ᠨᠢᠭᠡ᠂ ᠲᠠᠯᠠᠩ ᠤᠨ ᠥᠷᠪᠢᠰᠤᠯ ᠪᠤᠯ ᠹᠢᠽᠢᠺ ᠭᠢᠮᠢ ᠪᠠ ᠠᠮᠢᠳᠤ ᠪᠤᠳᠠᠰ ᠤᠨ ᠰᠤᠳᠤᠯᠤᠯ ᠤᠨ ᠥᠢᠯᠠᠳᠤᠯ ᠠᠴᠠ ᠡᠬᠦᠰᠳᠡᠭ ᠰᠥᠨ ᠤ ᠪᠤᠯᠴᠢᠷᠬᠠᠢ ᠶᠢᠨ | ᠥᠷᠪᠢᠰᠤᠯ ᠭᠡᠮ ᠪᠤᠯᠬᠤ ᠪᠥᠭᠡᠳ ᠮᠢᠬᠠᠨ ᠥᠭᠡᠷ ᠪᠤᠶᠤ ᠬᠥᠯᠤᠰᠢᠨ ᠥᠭᠡᠷ ᠢ ᠪᠤᠳᠤᠪᠠᠯ ᠥᠨᠢᠶᠠᠨ ᠤ ᠭᠡᠮᠨᠠᠬᠦ ᠭᠡᠮᠵᠢᠶ᠎ᠠ ᠨᠢ ᠨᠠᠯᠢᠶᠠᠳ ᠥᠨᠳᠤᠷ ᠪᠠᠶᠢᠳᠠᠭ᠃ | ᠭᠡᠮᠨᠡᠭᠰᠠᠨ ᠶᠠᠪᠤᠴᠨ ᠶᠢ ᠥᠨᠳᠤᠰᠤᠯᠠᠨ ᠪᠠᠰᠨ ᠲᠥᠷᠭᠡᠨ ᠴᠢᠨᠠᠷᠳᠠᠢ ᠪᠤᠶᠤ ᠤᠳᠠᠭᠠᠨ ᠴᠢᠨᠠᠷᠳᠠᠢ ᠲᠠᠯᠠᠩ ᠤᠨ ᠥᠷᠪᠢᠰᠤᠯ ᠭᠡᠵᠤ ᠬᠤᠪᠢᠶᠠᠳᠠᠭ᠃ | ᠲᠤᠰ ᠭᠡᠮ ᠢ ᠤᠷᠢᠳᠴᠢᠯᠠᠨ ᠰᠠᠷᠭᠡᠶᠢᠯᠠᠵᠤ ᠲᠠᠯᠠᠩ ᠤᠨ ᠥᠷᠪᠢᠰᠤᠯ ᠪᠤᠯᠬᠤ ᠶᠢ ᠠᠩᠬᠠᠷᠤᠨ᠎ᠠ᠃ | 1. ᠰᠠᠭᠠᠬᠤ ᠠᠴᠠ ᠡᠮᠤᠨ᠎ᠠ᠂ ᠥᠨᠢᠶᠠᠨ ᠤ ᠲᠠᠯᠠᠩ ᠢ ᠪᠥᠯᠢᠶᠠᠨ ᠤᠰᠤ ᠪᠠᠷ ᠴᠠᠪᠠᠷᠯᠠᠨ ᠤᠭᠢᠶᠠᠵᠤ ᠠᠷᠴᠢᠬᠤ ᠪᠥᠭᠡᠳ ᠬᠠᠯᠠᠭᠤᠨ ᠤᠰᠤᠨ ᠤ ᠱᠠᠪᠰᠢᠯᠭ᠎ᠠ | ᠭᠢᠵᠤ ᠢᠯᠢᠨ᠎ᠠ᠃ | 2. ᠥᠭᠡᠷ ᠤᠨ ᠬᠠᠰᠢᠶ᠎ᠠ᠂ ᠭᠡᠪᠳᠠᠷᠢ ᠶᠢ ᠴᠠᠪᠠᠷ ᠪᠠᠶᠢᠯᠭᠠᠵᠤ᠂ ᠲᠤᠭᠳᠠᠭᠰᠠᠨ ᠬᠤᠭᠤᠴᠠᠭ᠎ᠠ ᠲᠠᠢ ᠪᠠᠷ ᠠᠷᠢᠭᠤᠳᠬᠠᠨ ᠪᠠᠺᠲ᠋ᠧᠷᠢ ᠶᠢ ᠤᠰᠠᠳᠬᠠᠬᠤ ᠭᠡᠷᠡᠭᠳᠠᠢ᠃ | | 3. ᠰᠠᠭᠠᠯᠢᠴᠢᠨ ᠤ ᠭᠠᠷ᠂ ᠰᠦ ᠰᠠᠭᠠᠬᠤ ᠮᠠᠰᠢᠨ ᠵᠠᠷᠭᠡ ᠶᠢ ᠡᠷᠭᠡᠪᠰᠢ ᠴᠠᠪᠠᠷᠯᠠᠨ ᠠᠷᠢᠭᠤᠳᠬᠠᠵᠤ᠂ ᠰᠦ ᠰᠠᠭᠠᠬᠤ ᠬᠥᠴᠤ ᠶᠢ ᠵᠢᠭᠳᠡ ᠪᠠᠶᠢᠯᠭᠠᠨ᠎ᠠ᠃ | 4. ᠵᠤᠭᠢᠰᠳᠠᠢ ᠥᠶ᠎ᠠ ᠳᠤ ᠥᠨᠢᠶᠠᠨ ᠤ ᠰᠠᠭᠠᠯᠢ ᠶᠢ ᠵᠤᠭᠰᠤᠭᠠᠵᠤ᠂ ᠰᠠᠭᠠᠯᠢ ᠵᠤᠭᠰᠤᠭᠰᠠᠨ ᠤ ᠲᠠᠷᠠᠭ᠎ᠠ ᠲᠠᠯᠠᠩ ᠤᠨ ᠲᠠᠯᠠᠬᠦ ᠪᠠ ᠠᠪᠴᠢᠬᠤ ᠪᠠᠶᠢᠳᠠᠯ ᠢ | ᠠᠩᠬᠠᠷᠤᠨ᠎ᠠ᠃ | 5. ᠰᠠᠭᠠᠯᠢ ᠵᠤᠭᠰᠤᠭᠰᠠᠨ ᠤ ᠰᠠᠬᠦᠯᠴᠢ ᠶᠢᠨ ᠬᠤᠭᠤᠴᠠᠭ᠎ᠠ ᠪᠠ ᠲᠤᠭᠤᠯᠯᠠᠬᠤ ᠠᠴᠠ ᠡᠮᠤᠨ᠎ᠠ᠂ ᠤᠨᠴᠠᠭᠠᠶᠢᠯᠠᠨ ᠲᠠᠯᠠᠩ ᠨᠢ ᠢᠯᠠᠷᠭᠡᠢ ᠲᠤᠮᠤᠷᠠᠬᠤ ᠥᠶ᠎ᠠ ᠳᠤ | ᠰᠢᠬᠦᠰᠦᠯᠢᠭ ᠪᠤᠷᠳᠤᠭ᠎ᠠ ᠪᠠ ᠨᠠᠷᠢᠯᠢᠭ ᠪᠤᠷᠳᠤᠭ᠎ᠠ ᠶᠢᠨ ᠲᠠᠵᠢᠭᠡᠬᠦ ᠭᠡᠮᠵᠢᠶ᠎ᠠ ᠶᠢ ᠪᠠᠭᠠᠰᠬᠠᠨ᠎ᠠ᠃ | 6. ᠵᠠᠷᠢᠮ ᠬᠠᠯᠳᠠᠪᠤᠷᠢᠳᠤ ᠭᠡᠮ ᠭᠢᠵᠢᠭ᠂ ᠬᠤᠳᠤᠭᠤᠳᠤ ᠭᠡᠳᠠᠰᠤᠨ ᠤ ᠭᠡᠮ ᠭᠢᠭᠡᠳ ᠮᠠᠰᠢᠨ ᠢᠶᠠᠷ ᠰᠠᠭᠠᠬᠤ ᠵᠠᠷᠭᠡ ᠶᠠᠪᠤᠴᠨ ᠳᠤ ᠲᠠᠯᠠᠩ ᠤᠨ ᠥᠷᠪᠢᠰᠤᠯ | ᠡᠬᠦᠰᠬᠦ ᠶᠢ ᠴᠢᠩᠭ᠎ᠠ ᠰᠠᠷᠭᠡᠶᠢᠯᠠᠬᠦ ᠭᠡᠷᠡᠭᠳᠠᠢ᠃ ᠡᠮᠨᠠᠨ ᠵᠠᠰᠠᠬᠤ ᠲᠠᠯ᠎ᠠ ᠪᠠᠷ ᠡᠪᠠᠳᠴᠢᠨ ᠡᠬᠦᠰᠭᠡᠭᠴᠢ ᠶᠢ ᠠᠷᠢᠯᠭᠠᠵᠤ᠂ ᠭᠡᠮ ᠭᠢᠵᠢᠭ ᠡᠬᠦᠰᠴᠤ ᠲᠠᠯᠭᠡᠷᠠᠬᠦ ᠶᠢ | ᠬᠤᠷᠢᠭᠯᠠᠨ᠂ ᠥᠷᠪᠢᠰᠤᠯ ᠤᠨ ᠶᠠᠪᠤᠴᠨ ᠶᠢ ᠭᠢᠵᠠᠭᠠᠷᠯᠠᠵᠤ᠂ ᠪᠥᠬᠦ ᠪᠠᠶ᠎ᠠ ᠪᠢᠯᠳᠠᠷ ᠤᠨ ᠪᠠᠶᠢᠳᠠᠯ ᠢ ᠰᠠᠶᠢᠵᠢᠷᠠᠭᠤᠯᠬᠤ ᠭᠡᠷᠡᠭᠳᠠᠢ᠃ | ︵1︶ ᠲᠠᠯᠠᠩ ᠤᠨ ᠲᠠᠷᠢᠯᠭ᠎ᠠ ᠭᠢᠬᠦ ᠠᠷᠭ᠎ᠠ᠄ ᠭᠡᠮᠨᠡᠭᠰᠠᠨ ᠲᠠᠯᠠᠩ ᠤᠨ ᠰᠦ ᠶᠢ ᠰᠠᠭᠠᠭᠰᠠᠨ ᠤ ᠲᠠᠷᠠᠭ᠎ᠠ 50 — 100 ᠮᠢᠯᠯᠢᠯᠢᠲᠷ ᠤᠨ ᠹᠢᠽᠢᠤᠯᠤᠭᠢ ᠶᠢᠨ | ᠲᠠᠪᠤᠰᠤᠳᠠᠢ ᠤᠰᠤ ᠪᠤᠶᠤ 0.25% ᠶᠢᠨ ᠲᠠᠪᠤᠰᠤᠨ ᠬᠥᠴᠢᠯ ᠤᠨ ᠫᠷᠤᠺᠠᠶ᠋ᠢᠨ ᠢ ᠴᠢᠩ ᠯᠢᠶᠠᠨ ᠮᠸᠢ ᠰᠤ᠋ ᠲᠠᠢ ᠲᠤᠰᠪᠤᠷᠢ 200 ᠲᠥᠮᠠᠨ ᠨᠢᠭᠡᠴᠢ ᠪᠠᠷ | ᠬᠤᠯᠢᠵᠤ ᠲᠠᠮᠵᠢᠭᠤᠯᠤᠭᠴᠢ ᠴᠤᠷᠭᠤ ᠳᠤᠨᠢ ᠲᠠᠷᠢᠨ᠎ᠠ᠃ ᠬᠥᠬᠦᠨᠴᠢᠷ ᠭᠢᠭᠡᠳ ᠰᠥᠨ ᠤ ᠲᠠᠮᠵᠢᠭᠤᠯᠤᠭᠴᠢ ᠴᠤᠷᠭᠤ ᠶᠢ ᠨᠠᠷᠢᠨ ᠭᠢᠨᠠᠮᠠᠭᠠᠢ ᠠᠷᠢᠭᠤᠳᠬᠠᠪᠠᠯ ᠵᠤᠭᠢᠨ᠎ᠠ᠃ | ᠡᠳᠤᠷ ᠲᠤ 1 ᠤᠳᠠᠭ᠎ᠠ ᠲᠠᠷᠢᠯᠭ᠎ᠠ ᠲᠠᠷᠢᠭᠰᠠᠨ ᠤ ᠲᠠᠷᠠᠭ᠎ᠠ ᠲᠠᠯᠠᠩ ᠢ ᠬᠥᠡᠭᠭᠡᠭᠡᠨ ᠢᠯᠢᠵᠤ ᠡᠮ ᠢ ᠨᠢ ᠲᠠᠷᠬᠠᠭᠠᠬᠤ ᠭᠡᠷᠡᠭᠳᠠᠢ᠃ | ︵2︶ ᠲᠠᠯᠠᠩ ᠤᠨ ᠤᠭ ᠤᠨ ᠭᠡᠰᠡᠭ ᠢ ᠪᠢᠳᠠᠬᠦᠮᠵᠢᠯᠠᠨ ᠡᠮᠴᠢᠯᠠᠬᠦ ᠠᠷᠭ᠎ᠠ᠄ ᠪᠢᠳᠠᠬᠦᠮᠵᠢᠯᠠᠬᠦ ᠵᠠᠬᠦᠤ ᠶᠢ ᠲᠠᠯᠠᠩ ᠤᠨ ᠭᠡᠰᠡᠭ ᠭᠢᠭᠡᠳ ᠭᠡᠪᠠᠯᠢ ᠶᠢᠨ ᠬᠠᠨ᠎ᠠ ᠶᠢᠨ | ᠬᠤᠭᠤᠷᠤᠨᠳᠤ 8 — 10 ᠰᠠᠨᠲ᠋ᠢᠮᠧᠲᠷ ᠬᠥᠨ ᠬᠠᠳᠬᠤᠨ᠎ᠠ᠃ ᠲᠠᠭᠡᠭᠡᠳ ᠴᠢᠩ ᠯᠢᠶᠠᠨ ᠮᠸᠢ ᠰᠤ᠋ ᠶᠢ ᠲᠤᠰᠪᠤᠷᠢ 200 ᠲᠥᠮᠠᠨ ᠨᠢᠭᠡᠴᠢ᠂ 0.25% — 0. | 5% ᠶᠢᠨ ᠲᠠᠪᠤᠰᠤᠨ ᠬᠥᠴᠢᠯ ᠤᠨ ᠫᠷᠤᠺᠠᠶ᠋ᠢᠨ ᠢ 150 — 200 ᠮᠢᠯᠯᠢᠯᠢᠲᠷ ᠢᠶᠠᠷ ᠡᠳᠤᠷ ᠠᠯᠤᠰᠯᠠᠭᠠᠳ ᠨᠢᠭᠡ ᠤᠳᠠᠭ᠎ᠠ ᠲᠠᠷᠢᠨ᠎ᠠ᠃ | ︵3︶ ᠪᠠᠶ᠎ᠠ ᠶᠢᠨ ᠬᠠᠯᠠᠭᠤᠨ ᠲᠠᠭᠡᠭᠰᠢᠯᠠᠬᠦ ᠥᠶ᠎ᠠ ᠳᠤ᠂ ᠪᠤᠯᠴᠢᠩ ᠳᠤᠨᠢ ᠴᠢᠩ ᠯᠢᠶᠠᠨ ᠮᠸᠢ ᠰᠤ᠋ ᠪᠤᠶᠤ ᠺᠠᠨᠠᠮᠢᠰᠤ᠂ ᠰᠢᠨᠠᠮᠢᠰᠤ ᠵᠠᠷᠭᠡ ᠶᠢ ᠲᠠᠷᠢᠨ᠎ᠠ᠃ | ︵4︶ ᠪᠠᠯᠴᠢᠷ ᠤᠨ ᠲᠠᠷᠢᠯᠭ᠎ᠠ ᠲᠠᠷᠢᠬᠤ ᠠᠷᠭ᠎ᠠ᠄ ᠲᠤᠤᠷᠠᠭᠢ ᠨᠠᠶᠢᠷᠠᠯᠭᠠᠳᠤ ᠵᠤᠷ ᠢᠶᠠᠷ ᠬᠤᠰᠭᠢᠨᠠᠭ ᠤᠨ ᠲᠠᠭᠡᠳᠤ ᠬᠤᠨᠭ᠍ᠬᠤᠷ ᠤᠨ ᠪᠠᠯᠴᠢᠷ ᠲᠤ ᠲᠠᠷᠢᠨ᠎ᠠ᠂ | ᠡᠳᠤᠷ ᠲᠤ 1 ᠤᠳᠠᠭ᠎ᠠ ᠲᠠᠷᠢᠨ᠎ᠠ᠃ ᠴᠢᠩ ᠮᠸᠢ ᠰᠤ᠋ ᠶᠢ 320 ᠲᠥᠮᠠᠨ ᠨᠢᠭᠡᠴᠢ᠂ ᠯᠢᠶᠠᠨ ᠮᠸᠢ ᠰᠤ᠋ ᠶᠢ 200 ᠲᠥᠮᠠᠨ ᠨᠢᠭᠡᠴᠢ ︵ᠪᠤᠶᠤ ᠴᠢᠩ ᠳ᠋ᠠ ᠮᠸᠢ ᠰᠤ᠋ | ᠶᠢ 80 ᠲᠥᠮᠠᠨ ᠨᠢᠭᠡᠴᠢ︶᠂ 10 ᠮᠢᠯᠯᠢᠯᠢᠲᠷ 2% ᠤᠨ ᠫᠷᠤᠺᠠᠶ᠋ᠢᠨ ᠢ 40 — 60 ᠮᠢᠯᠯᠢᠯᠢᠲᠷ ᠤᠨ ᠲᠠᠷᠢᠯᠭ᠎ᠠ ᠶᠢᠨ ᠤᠰᠤᠨ ᠳᠤ ᠬᠤᠯᠢᠵᠤ ᠨᠢᠭᠡ ᠤᠳᠠᠭ᠎ᠠ | ᠳᠤ ᠲᠠᠷᠢᠨ᠎ᠠ᠃ | ︵5︶ ᠡᠪᠠᠰᠤᠨ ᠡᠮ᠂ ᠭᠤᠸ᠋ᠨ ᠶᠢᠨ ᠬᠠᠳᠠᠭᠠᠮᠠᠯ ᠤᠨ ᠰᠢᠪᠡᠭᠡ ᠲᠥᠷᠤᠬᠦᠤ ᠶᠢᠨ ᠱᠥᠯᠤ ᠪᠤᠶᠤ ᠥᠷᠪᠢᠰᠤᠯ ᠠᠷᠢᠯᠭᠠᠬᠤ ᠡᠮ ᠢ ᠪᠠᠭ᠎ᠠ ᠰᠠᠭ᠎ᠠ ᠬᠤᠯᠢᠨ ᠥᠭᠴᠤ | ᠪᠤᠯᠤᠨ᠎ᠠ᠃ | ᠬᠤᠶᠠᠷ᠂ ᠲᠠᠯᠠᠩ ᠤᠨ ᠤᠰᠤᠨ ᠬᠠᠪᠤᠳᠠᠷ᠄ ᠡᠨ᠋ᠨ ᠭᠡᠮ ᠭᠤᠤᠯᠳᠠᠭᠤ ᠤᠯᠠᠩᠭᠢ ᠥᠨᠢᠶᠠᠨ ᠤ ᠰᠠᠪᠠᠨ ᠳᠠᠬᠢ ᠴᠢᠰᠤ ᠨᠢ ᠶᠡᠭᠡ ᠭᠡᠮᠵᠢᠶ᠎ᠠ ᠪᠠᠷ ᠲᠠᠯᠠᠩ ᠳᠤᠨᠢ | ᠬᠤᠷᠠᠬᠤ ᠪᠤᠶᠤ ᠡᠭᠢᠨ ᠤ ᠬᠤᠭᠤᠴᠠᠭᠠᠨ ︵ᠤᠨᠴᠠᠭᠠᠶᠢᠯᠠᠨ ᠥᠨᠳᠤᠷ ᠭᠠᠷᠤᠯᠳᠠ ᠲᠠᠢ ᠰᠠᠭᠠᠯᠢ ᠶᠢᠨ ᠥᠨᠢᠶ᠎ᠠ︶ ᠳᠤ ᠲᠠᠯᠠᠩ ᠤᠨ ᠨᠠᠮᠵᠢᠭᠤᠨ ᠰᠤᠳᠠᠯ ᠤᠨ | ᠲᠠᠷᠤᠯᠳᠠ ᠠᠴᠠ ᠪᠤᠯᠵᠤ ᠭᠡᠮᠨᠠᠨ ᠡᠬᠦᠰᠳᠡᠭ ᠪᠠᠶᠢᠨ᠎ᠠ᠃ ᠡᠬᠦᠨ ᠳᠤ ᠲᠠᠯᠠᠩ ᠤᠨ ᠠᠷᠠᠰᠤ ᠴᠢᠩᠭᠠᠷᠠᠵᠤ ᠤᠯᠠᠶᠢᠨ᠎ᠠ᠃ ᠲᠠᠷᠤᠵᠤ ᠥᠵᠠᠬᠦ ᠳᠤ ᠡᠪᠠᠳᠬᠦ ᠥᠭᠡᠢ | ᠪᠥᠭᠡᠳ ᠬᠤᠷᠤᠭᠤᠨ ᠤ ᠤᠷᠤ ᠯᠨ ᠥᠯᠠᠳᠠᠨᠠ᠃ ᠵᠠᠷᠢᠮ ᠨᠢ ᠲᠠᠮᠠᠢ ᠤᠳᠠᠯ ᠥᠭᠡᠢ ᠥᠪᠠᠰᠤᠪᠠᠨ ᠡᠳᠠᠭᠡᠷᠠᠴᠢᠭᠡᠳᠡᠭ᠂ ᠴᠥᠭᠡᠨ ᠭᠡᠳᠤ ᠨᠢ ᠪᠠᠰᠨ ᠰᠢᠷ᠎ᠠ ᠤᠰᠤᠨ ᠤ | ᠴᠢᠨᠠᠷᠳᠠᠢ ᠲᠠᠯᠠᠩ ᠤᠨ ᠥᠷᠪᠢᠰᠤᠯ ᠪᠤᠯᠬᠤ ᠪᠤᠶᠤ ᠲᠠᠯᠠᠩ ᠤᠨ ᠠᠷᠠᠰᠤ ᠨᠢ ᠥᠬᠦᠴᠢᠭᠡᠳᠡᠭ᠃ ᠲᠠᠭᠡᠭᠡᠳ ᠰᠦ ᠱᠥᠬᠦᠷᠠᠬᠦᠯᠬᠦ ᠭᠡᠮᠵᠢᠶ᠎ᠠ ᠨᠢ ᠪᠠᠭᠠᠰᠤᠨ᠎ᠠ᠃ | ᠰᠠᠷᠭᠡᠶᠢᠯᠠᠨ ᠵᠠᠰᠠᠬᠤ᠄ ᠲᠤᠭᠤᠯᠯᠠᠬᠤ ᠠᠴᠠ ᠨᠢᠭᠡ ᠰᠠᠷ᠎ᠠ ᠶᠢᠨ ᠡᠮᠤᠨ᠎ᠠ᠂ ᠠᠯᠢ ᠴᠢᠳᠠᠬᠤ ᠪᠠᠷ ᠪᠠᠭ᠎ᠠ ᠰᠠᠭ᠎ᠠ ᠨᠠᠷᠢᠯᠢᠭ ᠪᠤᠷᠳᠤᠭ᠎ᠠ ᠥᠭᠴᠤ᠂ ᠵᠤᠭᠢᠰᠳᠠᠢ | ᠬᠥᠳᠠᠯᠭᠡᠭᠡᠨ ᠭᠢᠯᠭᠡᠬᠦ ᠭᠡᠷᠡᠭᠳᠠᠢ᠃ ᠤᠰᠤᠨ ᠬᠠᠪᠤᠳᠠᠷ ᠨᠢ ᠪᠠᠭ᠎ᠠ ᠪᠠᠶᠢᠬᠤ ᠥᠶᠠᠰ ᠬᠠᠯᠠᠭᠤᠨ ᠤᠰᠤᠨ ᠱᠠᠪᠰᠢᠯᠭ᠎ᠠ ᠶᠢ ᠡᠳᠤᠷ ᠲᠤ ᠭᠡᠳᠤ ᠤᠳᠠᠭ᠎ᠠ ᠭᠢᠵᠤ ᠪᠤᠯᠤᠨ᠎ᠠ᠃ | ᠥᠨᠳᠤᠷ ᠭᠠᠷᠤᠯᠳᠠ ᠲᠠᠢ ᠰᠠᠭᠠᠯᠢ ᠶᠢᠨ ᠥᠨᠢᠶᠠᠨ ᠳᠤ ᠡᠳᠤᠷ ᠪᠥᠷᠢ ᠶᠢᠨ ᠰᠠᠭᠠᠬᠤ ᠤᠳᠠᠭ᠎ᠠ ᠶᠢ ᠨᠠᠮᠡᠭᠳᠠᠬᠦᠯᠵᠤ᠂ ᠬᠥᠨᠳᠤᠷᠠᠬᠦ ᠥᠶᠠᠰ ᠡᠮ ᠥᠭᠴᠤ ᠡᠮᠨᠠᠵᠤ | ᠪᠤᠯᠤᠨ᠎ᠠ᠃ ᠵᠢᠱᠢᠶᠠᠯᠠᠪᠠᠯ ᠲᠠᠪᠤᠰᠤᠨ ᠤ ᠲᠥᠷᠤᠯ ᠤᠨ ᠲᠤᠭᠤᠯᠤᠭᠤᠯᠬᠤ ᠡᠮ᠂ ᠰᠢᠭᠡᠰᠤ ᠰᠠᠶᠢᠵᠢᠷᠠᠭᠤᠯᠬᠤ ᠡᠮ ᠪᠤᠯᠤᠨ ᠵᠢᠷᠤᠭᠡ ᠲᠠᠮᠢᠷᠵᠢᠭᠤᠯᠬᠤ ᠡᠮ ᠵᠠᠷᠭᠡ ᠶᠢ | ᠭᠡᠷᠡᠭᠯᠠᠵᠤ ᠪᠤᠯᠤᠨ᠎ᠠ᠃ | | | |