ᠮᠦᠬᠦ ᠭᠠᠩᠰᠠᠷᠠᠯ ᠢ ᠵᠠᠰᠠᠨ᠎ᠠ
ᠨᠡᠶᠢᠲᠡᠯᠡᠭᠰᠡᠨ ᠴᠠᠭ᠄
2025/4/23
    ᠠᠮᠧᠷᠢᠺᠠ ᠶᠢᠨ ᠵᠠᠭᠤᠴᠢᠯᠠᠭᠤᠷ ᠤᠨ ᠬᠢᠨ ᠲᠦᠷᠦᠬᠦᠭᠡᠨ ᠮᠡᠳᠡᠭᠡᠯᠡᠯ ᠨᠡᠶᠢᠳᠡᠯᠡᠵᠦ᠂ ᠬᠠᠮᠤᠬ ᠤᠨ ᠰᠢᠨ᠎ᠡ ᠰᠤᠳᠤᠯᠭᠠᠨ ᠳᠤ  ᠢᠯᠡᠷᠡᠬᠦᠯᠦᠭᠰᠡᠨ ᠢᠶᠠᠷ ᠮᠦᠬᠦ ᠠᠷᠪᠢᠨ ᠢᠳᠡᠪᠡᠯ ᠭᠠᠩᠰᠠᠷᠠᠬᠤ ᠭᠡᠮ ᠢ ᠵᠠᠰᠠᠳᠠᠭ᠂ ᠤᠴᠢᠷ ᠨᠢ ᠮᠦᠬᠦ ᠳᠤ ᠨᠢᠭᠡ ᠵᠦᠢᠯ ᠤᠨ ᠰᠠᠢ ᠯᠦᠸᠧ  ᠰᠢ ᠪᠢᠨ ᠭᠡᠮᠡᠭᠴᠢ ᠭᠡᠢ ᠰᠡᠷᠡᠯ ᠲᠦᠷᠦᠭᠳᠡᠬᠦᠯᠬᠦ ᠡᠳ᠋ ᠠᠭᠤᠯᠤᠭᠳᠠᠳᠠᠭ ᠭᠡᠵᠡᠢ᠃        ᠠᠩᠭ᠍ᠯᠢ ᠶᠢᠨ ᠤᠯᠤᠰ ᠤᠨ ᠰᠢᠨᠵᠢᠯᠡᠬᠦ ᠤᠬᠠᠭᠠᠨ ᠮᠡᠷᠭᠡᠵᠢᠯ ᠤᠨ ᠰᠤᠳᠤᠯᠭᠠᠨ ᠤ ᠵᠦᠪᠯᠡᠯ ᠠᠴᠠ ᠲᠡᠮᠵᠢᠨ ᠶᠠᠪᠤᠭᠳᠠᠭᠤᠯᠵᠤ ᠪᠠᠶᠢᠭ᠎ᠠ  ᠳᠤᠰ ᠰᠤᠳᠤᠯᠭᠠᠨ ᠤ ᠳᠤᠮᠳᠠ᠂ ᠰᠤᠳᠤᠯᠭᠠᠳᠠᠳ ᠭᠠᠩᠰᠠᠷᠠᠬᠤ ᠭᠡᠮ ᠲᠠᠢ ᠡᠪᠡᠳᠴᠢᠳᠡᠨ ᠳᠤ ᠭᠠᠷᠠᠭ ᠪᠦᠷᠢ ᠬᠤᠶᠠᠷ ᠤᠳᠠᠭ᠎ᠠ ᠰᠠᠢ  ᠯᠦᠸᠧ ᠰᠢ ᠪᠢᠨ ᠢ ᠤᠤᠭᠤᠯᠭᠠᠬᠤ ᠶᠢᠨ ᠬᠠᠮᠳᠤ ᠲᠡᠳᠡᠨ ᠤ ᠶᠡᠭᠡ ᠳᠠᠷᠢᠬᠢᠨ ᠤ ᠳᠤᠰᠬᠠᠯ ᠢ ᠠᠵᠢᠬᠯᠠᠵᠠᠢ᠃ ᠭᠠᠶᠢᠬᠠᠯᠳᠠᠢ ᠨᠢ᠂ ᠨᠢᠭᠡ  ᠭᠠᠷᠠᠭ ᠤᠨ ᠳᠠᠷᠠᠭ᠎ᠠ ᠪᠦᠬᠦ᠋ᠢᠯᠡ ᠡᠪᠡᠳᠴᠢᠳᠡᠨ ᠤ ᠭᠠᠩᠰᠠᠷᠠᠬᠤ ᠢᠯᠡᠷᠡᠯ ᠨᠢ ᠴᠦᠮ ᠨᠠᠮᠳᠠᠪᠠ᠃ ᠳᠠᠪᠤᠨ ᠭᠠᠷᠠᠭ ᠤᠨ ᠳᠠᠷᠠᠭ᠎ᠠ᠂  47% ᠤᠨ ᠡᠪᠡᠳᠴᠢᠳᠡᠨ ᠭᠤᠳᠤᠷᠠᠵᠤ ᠪᠤᠬᠢᠨᠢᠳᠤᠬᠤ ᠪᠠᠨ ᠪᠠᠶᠢᠬᠰᠠᠨ ᠪᠠᠶᠢᠪᠠ᠃ ᠳᠠᠷᠢᠬᠢᠨ ᠤ ᠭᠡᠰᠡᠭ ᠤᠨ ᠰᠢᠷᠪᠢᠯᠳᠡ ᠳᠤ  ᠬᠠᠷᠠᠭᠤᠯᠤᠭᠰᠠᠨ ᠢᠶᠠᠷ᠂ ᠡᠪᠡᠳᠴᠢᠳᠡᠨ ᠤ ᠬᠦᠢᠯᠡᠰᠦᠨ ᠴᠦᠮ᠎ᠡ ᠶᠢᠨ ᠳᠤᠭᠤᠷᠢᠭ ᠤᠨ ᠠᠵᠢᠯᠯᠠᠭ᠎ᠠ ᠴᠤ ᠢᠯᠡᠳᠳᠡ ᠪᠠᠭᠠᠰᠴᠠᠢ᠃         ᠰᠤᠳᠤᠯᠭᠠᠳᠠᠳ ᠤᠨ ᠢᠯᠡᠷᠭᠡᠶᠢᠯᠡᠭᠰᠡᠨ ᠢᠶᠠᠷ᠂ ᠰᠠᠢ ᠯᠦᠸᠧ ᠰᠢ ᠪᠢᠨ ᠭᠠᠩᠰᠠᠷᠠᠬᠤ ᠭᠡᠮ ᠲᠠᠢ ᠡᠪᠡᠳᠴᠢᠳᠡᠨ ᠳᠤ ᠪᠤᠳᠤᠯ  ᠰᠠᠨᠠᠭ᠎ᠠ ᠨᠢ ᠳᠠᠯᠪᠢᠭᠤᠷᠠᠬᠤ ᠪᠠ ᠦᠪᠡᠷᠮᠢᠴᠡ ᠵᠠᠩ ᠠᠭᠠᠯᠢ ᠨᠢ ᠬᠤᠪᠢᠷᠠᠬᠤ ᠲᠦᠷᠦᠭᠳᠡᠯ ᠦᠭᠳᠡᠭ ᠪᠠᠶᠢᠨ᠎ᠠ᠃ ᠮᠦᠬᠦ ᠠᠷᠪᠢᠨ ᠢᠳᠡᠪᠡᠯ  ᠲᠡᠬᠦᠨ ᠳᠤ ᠠᠭᠤᠯᠤᠭᠳᠠᠬᠤ ᠰᠠᠢ ᠯᠦᠸᠧ ᠰᠢ ᠪᠢᠨ ᠨᠢ ᠶᠡᠭᠡ ᠳᠠᠷᠢᠬᠢᠨ ᠳᠤ ᠳᠠᠬᠢᠨᠳᠠ ᠳᠤᠬᠢᠷᠠᠭᠤᠯᠤᠯᠳᠠ ᠬᠢᠵᠦ᠂ ᠭᠠᠩᠰᠠᠷᠠᠬᠤ  ᠭᠡᠮ ᠤᠨ ᠵᠠᠰᠠᠯᠭ᠎ᠠ ᠳᠤ ᠮᠠᠰᠢ ᠰᠠᠶᠢᠨ ᠦᠢᠯᠡᠳᠦᠯ ᠦᠵᠡᠬᠦᠯᠳᠡᠭ᠃ 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ