ᠤᠷᠴᠢᠮ ᠤᠨ ᠵᠢᠯ ᠤᠳ ᠲᠤ ᠮᠠᠨ ᠤ ᠤᠷᠤᠨ ᠳᠤ ᠬᠤᠷ᠎ᠠ ᠪᠤᠷᠤᠭᠠᠨ ᠪᠠᠭ᠎ᠠ᠂ ᠭᠠᠩ ᠬᠠᠭᠤᠷᠠᠢ᠂ ᠰᠠᠯᠭᠢᠨ ᠶᠡᠭᠡ᠂ ᠤᠷᠭᠤᠮᠠᠯ ᠤᠨ ᠪᠦᠷᠭᠦᠴᠡ ᠡᠪᠳᠡᠭᠳᠡᠭᠰᠡᠨ ᠵᠡᠷᠭᠡ | ᠰᠢᠯᠳᠠᠭᠠᠨ ᠠᠴᠠ ᠪᠤᠯᠵᠤ᠂ ᠤᠯᠠᠩᠭᠢ ᠰᠢᠮ᠎ᠡ ᠲᠡᠵᠢᠭᠡᠯᠳᠤ ᠡᠪᠡᠰᠤ ᠤᠷᠭᠤᠮᠠᠯ ᠤᠷᠭᠤᠬᠤ ᠪᠠᠨ ᠪᠤᠯᠢᠬᠰᠠᠨ ᠪᠠᠶᠢᠨ᠎ᠠ᠃ ᠮᠦᠨ ᠡᠭᠦᠨ ᠠᠴᠠ ᠪᠤᠯᠵᠤ ᠦᠭᠡᠷ | ᠰᠦᠷᠦᠭ ᠤᠨ ᠳᠤᠮᠳᠠ ᠶᠠᠰᠤ ᠵᠦᠭᠡᠯᠡᠷᠡᠭᠦ ᠭᠡᠮ ᠤᠯᠠᠨ ᠭᠠᠷᠬᠤ ᠪᠤᠯᠵᠠᠢ᠃ | ᠡᠪᠡᠳᠴᠢᠨ ᠤ ᠰᠢᠯᠳᠠᠭᠠᠨ᠄ ᠤᠷᠳᠤ ᠬᠤᠭᠤᠴᠠᠭ᠎ᠠ ᠪᠠᠷ ᠹᠤᠰᠹᠤᠷ᠂ ᠺᠠᠯᠼ ᠲᠤᠳᠠᠬᠤ ᠪᠤᠶᠤ ᠹᠤᠰᠹᠤᠷ᠂ ᠺᠠᠯᠼ ᠤᠨ ᠬᠠᠷᠢᠴᠠᠯ ᠨᠢ ᠲᠡᠩᠴᠡᠭᠦᠷᠢ ᠪᠠᠨ | ᠠᠯᠳᠠᠬᠤ ᠠᠴᠠ ᠪᠤᠯᠵᠤ ᠶᠠᠰᠤ ᠵᠦᠭᠡᠯᠡᠷᠡᠭᠦ ᠭᠡᠮ ᠡᠭᠦᠰᠳᠡᠭ᠃ ᠲᠠᠷᠤᠢ ᠤᠳᠤᠷᠯᠠᠨ ᠶᠠᠪᠤᠬᠤ ᠭᠠᠵᠠᠷ ᠦᠭᠡᠢ᠂ ᠳᠤᠬᠳᠠᠬᠰᠠᠨ ᠭᠠᠵᠠᠷ ᠲᠠᠭᠠᠨ ᠤᠷᠳᠤ ᠬᠤᠭᠤᠴᠠᠭ᠎ᠠ | ᠮᠠᠯᠵᠢᠬᠤ᠂ ᠲᠡᠵᠢᠭᠡᠯ ᠪᠤᠷᠳᠤᠭ᠎ᠠ᠂ ᠤᠷᠭᠤᠮᠠᠯ ᠤᠨ ᠲᠤᠳᠤᠷ᠎ᠠ ᠸᠢᠲ᠋ᠠᠮᠢᠨ ᠲᠤᠳᠠᠭᠳᠠᠬᠤ᠂ ᠪᠠᠮᠪᠠᠢ ᠪᠤᠯᠴᠢᠷᠬᠠᠢ ᠶᠢᠨ ᠠᠵᠢᠯᠯᠠᠭ᠎ᠠ ᠴᠢᠩᠭᠠᠷᠠᠬᠤ ᠵᠡᠷᠭᠡ ᠠᠴᠠ ᠪᠤᠯᠵᠤ | ᠮᠦᠨ ᠡᠭᠦᠰᠳᠡᠭ᠃ ᠡᠭᠦᠨ ᠠᠴᠠ ᠭᠠᠳᠠᠨ᠎ᠠ ᠬᠤᠳᠤᠭᠤᠳᠤ ᠭᠡᠳᠡᠰᠤᠨ ᠤ ᠠᠵᠢᠯᠯᠠᠭ᠎ᠠ ᠰᠤᠯᠠᠷᠠᠬᠤ᠂ ᠤᠳᠠᠭᠠᠨ ᠴᠢᠨᠠᠷᠳᠠᠢ ᠰᠢᠩᠭᠡᠭᠡᠯᠳᠡ ᠮᠠᠭᠤᠳᠠᠬᠤ ᠵᠡᠷᠭᠡ ᠠᠴᠠ | ᠪᠤᠯᠵᠤ ᠮᠦᠨ ᠳᠤᠰ ᠡᠪᠡᠳᠴᠢᠨ ᠡᠭᠦᠰᠳᠡᠭ᠃ | ᠰᠢᠨᠵᠢ ᠲᠡᠮᠳᠡᠭ᠄ ᠠᠭᠠᠵᠢᠮ ᠢᠶᠠᠷ ᠡᠴᠡᠵᠤ ᠲᠤᠷᠠᠭᠠᠳ ᠭᠦᠳᠡᠯᠭᠦ ᠲᠤᠷ᠎ᠠ ᠦᠭᠡᠢ ᠭᠡᠪᠳᠡᠭᠦ᠂ ᠨᠢᠷᠤᠭᠤ ᠭᠦᠯ ᠨᠢ ᠭᠦᠰᠢᠭᠦᠨ ᠪᠤᠯᠬᠤ᠂ ᠠᠮᠠᠷᠬᠠᠨ ᠶᠠᠳᠠᠷᠠᠵᠤ | ᠭᠦᠯᠦᠷᠡᠭᠦ᠂ ᠭᠡᠨᠡᠳᠳᠡ ᠪᠠᠷ ᠪᠠᠶᠢᠨ ᠪᠠᠶᠢᠨ ᠲᠤᠭᠤᠯᠬᠤ ᠪᠠᠶᠢᠳᠠᠯ ᠲᠠᠢ᠃ ᠡᠪᠡᠳᠴᠢᠨ ᠨᠢ ᠭᠦᠨᠳᠤᠷᠠᠭᠦ ᠶᠢ ᠲᠠᠭᠠᠯᠳᠤᠨ ᠲᠤᠯᠤᠭᠠᠢ ᠨᠢ ᠬᠠᠪᠤᠳᠬᠤ᠂ ᠲᠠᠩᠨᠠᠢ ᠨᠢ | ᠬᠤᠳᠦ᠋ᠢᠭᠠᠳ ᠨᠠᠷᠢᠨ ᠰᠤᠪᠠᠭ ᠭᠠᠷᠬᠤ᠂ ᠪᠦᠷ ᠰᠡᠭᠦᠯ ᠳᠡᠭᠡᠨ ᠦᠶ᠎ᠡ ᠭᠡᠰᠢᠭᠦᠤ ᠨᠢ ᠬᠠᠪᠤᠳᠤᠨ ᠪᠦᠳᠦᠭᠦᠷᠡᠭᠦ᠂ ᠲᠦᠷᠪᠡᠨ ᠮᠦᠴᠢ ᠪᠤᠯᠤᠨ ᠨᠢᠷᠤᠭᠤᠨ ᠤ ᠶᠠᠰᠤ ᠨᠢ | ᠮᠤᠷᠦ᠋ᠢᠵᠤ᠂ ᠬᠠᠪᠢᠷᠭᠠᠨ ᠤ ᠶᠠᠰᠤ ᠨᠢ ᠲᠡᠭᠰᠢᠷᠡᠨ ᠬᠠᠪᠳᠠᠭᠠᠢᠢᠷᠠᠵᠤ᠂ ᠶᠠᠰᠤ ᠨᠢ ᠭᠦᠭᠡᠷᠡᠨ ᠬᠠᠷᠠᠯᠠᠵᠤ ᠠᠮᠠᠷᠬᠠᠨ ᠬᠤᠭᠤᠷᠠᠨ᠎ᠠ᠃ | ᠡᠮᠨᠡᠨ ᠵᠠᠰᠠᠬᠤ ᠠᠷᠭ᠎ᠠ᠄ ᠠᠷᠠᠴᠢᠯᠠᠭ᠎ᠠ ᠮᠠᠯᠵᠢᠯᠭ᠎ᠠ ᠪᠠᠨ ᠴᠢᠩᠭᠠᠳᠬᠠᠨ᠂ ᠡᠪᠡᠰᠤ ᠪᠤᠷᠳᠤᠭ᠎ᠠ ᠨᠦᠭᠦᠪᠤᠷᠢᠯᠡᠭᠦ ᠳᠡᠭᠡᠨ ᠢᠯᠡᠭᠦᠭᠡᠨ ᠹᠤᠰᠹᠤᠷ᠂ ᠺᠠᠯᠼ ︵ᠶᠠᠰᠤ | ᠭᠡᠮᠭᠡᠴᠢᠨ ᠦᠭᠭᠦ᠂ ᠶᠠᠰᠤᠨ ᠲᠠᠯᠬ᠎ᠠ ᠦᠭᠭᠦ︶᠂ ᠸᠢᠲ᠋ᠠᠮᠢᠨ ᠢ ᠬᠤᠯᠢᠵᠤ ᠦᠭᠭᠦᠨ᠎ᠡ᠃ | 1᠂ ᠭᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠲᠷᠢ ᠶᠢᠨ ᠨᠤᠨᠳᠠᠭ ᠢ ᠪᠦᠳᠦᠭᠦᠨ ᠦᠭᠡᠷ ᠲᠤ 50 — 70 ᠭᠷᠡᠮ᠂ 0.3 ᠭᠷᠡᠮ ᠤᠨ ᠺᠠᠯᠼ ᠢ | 100 ᠦᠷᠢᠯ ᠢᠶᠠᠷ ᠡᠳᠤᠷ ᠲᠤ ᠨᠢᠭᠡ ᠤᠳᠠᠭ᠎ᠠ ᠦᠭᠭᠦᠨ᠎ᠡ᠃ ᠪᠢᠷᠠᠭᠤᠨ ᠳᠤ ᠭᠦᠭᠦᠷ ᠭᠦᠴᠢᠯ ᠤᠨ ᠤᠰᠤᠳᠦ᠋ᠷᠦᠭᠴᠢᠳᠤ ᠨᠠᠲᠷᠢ ᠶᠢᠨ ᠨᠤᠨᠳᠠᠭ 30 ᠭᠷᠡᠮ᠂ ᠺᠠᠯᠼ | 50 ᠦᠷᠢᠯ ᠢ ᠡᠳᠤᠷ ᠲᠤ ᠨᠢᠭᠡ ᠤᠳᠠᠭ᠎ᠠ᠂ 3 ᠠᠴᠠ 7 ᠡᠳᠤᠷ ᠦᠷᠭᠦᠯᠵᠢᠯᠡᠨ ᠦᠭᠭᠦᠨ᠎ᠡ᠃ | 2᠂ 20% ᠶᠢᠨ ᠬᠦᠭᠦᠷ ᠭᠦᠴᠢᠯ ᠤᠨ ᠬᠤᠶᠠᠷ ᠤᠰᠤᠳᠦ᠋ᠷᠦᠭᠴᠢᠳᠤ ᠨᠠᠲᠷᠢ ᠶᠢᠨ ᠲᠠᠷᠢᠯᠭ᠎ᠠ ᠶᠢᠨ ᠰᠢᠩᠭᠡᠨ ᠢ ᠪᠦᠳᠦᠭᠦᠨ ᠦᠭᠡᠷ ᠲᠤ 500 ᠮᠢᠯᠯᠢᠯᠢᠲᠷ᠂ | ᠪᠢᠷᠠᠭᠤ ᠳᠤ 250 ᠮᠢᠯᠯᠢᠯᠢᠲᠷ ᠤᠨ ᠭᠡᠮᠵᠢᠶ᠎ᠡ ᠪᠠᠷ ᠡᠳᠤᠷ ᠲᠤ ᠨᠢᠭᠡ ᠤᠳᠠᠭ᠎ᠠ ᠭᠦᠭᠡ ᠰᠤᠳᠠᠯ ᠢᠶᠠᠷ ᠨᠢ ᠲᠠᠷᠢᠨ᠎ᠠ᠂ ᠦᠷᠭᠦᠯᠵᠢᠯᠡᠨ 3 ᠠᠴᠠ 5 ᠡᠳᠤᠷ ᠲᠠᠷᠢᠨ᠎ᠠ᠃ | ᠮᠦᠨ ᠳᠡᠭᠡᠷᠡᠭᠢ ᠭᠡᠮᠵᠢᠶ᠎ᠡ ᠪᠠᠷ ᠴᠢᠳᠬᠤᠨ ᠦᠭᠴᠤ ᠪᠤᠯᠤᠨ᠎ᠠ᠃ | 3᠂ ᠰᠤ᠋ ᠫᠦ᠋ ᠯᠢᠨ ᠭᠠᠢ ᠺᠠᠯᠼ ᠤᠨ ᠨᠤᠨᠳᠠᠭ ᠢ ᠪᠦᠳᠦᠭᠦᠨ ᠦᠭᠡᠷ ᠲᠤ 100 ᠠᠴᠠ 150 ᠭᠷᠡᠮ᠂ ᠪᠢᠷᠠᠭᠤ ᠳᠤ 60 ᠠᠴᠠ 80 ᠭᠷᠡᠮ ᠤᠨ ᠭᠡᠮᠵᠢᠶ᠎ᠡ ᠪᠠᠷ | ᠡᠳᠤᠷ ᠲᠤ ᠨᠢᠭᠡ ᠤᠳᠠᠭ᠎ᠠ᠂ ᠦᠷᠭᠦᠯᠵᠢᠯᠡᠨ 3 ᠠᠴᠠ 7 ᠡᠳᠤᠷ ᠴᠢᠳᠬᠤᠨ᠎ᠠ᠃ | 4᠂ ᠶᠠᠰᠤᠨ ᠲᠠᠯᠬ᠎ᠠ ᠶᠢ ᠡᠳᠤᠷ ᠪᠦᠷᠢ ᠵᠤᠭᠢᠰᠳᠠᠢ ᠨᠦᠭᠦᠪᠤᠷᠢᠯᠡᠨ ᠦᠭᠪᠡᠯ ᠰᠠᠶᠢᠨ ᠪᠠᠶᠢᠳᠠᠭ᠃ | | | | | |