ᠤᠪᠤᠭᠠᠨ ᠲᠠᠬᠢᠯᠭ᠎ᠠ ᠶᠢ ᠲᠤᠬᠢᠯᠢᠭ ᠪᠡᠯᠡᠳᠭᠡᠬᠦ ᠶᠢᠨ ᠲᠤᠰᠠᠳᠠ᠂ ᠵᠢᠯ ᠪᠦᠷᠢ ᠶᠢᠨ ᠤᠪᠤᠭᠠᠨ ᠲᠠᠬᠢᠯᠭ᠎ᠠ ᠪᠤᠯᠬᠤ ᠳᠤ ᠯᠠᠮᠠ ᠬᠤᠪᠢᠯᠭᠠᠨ ᠴᠤᠭᠯᠠᠷᠠᠵᠤ ᠨᠤᠮ | ᠤᠩᠰᠢᠵᠤ ᠪᠦᠳᠦᠭᠡᠯᠭᠡ ︵ᠪᠦᠳᠦᠭᠡᠬᠦ︶ ᠵᠡᠷᠭᠡ ᠶᠢᠨ ᠦᠢᠯᠡ ᠶᠢ ᠬᠢᠵᠤ᠂ ᠳ᠋ᠧᠩᠯᠤ ᠡᠯᠭᠦᠵᠤ᠂ ᠬᠦᠵᠢ ᠵᠤᠯᠠ ᠤᠨᠳᠠᠷᠠᠭᠠᠳᠠᠭ ᠦᠭᠡᠢ᠃ ᠲᠠᠬᠢᠭᠠᠳ ᠬᠡᠯᠡᠪᠡᠯ᠂ | ᠤᠪᠤᠭᠠᠨ ᠤ ᠲᠠᠬᠢᠯᠭ᠎ᠠ ᠨᠢ ᠭᠠᠭᠴᠠ ᠭᠠᠵᠠᠷ ᠤᠰᠤ ᠶᠢ ᠲᠠᠬᠢᠵᠤ ᠪᠠᠶᠢᠭ᠎ᠠ ᠪᠢᠰᠢ᠂ ᠬᠠᠷᠢᠨ ᠲᠡᠭᠷᠢ᠂ ᠤᠳᠤᠨ ᠭᠠᠷᠠᠭ᠂ ᠲᠡᠭᠡᠳᠦᠰ ᠂ ᠰᠦᠨᠡᠰᠦ ᠶᠢ ᠴᠦᠮ | ᠲᠠᠬᠢᠳᠠᠭ ᠪᠦᠭᠡᠳ ᠤᠪᠤᠭᠠᠨ ᠳᠤ ᠪᠠᠨ ᠦᠴᠢᠭ ᠲᠠᠭᠠᠳᠬᠠᠯ ᠬᠢᠳᠡᠭ ᠪᠠᠶᠢᠨ᠎ᠠ᠃ ᠲᠡᠭᠡᠬᠦ ᠳᠤ ᠪᠠᠨ ᠲᠡᠳᠡᠭᠡᠷ ᠪᠠᠶᠢᠭᠠᠯᠢ ᠶᠢᠨ ᠪᠤᠳᠠᠰ ᠢ ᠭᠠᠭᠴᠠ ᠭᠠᠭᠴᠠ ᠪᠠᠷ ᠨᠢ | ᠰᠢᠳᠦᠵᠤ ᠲᠠᠬᠢᠬᠤ ᠪᠢᠰᠢ᠂ ᠬᠠᠷᠢᠨ ᠪᠠᠶᠢᠭᠠᠯᠢ ᠶᠢᠨ ᠤᠯᠠᠨ ᠲᠠᠬᠢᠯᠭ᠎ᠠ ᠶᠢ ᠤᠪᠤᠭᠠᠨ ᠲᠡᠭᠡᠷ᠎ᠠ ᠲᠦᠪᠯᠡᠷᠡᠭᠦᠯᠵᠤ ᠲᠠᠬᠢᠳᠠᠭ᠃ ᠤᠪᠤᠭᠠᠨ ᠤ ᠲᠠᠬᠢᠯᠭ᠎ᠠ ᠡᠬᠢᠯᠡᠬᠦ | ᠦᠶ᠎ᠠ ᠳᠤ ᠲᠠᠬᠢᠯᠭ᠎ᠠ ᠳᠤ ᠤᠷᠤᠯᠴᠠᠬᠤ ᠪᠠᠷ ᠢᠷᠡᠭᠰᠡᠨ ᠤᠪᠤᠭᠠᠨ ᠳᠤ ᠪᠠᠨ ᠮᠦᠷᠬᠦᠬᠦ ᠶᠢᠨ ᠤᠷᠢᠳ ᠤᠪᠤᠭᠠᠨ ᠤ ᠲᠠᠬᠢᠯᠭ᠎ᠠ ᠶᠢᠨ ᠦᠴᠢᠭ ᠤᠩᠰᠢᠵᠤ᠂ ᠨᠤᠳᠤᠭ | ᠤᠰᠤᠨ ᠤ ᠰᠠᠬᠢᠭᠤᠰᠤ᠂ ᠲᠡᠭᠷᠢ ᠳᠤ ᠰᠦᠰᠦᠭᠯᠡᠨ ᠮᠦᠷᠭᠦᠵᠤ ᠤᠪᠤᠭᠠᠨ ᠳᠤ ᠪᠠᠨ ᠪᠤᠷᠭᠠᠰᠤ᠂ ᠴᠢᠯᠠᠭᠤ ᠵᠡᠷᠭᠡ ᠶᠢ ᠨᠡᠮᠡᠷᠢᠯᠡᠭᠡᠳ ᠲᠠᠷᠠᠭ᠎ᠠ ᠨᠢ ᠠᠪᠴᠢᠷᠠᠭᠰᠠᠨ | ᠲᠡᠭᠡᠵᠢ ᠪᠠᠨ ᠤᠪᠤᠭᠠᠨ ᠳᠤ ᠡᠷᠭᠦᠬᠦ ᠦᠶ᠎ᠠ ᠳᠤ ᠲᠠᠭᠠᠳᠬᠠᠯ ᠤᠩᠰᠢᠳᠠᠭ᠃ | ᠤᠪᠤᠭᠠᠨ ᠤ ᠦᠴᠢᠭ ︵ᠲᠠᠬᠢᠯᠭ᠎ᠠ︶ ᠨᠢ ᠭᠤᠤᠯᠳᠠᠭᠤ ᠲᠡᠭᠷᠢ ︵ᠤᠳᠤᠨ ᠭᠠᠷᠠᠭ︶᠂ ᠭᠠᠵᠠᠷ ᠪᠠ ᠨᠤᠳᠤᠭ ᠤᠰᠤᠨ ᠤ ᠰᠠᠶᠢᠨ ᠰᠠᠶᠢᠬᠠᠨ ᠢ ᠵᠢᠷᠤᠭᠯᠠᠨ | ᠲᠦᠷᠰᠦᠯᠡᠬᠦ᠂ ᠮᠦᠨ ᠲᠡᠭᠦᠨ ᠤ ᠭᠠᠪᠢᠶ᠎ᠠ ᠵᠢᠳᠭᠦᠯ ᠢ ᠢᠷᠦᠭᠡᠨ ᠮᠠᠭᠳᠠᠵᠤ ᠰᠢᠯᠦᠭᠯᠡᠨ᠂ ᠦᠪᠡᠷᠰᠡᠳ ᠤᠨ ᠢᠶᠠᠨ ᠡᠩᠭᠡ ᠮᠡᠨᠳᠦ᠂ ᠡᠯᠪᠡᠭ ᠪᠠᠶᠠᠨ ᠠᠮᠢᠳᠤᠷᠠᠯ ᠪᠠ | ᠠᠵᠠ ᠵᠢᠷᠭᠠᠯ ᠢ ᠵᠦᠩᠨᠡᠨ ᠪᠡᠯᠭᠡᠳᠡᠭᠰᠡᠨ ᠠᠭᠤᠯᠭ᠎ᠠ ᠲᠠᠢ ᠪᠠᠶᠢᠳᠠᠭ᠃ ᠤᠪᠤᠭᠠᠨ ᠤ ᠲᠠᠭᠠᠳᠬᠠᠯ ᠨᠢ ᠭᠤᠤᠯᠳᠠᠭᠤ ᠲᠠᠬᠢᠯᠭ᠎ᠠ ᠳᠤ ᠤᠷᠤᠯᠴᠠᠭᠰᠠᠳ ᠦᠪᠡᠷ ᠤᠨ | ᠰᠠᠳᠤᠨ ᠲᠦᠷᠦᠯ᠂ ᠠᠶᠢᠯ ᠠᠶᠢᠮᠠᠭ᠂ ᠤᠪᠤᠭ ᠤᠭᠰᠠᠭᠠᠳᠠᠨ ᠤ ᠪᠠᠨ ᠬᠠᠷᠢ ᠶᠢᠨ ᠲᠠᠶᠢᠰᠤᠨ ᠤ ᠠᠶᠤᠯ ᠦᠭᠡᠢ᠂ ᠡᠷᠡᠭᠦᠯ ᠡᠩᠭᠡ ᠪᠦᠭᠡᠳ ᠨᠤᠳᠤᠭ ᠤᠰᠤ ᠨᠢ | ᠬᠤᠷ᠎ᠠ ᠪᠤᠷᠤᠭᠠᠨ ᠲᠠᠢ ᠦᠩᠰᠢᠭ ᠰᠠᠶᠢᠬᠠᠨ ᠪᠠᠶᠢᠬᠤ ᠶᠢ ᠵᠦᠩᠨᠡᠵᠤ᠂ ᠮᠦᠨ ᠲᠡᠳᠡᠭᠡᠷ ᠤᠨ ᠠᠯᠢᠪᠠ ᠠᠵᠢᠯ ᠦᠢᠯᠡᠰ ᠤᠨ ᠦᠭᠡᠳᠡ ᠡᠰᠡᠷᠡᠭ᠂ ᠦᠪᠡᠷ ᠤᠨ ᠠᠯᠢᠪᠠ | ᠦᠢᠯᠡᠰ ᠰᠡᠳᠬᠢᠯᠴᠢᠯᠡᠨ ᠪᠦᠳᠦᠬᠦ᠂ ᠠᠴᠢᠷ ᠬᠡᠦᠭᠡᠳ ᠨᠤᠮ ᠰᠤᠷᠭᠠᠯ ᠲᠠᠢ ᠪᠠᠶᠢᠬᠤ ᠵᠡᠷᠭᠡ ᠶᠢ ᠵᠠᠯᠪᠠᠷᠢᠨ ᠲᠠᠭᠠᠳᠬᠠᠭᠰᠠᠨ ᠠᠭᠤᠯᠭ᠎ᠠ ᠲᠠᠢ ᠪᠠᠶᠢᠳᠠᠭ᠃ ᠤᠪᠤᠭ᠎ᠠ ᠶᠢ | ᠲᠠᠬᠢᠬᠤ ᠳᠤ ᠦᠴᠢᠭ ᠲᠠᠭᠠᠳᠬᠠᠯ ᠨᠢ ᠦᠨᠳᠦᠰᠦᠨ ᠳᠤ ᠪᠠᠨ ᠠᠳᠠᠯᠢ ᠪᠠᠶᠢᠳᠠᠭ ᠪᠤᠯᠪᠠᠴᠤ ᠭᠠᠩ ᠭᠠᠴᠢᠭ ᠲᠠᠢ ᠵᠢᠯ ᠪᠤᠯ ᠯᠠᠮᠠ ᠨᠠᠷ ᠢᠶᠠᠷ ᠨᠤᠮ ᠤᠩᠰᠢᠭᠤᠯᠵᠤ | ᠲᠡᠭᠷᠢ ᠪᠤᠷᠬᠠᠨ ᠠᠴᠠ ᠪᠤᠷᠤᠭᠠᠨ ᠬᠠᠶᠢᠷᠠᠯᠠᠬᠤ ᠶᠢ ᠭᠤᠶᠤᠵᠤ ᠮᠦᠷᠭᠦᠯ ᠲᠠᠭᠠᠳᠬᠠᠯ ᠬᠢᠳᠡᠭ᠃ ᠢᠩᠬᠢᠭᠰᠡᠨ ᠤ ᠲᠠᠷᠠᠭ᠎ᠠ ᠤᠪᠤᠭᠠᠨ ᠤ ᠲᠠᠬᠢᠯᠭ᠎ᠠ ᠶᠢᠨ ᠲᠠᠭᠠᠭᠠᠮᠠᠯ | ᠪᠤᠶᠤ ᠨᠤᠳᠤᠭ ᠤᠨ ᠠᠬᠠᠯᠠᠭᠴᠢ ᠨᠢ ᠵᠢᠯ ᠲᠤᠷᠰᠢᠬᠢ ᠨᠤᠳᠤᠭ ᠤᠷᠤᠨ ᠤ ᠭᠡᠷᠡᠭ ᠵᠢᠭᠤᠷᠠᠭᠠᠨ᠂ ᠬᠡᠷ ᠪᠦᠯᠢ ᠶᠢᠨ ᠪᠠ ᠠᠶᠢᠯ ᠠᠶᠢᠮᠠᠭ ᠤᠨ ᠡᠪᠳᠡᠷᠡᠯ ᠬᠠᠭᠠᠴᠠᠯ ᠢ | ᠰᠢᠳᠤᠷᠭᠤ ᠪᠠᠷ ᠰᠢᠢᠳᠪᠤᠷᠢᠯᠡᠵᠤ ᠲᠠᠰᠤᠯᠤᠭᠠᠳ ᠭᠡᠷᠡᠭ ᠲᠤ ᠰᠢᠢᠳᠭᠡᠭᠳᠡᠭᠰᠡᠳ ᠢ ᠤᠪᠤᠭᠠᠨ ᠳᠤ ᠮᠦᠷᠭᠦᠭᠦᠯᠵᠤ ᠵᠠᠷᠭᠤ ᠲᠠᠰᠤᠯᠳᠠᠭ᠃ ᠢᠢᠮᠦᠷᠭᠦᠤ ᠵᠠᠩᠰᠢᠯ | ᠰᠡᠭᠦᠯᠳᠡᠵᠤ ᠦᠨᠳᠦᠰᠦᠨ ᠳᠤ ᠪᠠᠨ ᠬᠠᠶᠠᠭᠳᠠᠭᠰᠠᠨ ᠪᠠᠶᠢᠨ᠎ᠠ᠃ ᠢᠩᠬᠢᠭᠡᠳ ︽ᠤᠪᠤᠭᠠᠨ ᠤ ᠰᠤᠭ︾ ᠢ ᠤᠪᠤᠭᠠᠨ ᠳᠤ ᠲᠡᠭᠡᠵᠢᠯᠡᠭᠦᠯᠦᠭᠰᠡᠨ ᠤ ᠲᠠᠷᠠᠭ᠎ᠠ ᠤᠪᠤᠭᠠᠨ ᠤ | ᠨᠠᠶᠢᠷ ᠡᠬᠢᠯᠡᠨ᠎ᠠ᠃ | ᠤᠪᠤᠭᠠᠨ ᠤ ᠨᠠᠶᠢᠷ ᠤᠨ ᠭᠤᠤᠯ ᠠᠭᠤᠯᠭ᠎ᠠ ᠨᠢ ᠤᠪᠤᠭᠠᠨ ᠤ ᠦᠴᠢᠭ ᠲᠠᠭᠠᠳᠬᠠᠯ ᠬᠢᠬᠦ ᠪᠠ ︽ᠡᠷ᠎ᠠ ᠶᠢᠨ ᠭᠤᠷᠪᠠᠨ ᠨᠠᠭᠠᠳᠤᠮ︾ ᠶᠤᠮ᠃ ᠮᠤᠷᠢ | ᠤᠷᠤᠯᠳᠤᠬᠤ ᠳᠤ ᠪᠠᠨ ᠠᠵᠢᠷᠭ᠎ᠠ ᠪᠠ ᠠᠭᠳᠠ ᠮᠤᠷᠢᠳ ᠢ ᠤᠷᠤᠯᠳᠤᠭᠤᠯᠬᠤ ᠪᠤᠯᠪᠠᠴᠤ ᠠᠭᠳᠠ ᠮᠤᠷᠢᠳ ᠢ ᠠᠵᠢᠷᠭ᠎ᠠ ᠲᠠᠢ ᠨᠡᠶᠢᠯᠡᠭᠦᠯᠬᠦ ᠦᠭᠡᠢ ᠪᠠᠷ ᠠᠰ ᠲᠤ ᠨᠢ | ᠤᠷᠤᠯᠳᠤᠭᠤᠯᠤᠭᠠᠳ ᠬᠤᠷᠳᠤᠨ ᠮᠤᠷᠢᠳ ᠢ ᠰᠢᠯᠭᠠᠷᠠᠭᠤᠯᠳᠠᠭ᠃ ᠡᠭᠦᠨ ᠤ ᠲᠠᠭᠠᠤ ᠵᠢᠷᠤᠭ᠎ᠠ ᠮᠤᠷᠢᠳ ᠢ ᠰᠢᠯᠭᠠᠷᠠᠭᠤᠯᠳᠠᠭ᠃ ᠲᠡᠷᠢᠭᠦᠯᠡᠭᠰᠡᠨ ᠮᠤᠷᠢᠳ ᠲᠤ | ᠤᠪᠤᠭᠠᠨ ᠤ ᠲᠠᠬᠢᠯᠭ᠎ᠠ ᠶᠢᠨ ᠲᠠᠭᠠᠭᠠᠮᠠᠯ ᠠᠴᠠ ᠱᠠᠩᠨᠠᠯ ᠬᠦᠷᠳᠡᠭᠡᠨ᠎ᠠ᠃ ᠪᠦᠭᠡ ᠨᠢ ᠭᠤᠤᠯᠳᠠᠭᠤ ᠤᠷᠳᠤᠰ ᠪᠦᠭᠡ ᠮᠦᠷᠦ᠋ᠢᠴᠡᠵᠤ᠂ ᠲᠡᠷᠢᠭᠦᠨ᠂ ᠲᠡᠳ᠋᠂ ᠰᠢᠷᠤᠢ ᠶᠢᠨ | ᠪᠦᠭᠡ ᠳᠤ ᠱᠠᠩᠨᠠᠯ ᠤᠯᠭᠤᠨ᠎ᠠ᠃ ᠬᠤᠰᠢᠭᠤ ᠲᠡᠰ ᠤᠨ ᠤᠪᠤᠭᠠᠨ ᠤ ᠲᠠᠬᠢᠯᠭ᠎ᠠ ᠲᠡᠭᠡᠷ᠎ᠠ ᠪᠦᠭᠡ ᠲᠠᠷᠬᠠᠯᠠᠬᠤ ᠶᠤᠰᠤᠨ ᠪᠠᠶᠢᠳᠠᠭ᠃ ᠨᠤᠮᠤ ᠰᠤᠮᠤ ᠬᠠᠷᠪᠤᠬᠤ ᠨᠢ | ᠪᠠᠰᠠ ᠭᠤᠷᠪᠠᠨ ᠲᠡᠰᠤᠨ ᠱᠠᠩᠨᠠᠯ ᠲᠠᠢ᠃ ᠰᠡᠭᠦᠯ ᠤᠨ ᠦᠶ᠎ᠠ ᠪᠤᠯᠵᠤ ᠢᠷᠡᠭᠡᠳ ᠡᠨᠡ ᠬᠦ ᠨᠠᠭᠠᠳᠤᠮ ᠴᠦᠭᠡᠷᠡᠵᠡᠢ᠃ ᠱᠠᠩᠨᠠᠯ ᠢ ᠤᠪᠤᠭᠠᠨ ᠳᠤ ᠡᠷᠭᠦᠭᠰᠡᠨ ᠡᠳ᠋ | ᠲᠠᠧᠠᠷ ᠤᠨ ᠪᠠᠶᠢᠳᠠᠯ ᠢ ᠦᠨᠳᠦᠰᠦᠯᠡᠵᠤ ᠲᠤᠭᠳᠠᠭᠠᠳᠠᠭ᠃ ᠶᠡᠭᠡ ᠳᠤ ᠪᠠᠨ ᠦᠭᠡᠷ᠂ ᠬᠤᠨᠢ᠂ ᠮᠤᠷᠢ ᠱᠠᠩᠨᠠᠬᠤ᠂ ᠤᠯᠠᠩᠬᠢ ᠳᠤ ᠪᠠᠨ ᠬᠡᠪᠤᠨ ᠴᠠᠢ᠂ ᠬᠤᠨᠢᠨ | ᠲᠤᠯᠤᠭᠠᠢ᠂ ᠪᠡᠯᠡᠨ ᠮᠦᠩᠭᠦ ᠵᠡᠷᠭᠡ ᠪᠠᠷ ᠱᠠᠩᠨᠠᠨ᠎ᠠ᠃ | | | | | |