| ᠤᠳᠤ ᠶᠢᠨ ᠲᠦᠷᠭᠡᠨ ᠠᠶᠢᠵᠠᠮᠳᠤ ᠠᠮᠢᠳᠤᠷᠠᠯ ᠠᠴᠠ ᠪᠤᠯᠵᠤ ᠬᠦᠮᠦᠰ ᠦᠷᠯᠦᠭᠡ ᠶᠢᠨ ᠬᠤᠭᠤᠯᠠ ᠶᠢ ᠶᠠᠪᠤᠬᠤ ᠳᠤᠰᠤᠮ ᠤᠮᠳᠤᠭᠠᠢᠢᠯᠠᠬᠤ ᠪᠤᠯᠪᠠ᠃ ᠭᠡᠶ᠎ᠡ᠂ | ᠦᠷᠯᠦᠭᠡ ᠶᠢᠨ ᠬᠤᠭᠤᠯᠠ ᠪᠠᠨ ᠦᠷᠬᠦᠯᠵᠢ ᠢᠳᠡᠬᠦ ᠦᠭᠡᠢ ᠪᠤᠯ ᠰᠦᠰᠦᠨ ᠰᠢᠩᠭᠡᠨ ᠦᠳᠭᠡᠷᠡᠨ᠂ ᠴᠢᠯᠠᠭᠤᠵᠢᠯ ᠪᠤᠯᠵᠤ ᠮᠡᠳᠡᠨ᠎ᠡ᠃ | ᠰᠦᠰᠦ ᠭᠡᠪᠡᠯᠢ ᠶᠢᠨ ᠪᠠᠷᠠᠭᠤᠨ ᠲᠡᠭᠡᠷ᠎ᠡ ᠳᠠᠯ᠎ᠠ ᠳᠤ ᠡᠯᠢᠭᠡ ᠶᠢ ᠨᠠᠭᠠᠯᠳᠤᠨ ᠤᠷᠤᠰᠢᠳᠠᠭ᠃ ᠰᠦᠰᠦ ᠨᠢ ᠰᠦᠰᠦᠨ ᠤ ᠤᠭᠤᠳᠠ ᠶᠢᠨ ᠭᠤᠤᠷᠰᠤ ᠪᠠ | ᠰᠦᠰᠦᠨ ᠤ ᠶᠡᠷᠦᠩᠭᠡᠢ ᠭᠤᠤᠷᠰᠤ ᠨᠡᠪᠳᠡᠷᠡᠳᠡᠭ ᠲᠤ ᠲᠦᠰᠢᠭᠯᠡᠨ ᠰᠦᠰᠦᠨ ᠰᠢᠩᠭᠡᠨ ᠢ ᠵᠤᠬᠢᠴᠠᠭᠤᠯᠤᠨ ᠤᠷᠤᠰᠬᠠᠬᠤ ᠦᠢᠯᠡᠳᠦᠯ ᠲᠠᠢ ᠪᠠᠶᠢᠵᠤ᠂ ᠤᠰᠤᠨ | ᠴᠦᠬᠦᠷᠦᠮ ᠰᠢᠭ ᠢᠶᠠᠷ ᠬᠦᠮᠦᠨ ᠦᠯᠦᠰᠬᠦ ᠦᠶᠡᠰ ᠡᠯᠢᠭᠡᠨ ᠠᠴᠠ ᠱᠦᠬᠦᠷᠡᠭᠰᠡᠨ ᠰᠦᠰᠦᠨ ᠰᠢᠩᠭᠡᠨ ᠢ ᠬᠤᠷᠢᠶᠠᠨ ᠬᠠᠳᠠᠭᠠᠯᠠᠵᠤ᠂ ᠬᠤᠭᠤᠯᠠ ᠢᠳᠡᠬᠦ᠂ ᠢᠯᠠᠩᠭᠤᠶ᠎ᠠ | ᠦᠭᠡᠬᠦ ᠳᠤᠰᠤ ᠶᠡᠭᠡ ᠢᠳᠡᠭᠡᠨ ᠢᠳᠡᠭᠰᠡᠨ ᠤ ᠳᠠᠷᠠᠭ᠎ᠠ᠂ ᠰᠦᠰᠦᠨ ᠰᠢᠩᠭᠡᠨ ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠪᠠᠷ | ᠳᠠᠮᠵᠢᠨ ᠠᠷᠪᠠᠨ ᠬᠤᠶᠠᠷ ᠬᠤᠷᠤᠭᠤ ᠭᠡᠳᠡᠰᠦᠨ ᠳᠤ ᠤᠷᠤᠵᠤ᠂ ᠢᠳᠡᠭᠡᠨ ᠢ ᠰᠢᠩᠭᠡᠭᠡᠬᠦ ᠳᠤ ᠤᠷᠤᠯᠴᠠᠳᠠᠭ᠃ | ᠰᠦᠨᠢ ᠰᠦᠰᠦᠨ ᠰᠢᠩᠭᠡᠨ ᠮᠦᠨ ᠯᠡ ᠱᠦᠬᠦᠷᠡᠨ᠂ ᠰᠦᠰᠦᠨ ᠤ ᠤᠭᠤᠳᠠᠨ ᠳᠤ ᠬᠠᠳᠠᠭᠠᠯᠠᠭᠳᠠᠨ᠂ ᠦᠷᠯᠦᠭᠡ ᠬᠤᠭᠤᠯᠠ ᠢᠳᠡᠪᠡᠯ ᠰᠦᠰᠦᠨ ᠤ | ᠤᠭᠤᠳᠠ ᠶᠢᠨ ᠰᠢᠩᠭᠡᠨ ᠱᠦᠬᠦᠷᠡᠬᠦᠯᠬᠦ ᠳᠤ ᠰᠠᠳᠠᠯᠳᠠ ᠪᠤᠯᠳᠠᠭ᠃ ᠭᠡᠷᠪᠡ ᠦᠷᠯᠦᠭᠡ ᠶᠢᠨ ᠬᠤᠭᠤᠯᠠ ᠪᠠᠨ ᠢᠳᠡᠬᠦ ᠦᠭᠡᠢ ᠪᠤᠯ ᠰᠦᠰᠦᠨ ᠰᠢᠩᠭᠡᠨ ᠰᠦᠰᠦᠨ ᠤ | ᠤᠭᠤᠳᠠᠨ ᠳᠤ ᠤᠳᠠᠭᠠᠨ ᠬᠠᠳᠠᠭᠠᠯᠠᠭᠳᠠᠨ᠂ ᠳᠤᠳᠤᠷᠠᠬᠢ ᠰᠦᠰᠦᠨ ᠤ ᠭᠤᠤᠨᠠᠨ ᠠᠯᠺᠤᠤᠯ ᠮᠡᠳᠦ ᠶᠢᠨ ᠳᠠᠯᠠᠰᠳᠤ ᠨᠢ ᠠᠭᠠᠵᠢᠮ ᠢᠶᠠᠷ ᠰᠦᠰᠦᠨ ᠤ ᠤᠭᠤᠳᠠ ᠶᠢᠨ | ᠬᠠᠨᠠᠨ ᠲᠡᠭᠡᠷ᠎ᠡ ᠨᠠᠭᠠᠯᠳᠤᠵᠤ᠂ ᠡᠳᠦᠷ ᠤᠨ ᠤᠳᠠᠭᠠᠨ ᠳᠠᠭᠠᠨ ᠴᠢᠯᠠᠭᠤᠵᠢᠯ ᠪᠤᠯᠳᠠᠭ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠯᠦᠭᠡ ᠶᠢᠨ ᠬᠤᠭᠤᠯᠠ ᠪᠠᠨ | ᠢᠳᠡᠭᠰᠡᠳ ᠤᠨ ᠰᠦᠰᠦᠨ ᠰᠢᠩᠭᠡᠨ ᠨᠢ ᠳᠤᠪ ᠳᠤᠩᠭᠠᠯᠠᠬ ᠪᠠᠶᠢᠬᠤ ᠳᠤ ᠦᠷᠯᠦᠭᠡ ᠶᠢᠨ ᠬᠤᠭᠤᠯᠠ ᠪᠠᠨ ᠢᠳᠡᠳᠡᠭ ᠦᠭᠡᠢ ᠬᠦᠮᠦᠨ ᠤ ᠬᠢ ᠬᠠᠷᠢᠨ ᠦᠳᠭᠡᠨ᠂ | ᠪᠤᠯᠢᠩᠬᠠᠷ ᠪᠠᠶᠢᠳᠠᠭ᠃ | ᠰᠦᠰᠦᠨ ᠤ ᠴᠢᠯᠠᠭᠤᠵᠢᠯ ᠨᠢ ᠰᠦᠰᠦᠨ ᠤᠭᠤᠳᠠ ᠶᠢᠨ ᠭᠤᠤᠷᠰᠤ ᠲᠡᠭᠡᠷ᠎ᠡ ᠳᠤᠷᠴᠤ ᠪᠠᠶᠢᠬᠤ ᠦᠶᠡᠰ ᠰᠦᠰᠦᠨ ᠳᠤ ᠪᠠᠺᠲ᠋ᠧᠷᠢ ᠦᠷᠡᠵᠢᠨ ᠦᠷᠪᠢᠰᠦᠯᠡᠵᠦ᠂ | ᠲᠦᠷᠭᠡᠨ ᠴᠢᠨᠠᠷᠳᠠᠢ ᠰᠦᠰᠦᠨ ᠤ ᠤᠭᠤᠳᠠ ᠶᠢᠨ ᠦᠷᠪᠢᠰᠦᠯ ᠪᠤᠯᠳᠠᠭ᠃ ᠴᠢᠯᠠᠭᠤᠵᠢᠯ ᠨᠢ ᠰᠦᠰᠦᠨ ᠤ ᠭᠤᠤᠷᠰᠤ ᠪᠠᠷ ᠳᠤᠷᠤᠭᠰᠢ ᠰᠦᠰᠦᠨ ᠤ ᠶᠡᠷᠦᠩᠭᠡᠢ | ᠭᠤᠤᠷᠰᠤ ᠳᠤ ᠤᠷᠤᠭᠠᠳ ᠳᠤᠷᠴᠤ᠂ ᠭᠡᠳᠡᠰᠦᠨ ᠳᠤ ᠤᠷᠤᠵᠤ ᠲᠡᠶᠢᠯᠬᠦ ᠦᠭᠡᠢ ᠪᠤᠯᠬᠤ ᠦᠶᠡᠰ ᠲᠦᠷᠭᠡᠨ ᠴᠢᠨᠠᠷᠳᠠᠢ ᠰᠦᠰᠦᠨ ᠤ ᠭᠤᠤᠷᠰᠤ ᠶᠢᠨ ᠦᠷᠪᠢᠰᠦᠯ ᠪᠠ | ᠨᠦᠢᠷ ᠤᠨ ᠪᠤᠯᠴᠢᠷᠬᠠᠢ ᠶᠢᠨ ᠦᠷᠪᠢᠰᠦᠯ ᠪᠤᠯᠵᠤ᠂ ᠴᠢᠨᠠᠬᠰᠢᠯᠠᠪᠠᠯ ᠠᠮᠢ ᠨᠠᠰᠤᠨ ᠳᠤ ᠠᠶᠤᠯ ᠪᠤᠯᠳᠠᠭ᠃ | |