| ᠬᠡᠦᠬᠡᠳ ᠨᠠᠶᠢᠳᠠᠭᠠᠬᠤ ᠦᠶ᠎ᠡ ᠳᠤ ᠤᠯᠠᠩᠬᠢ ᠳᠠᠭᠠᠨ ᠬᠠᠵᠠᠭᠤ ᠳᠤᠨᠢ ᠪᠠᠶᠢᠭᠰᠠᠨ ᠶᠡᠬᠡᠴᠤᠤᠯ ︽ᠤᠷᠳᠦ ᠨᠠᠰᠤᠯᠠ︕᠂ ᠦᠨᠳᠦᠷ ᠪᠤᠯ︕︾ ᠬᠡᠵᠦ | ᠰᠢᠪᠰᠢᠬᠡᠳ᠂ ᠰᠢᠯᠦᠰᠦ ᠨᠢᠰᠦ ᠶᠢ ᠨᠢ ᠠᠷᠴᠢᠵᠦ ᠵᠦᠯᠬᠦᠵᠦ ᠦᠭᠳᠡᠭ᠃ ᠬᠡᠶ᠎ᠡ ᠮᠤᠩᠭᠤᠯᠴᠤᠳ ᠦᠷᠬᠡᠨ ᠠᠭᠤᠳᠠᠮ ᠨᠤᠳᠤᠭ ᠲᠤ ᠲᠠᠷᠠᠬᠠᠢ ᠪᠤᠳᠠᠷᠬᠠᠢ ᠨᠡᠬᠦᠳᠡᠯᠯᠡᠨ | ᠮᠠᠯᠵᠢᠳᠠᠭ ᠤᠴᠢᠷ ᠠᠴᠠ ᠭᠠᠵᠠᠷ ᠭᠠᠵᠠᠷ ᠤᠨ ᠰᠢᠪᠰᠢᠯᠬᠡ ᠨᠢ ᠬᠤᠭᠤᠷᠤᠨᠳᠤ ᠪᠠᠨ ᠪᠠᠭ᠎ᠠ ᠵᠦᠷᠢᠶ᠎ᠡ ᠲᠠᠢ ᠪᠠᠶᠢᠳᠠᠭ᠃ ᠦᠵᠦᠮᠦᠴᠢᠨ ᠳᠤ ᠬᠡᠦᠬᠡᠳ ᠨᠠᠶᠢᠳᠠᠭᠠᠬᠤ | ᠦᠶ᠎ᠡ ᠳᠤ ︽ᠪᠤᠷᠬᠠᠨ ᠦᠷᠦᠰᠢᠶᠡ︕ ᠪᠤᠳᠠᠨ ᠴᠢᠨᠡᠬᠡᠨ ᠰᠠᠬᠠᠯ ᠤᠷᠭᠤ︕︾ ᠬᠡᠳᠡᠭ᠃ ᠤᠢᠢᠷᠠᠳ ᠤᠨ ᠲᠠᠶᠢᠵᠢᠨᠠᠷ ᠪᠤᠯ ︽ᠪᠤᠬᠳᠠ ᠦᠷᠦᠰᠢᠶᠡ︕ | ᠽᠦᠩᠺᠠᠪᠠ ᠦᠷᠦᠰᠢᠶᠡ︕ ᠰᠠᠳᠠᠷ ᠰᠠᠯᠠᠩ ᠦᠬᠡᠳᠡ ᠪᠠᠨ ᠬᠠᠳᠠᠷᠢ︕ ᠰᠠᠳᠡᠷᠬᠡᠢ ᠤᠯᠠᠭᠠᠨ ᠲᠡᠮᠡᠭᠡ ᠪᠠᠨ ᠬᠤᠰᠢᠯᠠ︕ ᠵᠤᠤ ᠳᠤ ᠵᠠᠭᠤ ᠮᠦᠷᠬᠦ︕ | ᠵᠠᠭᠤᠷ᠎ᠠ ᠳᠠᠭᠠᠨ ᠵᠢᠷᠭᠤᠭ᠎ᠠ ᠪᠦᠳᠦᠷᠢ︕︾ ᠬᠡᠳᠡᠭ᠃ | ᠤᠷᠳᠤᠰ ᠲᠤ ︽ᠬᠠᠮᠠᠷ ᠠᠮᠠ ᠲᠠᠢ ᠲᠠᠨᠢ ᠲᠤᠰᠤ ᠲᠠᠢ᠂ ᠬᠠᠯᠵᠠᠨ ᠢᠮᠠᠭ᠎ᠠ ᠢᠰᠢᠬᠡ ᠲᠠᠢ︕︾ ᠬᠡᠬᠦ ᠪᠤᠶᠤ ︽ᠪᠤᠬᠳᠠ︕ ᠬᠠᠮᠠᠷ ᠠᠮᠠ ᠲᠠᠨᠢ ᠲᠤᠰᠤ ᠲᠠᠢ᠂ | ᠬᠠᠯᠵᠠᠬᠴᠢ ᠦᠨᠢᠶ᠎ᠡ ᠲᠠᠨᠢ ᠦᠰᠦ ᠲᠠᠢ︕︾᠂ ︽ᠠᠢ᠂ ᠲᠢ᠂ ᠪᠤᠬᠳᠠ︕ ᠬᠠᠢ ᠲᠢ᠂ ᠤᠮ ᠮᠠ ᠬᠤᠩ︕︾ ᠬᠡᠬᠦ ᠮᠡᠳᠦ ᠬᠡᠯᠡᠳᠡᠭ᠃ | ᠬᠦᠬᠡᠨᠠᠭᠤᠷ ᠤᠨ ᠲᠡᠬᠡᠳᠦ ᠮᠤᠩᠭᠤᠯᠴᠤᠳ ᠪᠤᠯ ︽ᠬᠠᠯᠵᠠᠨ ᠢᠮᠠᠭ᠎ᠠ ᠬᠠᠮᠠᠷ ᠲᠠᠢ᠂ ᠬᠠᠮᠠᠷ ᠲᠡᠬᠡᠷ᠎ᠡ ᠪᠠᠨ ᠲᠤᠰᠤ ᠲᠠᠢ᠂ ᠰᠠᠶᠢᠨ ᠪᠤᠶᠠᠨ ᠲᠡᠯᠬᠡᠷᠡ︕︾ ᠬᠡᠳᠡᠭ | ᠃ ᠵᠠᠷᠢᠮ ᠭᠠᠵᠠᠷ ᠬᠡᠦᠬᠡᠳ ᠨᠠᠶᠢᠳᠠᠭᠠᠪᠠᠯ ᠰᠠᠨᠠᠬᠰᠠᠨ ᠬᠡᠷᠡᠭ ᠪᠦᠳᠦᠨ᠎ᠡ ᠬᠡᠵᠦ ᠪᠡᠯᠬᠡᠰᠢᠶᠡᠳᠡᠭ᠃ ︵︽ᠮᠤᠩᠭᠤᠯ ᠤᠯᠠᠮᠵᠢᠯᠠᠯᠳᠦ ᠲᠤᠮ | ᠰᠢᠪᠰᠢᠯᠬᠡ︾ ᠬᠡᠬᠦ ᠨᠤᠮ ᠠᠴᠠ︶ | |