᠭᠴᠠᠭᠠᠷ ᠢᠶᠠᠨ ᠪᠤᠯᠪᠠᠴᠤ ᠭᠠᠳᠠᠨ᠎ᠠ ᠠᠴᠠ ᠬᠤᠭᠤᠯᠠ ᠠᠪᠴᠤ ᠢᠳᠡᠳᠡᠭ ᠦᠬᠡᠢ︾ ᠬᠡᠳ ᠬᠠᠷᠠᠵᠤ ᠪᠠᠶᠢᠳᠠᠯ᠎ᠠ ᠬᠠᠯᠠᠭᠤᠨ ᠱᠦᠯᠤ ᠲᠠᠢ ᠭᠤᠯᠢᠷ  ᠪᠤᠳᠠᠭ᠎ᠠ ᠪᠠᠨ ᠪᠤᠯᠭᠤᠴᠢᠬᠠᠪᠠ᠃                 ᠰᠤᠷᠭᠠᠬᠤ ᠳᠠᠭᠠᠨ ᠶᠦᠮᠦᠷᠯᠢᠭ ᠡᠵᠢ                 ᠰᠤᠷᠤᠯᠴᠠᠬᠤ ᠳᠠᠭᠠᠨ ᠵᠤᠷᠢᠭᠳᠠᠢ ᠡᠵᠢ                 ᠬᠦᠴᠢᠷ ᠪᠡᠷᠬᠡᠰᠢᠶᠡᠯ ᠠᠴᠠ ᠠᠶᠣᠳᠠᠭ ᠦᠬᠡᠢ ᠡᠵᠢ                 ᠬᠦᠨᠳᠤ ᠠᠵᠢᠯ ᠠᠴᠠ ᠬᠠᠯᠠᠰᠢᠷᠠᠳᠠᠭ ᠦᠬᠡᠢ ᠡᠵᠢ                 ᠤᠷᠠᠨ ᠭᠠᠷ ᠲᠠᠢ ᠤᠬᠠᠭᠠᠨ ᠲᠠᠢ ᠡᠵᠢ                 ᠠᠯᠤᠰ ᠤᠨ ᠪᠤᠳᠤᠯ ᠲᠠᠢ ᠮᠡᠷᠬᠡᠨ ᠡᠵᠢ ᠶᠠᠭ ᠲᠠ ᠮᠢᠨᠢ ᠪᠢᠯᠡ᠃   
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ