| ᠯᠢᠦ ᠢ ᠶᠠᠩ | | ᠭᠤᠶᠣᠯᠠᠬᠤ ᠳᠤᠷᠠᠲᠠᠶ ᠮᠠᠰᠢ ᠣᠯᠠᠨ ᠡᠮᠡᠭᠳᠡᠶᠢᠴᠤᠳ ᠲᠣᠭᠲᠠᠭᠰᠠᠨ ᠬᠤᠭᠤᠴᠠᠭ᠎ᠠ ᠲᠠᠢ ᠪᠠᠷ ᠬᠢᠮᠦᠰᠦ ᠪᠠᠨ ᠭᠤᠶᠣᠯᠠᠵᠤ ᠪᠠᠶᠢᠳᠠᠭ᠂ ᠭᠡᠪᠡᠴᠦ ᠪᠠᠰᠠ ︽ᠤᠷᠲᠤ | ᠬᠤᠭᠤᠴᠠᠭ᠎ᠠ ᠪᠠᠷ ᠬᠢᠮᠦᠰᠦ ᠪᠠᠨ ᠭᠤᠶᠣᠯᠠᠪᠠᠯ ᠥᠮᠡᠨ ᠳᠤ ᠨᠡᠷᠪᠡᠭᠳᠡᠨ᠎ᠡ︾ ᠬᠡᠵᠦ ᠶᠠᠷᠢᠵᠠᠭᠠᠵᠤ ᠪᠤᠢ᠂ ᠡᠨᠡ ᠨᠢ ᠦᠨᠡᠨ ᠤᠤ︖ ᠬᠢᠮᠤᠰᠤ ᠪᠠᠨ | ᠭᠤᠶᠣᠯᠠᠬᠤ ᠳᠤ ᠡᠮᠡᠭᠳᠡᠶᠢᠴᠤᠳ ᠶᠠᠭᠤ ᠶᠢ ᠠᠩᠬᠠᠷᠬᠤ ᠴᠢᠬᠤᠯᠠ ᠲᠠᠢ ᠪᠤᠢ︖ | ᠦᠨᠡᠨ ᠳᠡᠭᠡᠨ ᠡᠩ ᠤᠨ ᠬᠢᠮᠤᠰᠤᠨ ᠪᠤᠳᠤᠭ ᠤᠨ ᠪᠦᠷᠢᠯᠳᠦᠬᠦᠨ ᠢ ᠶᠡᠷᠦᠳᠡᠭᠡᠨ ᠬᠤᠶᠠᠷ ᠲᠥᠷᠥᠯ ᠳᠤ ᠬᠤᠪᠢᠶᠠᠳᠠᠭ᠂ ᠨᠢᠭᠡ ᠲᠥᠷᠥᠯ ᠨᠢ ᠬᠠᠲᠠᠭᠤ | ᠲᠥᠯᠥᠪᠲᠦ ᠪᠦᠷᠢᠯᠳᠦᠬᠦᠨ ᠪᠤᠯᠤᠨ᠎ᠠ᠂ ᠡᠭᠦᠨ ᠳᠤ ᠭᠤᠤᠯᠳᠠᠭᠤ ᠪᠤᠳᠤᠬᠳᠤ ᠡᠳ᠋ ᠪᠠ ᠭᠢᠯᠪᠠᠭᠠᠨ ᠪᠣᠳᠠᠰ ᠵᠡᠷᠭᠡ ᠪᠤᠢ᠃ ᠨᠦᠬᠦᠭᠡ ᠨᠢᠭᠡ ᠲᠦᠷᠦᠯ ᠨᠢ ᠰᠢᠩᠭᠡᠨ | ᠲᠥᠯᠥᠪᠲᠦ ᠨᠢᠯᠴᠠᠭᠠᠶ ᠪᠦᠷᠢᠯᠳᠦᠬᠦᠨ ᠪᠤᠯᠤᠨ᠎ᠠ᠂ ᠡᠬᠦᠨ ᠳᠤ ᠭᠤᠤᠯᠳᠠᠭᠤ ᠫᠷᠤᠫᠠᠨᠤᠨ᠂ ᠡᠲ᠋ᠠ ᠬᠦᠴᠢᠯ ᠤᠨ ᠡᠲ᠋ᠢᠯ ᠡᠰᠲ᠋ᠧᠷ᠂ ᠵᠡᠷᠭᠡᠯᠡᠳᠡᠭᠡ ᠪᠧᠨᠽᠧᠨ ᠤ | ᠬᠤᠶᠠᠷ ᠮᠧᠲ᠋ᠢᠯᠳᠦ ᠬᠦᠴᠢᠯ ᠤᠨ ᠡᠰᠲ᠋ᠧᠷ᠂ ᠮᠧᠲ᠋ᠢᠯ ᠠᠯᠳᠧᠭᠢᠳ᠋ ᠵᠡᠷᠭᠡ ᠪᠤᠢ᠂ ᠡᠳᠡᠭᠡᠷ ᠪᠦᠷᠢᠯᠳᠦᠬᠦᠨ ᠨᠢ ᠴᠥᠮ ᠬᠤᠤᠷᠲᠠᠶ ᠪᠤᠳᠠᠰ ᠪᠤᠯᠤᠨ᠎ᠠ᠂ | ᠣᠨᠴᠠᠭᠠᠶᠢᠯᠠᠨ ᠵᠡᠷᠭᠡᠯᠡᠳᠡᠭᠡ ᠪᠧᠨᠽᠧᠨ ᠤ ᠬᠤᠶᠠᠷ ᠮᠧᠲ᠋ᠢᠯᠳᠦ ᠬᠦᠴᠢᠯ ᠤᠨ ᠡᠰᠲ᠋ᠧᠷ ᠪᠠ ᠮᠧᠲ᠋ᠢᠯ ᠠᠯᠳᠧᠭᠢᠳ᠋ ᠨᠢ ᠨᠡᠩ ᠬᠤᠤᠷᠳᠡᠢ ᠶᠤᠮ᠃ | ᠲᠡᠭᠡᠪᠡᠯ᠂ ᠤᠷᠲᠤ ᠬᠤᠭᠤᠴᠠᠭ᠎ᠠ ᠪᠠᠷ ᠬᠢᠮᠤᠰᠤ ᠪᠠᠨ ᠭᠤᠶᠣᠯᠠᠪᠠᠯ ᠥᠮᠡᠨ ᠳᠤ ᠨᠡᠷᠪᠡᠭᠳᠡᠨ᠎ᠡ ᠤᠤ︖ ᠦᠨᠡᠨ ᠳᠡᠭᠡᠨ ᠣᠳᠣᠬᠠᠨ ᠳᠤ ᠡᠭᠦᠨ ᠤ ᠲᠤᠬᠠᠢ | ᠨᠤᠲᠠᠯᠠᠯᠳᠡ ᠪᠠᠶᠢᠬᠤ ᠦᠭᠡᠢ ᠪᠠᠶᠢᠭᠰᠠᠭᠠᠷ᠂ ᠭᠡᠪᠡᠴᠦ ᠮᠠᠰᠢ ᠣᠯᠠᠨ ᠬᠢᠮᠤᠰᠤ ᠭᠤᠶᠣᠯᠠᠬᠤ ᠳᠡᠯᠭᠡᠭᠦᠷ ᠤᠨ ᠬᠡᠷᠡᠭᠯᠡᠵᠦ ᠪᠠᠶᠢᠭ᠎ᠠ ᠬᠢᠮᠤᠰᠤ ᠭᠤᠶᠣᠯᠠᠬᠤ | ᠦᠢᠯᠡᠳᠬᠦᠨ ᠨᠢ ᠴᠥᠮ ᠬᠢᠷᠢ ᠲᠡᠩᠴᠡᠬᠦ ᠦᠭᠡᠢ ᠪᠠᠶᠢᠬᠰᠠᠭᠠᠷ᠂ ᠴᠢᠨᠠᠭᠰᠢᠯᠠᠪᠠᠯ ᠵᠠᠷᠢᠮ ᠴᠢᠨᠠᠷ ᠮᠠᠭᠤᠳᠠᠢ ᠬᠢᠮᠤᠰᠤᠨ ᠪᠤᠳᠤᠭ ᠲᠤᠳᠤᠷ᠎ᠠ ᠠᠭᠤᠯᠤᠬᠳᠠᠵᠤ | ᠪᠠᠶᠢᠭ᠎ᠠ ᠲᠤᠭᠤᠯᠭ᠎ᠠ᠂ ᠠᠷᠰᠧᠨ ᠵᠡᠷᠭᠡ ᠬᠦᠨᠳᠦ ᠲᠡᠮᠦᠷᠯᠢᠭ ᠨᠢ ᠪᠠᠷᠢᠮᠵᠢᠶ᠎ᠠ ᠠᠴᠠ ᠬᠡᠳᠦᠷᠡᠵᠦ ᠪᠠᠶᠢᠨ᠎ᠠ᠃ ᠡᠭᠦᠨ ᠤ ᠳᠣᠲᠣᠷᠠᠬᠢ ᠬᠤᠤᠷᠲᠠᠶ ᠪᠤᠳᠠᠰ ᠨᠢ | ᠬᠠᠤᠷᠠᠶᠢᠳᠠᠨ ᠱᠦᠷᠬᠦᠭᠰᠡᠨ ᠬᠢᠮᠦᠰᠦᠨ ᠵᠠᠪᠰᠠᠷ ᠢᠶᠠᠷ ᠬᠥᠮᠦᠨ ᠤ ᠪᠡᠶ᠎ᠡ ᠳᠤ ᠰᠢᠩᠭᠡᠨ ᠤᠷᠤᠵᠤ᠂ ᠡᠳᠦᠷ ᠤᠳᠠᠪᠠᠯ ᠤᠳᠠᠭᠠᠨ ᠴᠢᠨᠠᠷᠲᠠᠶ ᠬᠤᠤᠷᠳᠠᠭᠳᠠᠬᠤ | ᠰᠢᠨᠵᠢ ᠪᠠᠶᠢᠳᠠᠯ ᠢᠯᠡᠷᠡᠳᠡᠭ᠂ ᠬᠦᠨᠳᠦ ᠦᠶ᠎ᠡ ᠳᠤ ᠡᠮᠡᠭᠳᠡᠶᠢᠴᠤᠳ ᠤᠨ ᠳᠣᠲᠣᠭᠠᠳᠤ ᠱᠦᠬᠦᠷᠡᠯᠳᠡ ᠶᠢᠨ ᠲᠡᠩᠴᠡᠭᠦᠷᠢ ᠶᠢ ᠠᠯᠳᠠᠭᠤᠯᠳᠠᠭ ᠶᠤᠮ᠃ | ᠬᠢᠮᠤᠰᠤᠨ ᠪᠤᠳᠤᠭ ᠲᠤ ᠭᠤᠮ ᠰᠤᠨᠳᠠᠭ ᠲᠠᠰᠤᠷᠠᠳᠠᠭ ᠨᠢ ᠶᠠᠮᠠᠷ ᠤᠴᠢᠷ ᠪᠣᠢ︖ ᠦᠨᠡᠨ ᠳᠡᠭᠡᠨ ᠬᠢᠮᠦᠰᠦᠨ ᠪᠤᠳᠤᠭ ᠪᠣᠯ ᠰᠢᠩᠭᠡᠨ ᠪᠡᠶᠡᠲᠦ ᠪᠦᠷᠢᠯᠳᠦᠬᠦᠨ | ᠪᠤᠯᠬᠤ ᠶᠤᠮ᠂ ᠡᠭᠦᠨ ᠳᠤ ᠭᠤᠤᠯᠳᠠᠭᠤ ᠫᠷᠤᠫᠠᠨᠤᠨ᠂ ᠡᠲ᠋ᠠ ᠬᠦᠴᠢᠯ ᠤᠨ ᠡᠲ᠋ᠢᠯ ᠡᠰᠲ᠋ᠧᠷ᠂ ᠵᠡᠷᠭᠡᠯᠡᠳᠡᠭᠡ ᠪᠧᠨᠽᠧᠨ ᠤ ᠬᠤᠶᠠᠷ ᠮᠧᠲ᠋ᠢᠯᠲᠦ ᠬᠦᠴᠢᠯ ᠤᠨ | ᠡᠰᠲ᠋ᠧᠷ᠂ ᠮᠧᠲ᠋ᠢᠯ ᠠᠯᠳᠧᠭᠢᠳ᠋ ᠵᠡᠷᠭᠡ ᠪᠤᠢ᠃ ᠡᠳᠡᠭᠡᠷ ᠪᠦᠷᠢᠯᠳᠦᠬᠦᠨ ᠨᠢ ᠭᠤᠮ ᠰᠤᠨᠳᠠᠭ ᠢ ᠢᠳᠡᠭᠳᠡᠭᠦᠯᠳᠡᠭ᠂ ᠲᠡᠭᠦᠨ ᠤ ᠤᠭ ᠶᠣᠰᠣ ᠨᠢ ︽ᠠᠳᠠᠯᠢᠪᠲᠤᠷ | ᠶᠠᠭᠤᠮ᠎ᠠ ᠶᠢ ᠬᠠᠷᠢᠯᠴᠠᠨ ᠠᠭᠤᠰᠬᠠᠬᠤ ᠤᠭ ᠶᠣᠰᠣ︾ ᠪᠣᠯᠬᠤᠷ ᠭᠤᠮ ᠰᠤᠨᠳᠠᠭ ᠲᠠᠰᠤᠷᠠᠵᠤ ᠪᠠᠶᠢᠳᠠᠭ᠂ ᠡᠬᠦᠨ ᠲᠠᠢ ᠠᠳᠠᠯᠢᠪᠲᠤᠷ ᠬᠢᠮᠤᠰᠤᠨ ᠪᠤᠳᠤᠭ ᠨᠢ | ᠬᠥᠭᠡᠰᠦᠷᠬᠡᠭ ᠬᠠᠪᠲᠠᠰᠤ ᠶᠢ ᠢᠳᠡᠭᠳᠡᠭᠦᠯᠳᠡᠭ᠂ ᠡᠨᠡ ᠨᠢ ᠮᠥᠨ ᠴᠦ ᠡᠨᠡᠬᠦ ᠤᠭ ᠶᠣᠰᠣ ᠪᠣᠯᠤᠨ᠎ᠠ᠃ | ᠦᠷᠬᠦᠯᠵᠢ ᠬᠢᠮᠤᠰᠤ ᠪᠠᠨ ᠭᠤᠶᠣᠯᠠᠪᠠᠯ ᠬᠢᠮᠤᠰᠤ ᠴᠢᠨᠢ ᠵᠥᠭᠡᠯᠡᠷᠡᠵᠦ ᠨᠢᠮᠭᠡᠨ ᠪᠣᠯᠳᠠᠭ᠂ ᠬᠢᠮᠤᠰᠤ ᠶᠢ ᠴᠢᠨᠢ ᠭᠤᠶᠣᠯᠠᠬᠤ ᠠᠴᠠ ᠡᠮᠦᠨ᠎ᠡ ᠬᠢᠮᠤᠰᠤ | ᠭᠤᠶᠣᠯᠠᠭᠴᠢ ᠬᠢᠮᠤᠰᠤᠨ ᠤ ᠴᠢᠨᠢ ᠦᠡᠭᠭᠡᠨ ᠲᠠᠯ᠎ᠠ ᠶᠢ ᠬᠠᠤᠷᠠᠶᠢᠳᠠᠨ ᠱᠦᠷᠬᠦᠵᠦ ᠪᠠᠶᠢᠳᠠᠭ᠂ ᠢᠩᠭᠢᠵᠦ ᠵᠠᠰᠠᠬᠤ ᠶᠢᠨ ᠰᠢᠯᠲᠠᠭᠠᠨ ᠨᠢ ᠬᠢᠮᠤᠰᠤᠨ ᠤ ᠦᠡᠭᠭᠡᠨ ᠲᠠᠯ᠎ᠠ | ᠶᠢ ᠨᠠᠩ ᠭᠥᠯᠢᠭᠡᠷ ᠪᠣᠯᠭᠠᠵᠤ᠂ ᠬᠢᠮᠤᠰᠤᠨ ᠪᠤᠳᠤᠭ ᠬᠠᠲᠠᠭᠰᠠᠨ ᠤ ᠳᠠᠷᠠᠭ᠎ᠠ ᠨᠠᠩ ᠪᠠᠲᠤ ᠪᠠᠬᠢ ᠨᠠᠭᠠᠯᠳᠤᠳᠠᠭ ᠠᠴᠠ ᠪᠤᠯᠵᠠᠢ᠃ ᠭᠡᠳᠡᠯ᠎ᠡ ᠪᠠᠶᠢᠨ ᠳᠠᠬᠢᠨ | ᠬᠢᠮᠤᠰᠤᠨ ᠪᠤᠳᠤᠭ ᠢᠶᠠᠨ ᠵᠦᠯᠭᠦᠨ ᠤᠨᠠᠭᠠᠵᠤ ᠬᠠᠤᠷᠠᠶᠢᠳᠠᠵᠤ ᠱᠦᠷᠬᠦᠬᠦ ᠨᠢ ᠬᠢᠮᠦᠰᠦᠨ ᠤ ᠦᠡᠭᠭᠡᠨ ᠲᠠᠯ᠎ᠠ ᠶᠢᠨ ᠬᠠᠮᠠᠭᠠᠯᠠᠯᠲᠠ ᠶᠢᠨ ᠳᠠᠪᠬᠤᠷᠭ᠎ᠠ ᠶᠢ | ᠡᠪᠳᠡᠳᠡᠭ᠃ ᠡᠶᠢᠮᠦ ᠠᠴᠠ ᠬᠢᠮᠤᠰᠤ ᠴᠢᠨᠢ ᠵᠦᠭᠡᠯᠡᠷᠡᠨ ᠨᠢᠮᠭᠡᠷᠡᠭᠦ ᠪᠠ ᠬᠠᠭᠠᠷᠠᠵᠤ᠂ ᠴᠢᠨᠠᠭᠰᠢᠯᠠᠪᠠᠯ ᠶᠠᠭᠤᠮᠠᠨ ᠳᠤ ᠮᠦᠷᠬᠦᠪᠡᠯ ᠬᠠᠭᠠᠷᠠᠵᠤ᠂ ᠬᠦᠨᠳᠦ ᠦᠶ᠎ᠡ ᠳᠤ | ᠪᠠᠰᠠ ᠬᠢᠮᠤᠰᠤᠨ ᠵᠠᠪᠰᠠᠷ ᠤᠨ ᠦᠷᠪᠢᠰᠦᠯ ᠵᠡᠷᠭᠡ ᠡᠪᠡᠳᠴᠢᠨ ᠢ ᠤᠯᠵᠤ ᠮᠡᠳᠡᠨ᠎ᠡ᠃ ᠲᠡᠷᠡᠴᠢᠯᠡᠨ ᠬᠢᠮᠤᠰᠤ ᠭᠤᠶᠣᠯᠠᠬᠤ ᠪᠠᠭᠠᠵᠢ ᠳᠤ ᠡᠳᠦᠷ ᠲᠡᠳᠦᠢ | ᠮᠦᠬᠦᠨᠴᠢᠷ ᠬᠦᠬᠡᠴᠦ ᠨᠠᠭᠠᠯᠳᠤᠵᠤ ᠪᠠᠶᠢᠵᠤ ᠮᠠᠭᠠᠳ ᠦᠭᠡᠢ᠂ ᠡᠶᠢᠮᠦ ᠠᠴᠠ ᠠᠮᠠᠷᠬᠠᠨ ᠬᠢᠮᠤᠰᠤᠨ ᠡᠪᠡᠳᠴᠢᠨ ᠳᠤ ᠬᠠᠯᠳᠠᠪᠤᠷᠢᠯᠠᠬᠳᠠᠵᠤ ᠮᠡᠳᠡᠨ᠎ᠡ᠃ | | |