ᠡᠸ᠋ᠨᠩᠬᠢ ᠶᠢᠨ ᠳ᠋ᠧᠷᠡᠩ ᠠᠶᠢᠮᠠᠭ ᠲᠤ ᠬᠦᠷᠴᠦ ᠡᠸ᠋ᠨᠩᠬᠢ ᠶᠢᠨ ᠳᠠᠯ᠎ᠠ ᠨᠣᠲᠤᠭ ᠤᠨ ᠣᠵᠣᠭᠠᠷ ᠡᠷᠳᠡᠨ ᠤ ᠠᠮᠢᠳᠣᠷᠠᠯ ᠢ ᠪᠡᠶ᠎ᠡ ᠪᠠᠷ ᠢᠶᠠᠨ ᠣᠶᠢᠯᠠᠭᠠᠵᠣ ᠪᠣᠯᠣᠨ᠎ᠠ | ᠃ ᠬᠤᠰᠢᠭᠤᠨ ᠤ ᠪᠠᠶᠢᠭ᠎ᠠ ᠭᠠᠵᠠᠷ ᠠᠴᠠ 136 ᠺᠢᠯᠣᠮᠧᠲᠷ ᠵᠠᠢ ᠲᠠᠢ ᠲᠠᠯ᠎ᠠ ᠨᠣᠲᠤᠭ ᠤᠨ ᠬᠦᠨ᠎ᠡ ᠪᠠᠯᠠᠷ ᠣᠶᠢᠳᠣ ᠭᠠᠵᠠᠷ ᠲᠤ ᠪᠠᠶᠢᠷᠢᠯᠠᠵᠣ ᠪᠣᠢ᠃ ᠬᠤᠢ ᠭᠤᠣᠯ | ᠤᠨ ᠰᠠᠪᠠ ᠭᠠᠵᠠᠷ ᠪᠣᠯ ᠡᠸ᠋ᠨᠩᠬᠢ ᠦᠨᠳᠦᠰᠦᠲᠡᠨ ᠲᠦᠪᠯᠡᠷᠡᠨ ᠰᠠᠭᠤᠷᠢᠰᠢᠭᠰᠠᠨ ᠭᠠᠵᠠᠷ ᠣᠷᠣᠨ ᠪᠠᠶᠢᠵᠣ᠂ ᠮᠠᠰᠢ ᠬᠦᠨ ᠵᠣᠵᠠᠭᠠᠨ ᠦᠨᠳᠦᠰᠦᠲᠡᠨ ᠤ ᠵᠠᠩ ᠦᠢᠯᠡ | ᠪᠣᠯᠣᠨ ᠰᠣᠶᠣᠯ ᠤᠨ ᠨᠠᠷᠢᠨ ᠠᠭᠤᠯᠠᠬᠤᠨ᠂ ᠳ᠋ᠧᠷᠡᠩ ᠤᠨ ᠵᠣᠰᠠᠯᠠᠩ ᠨᠢ ᠣᠷᠳᠣ ᠣᠳᠠᠭᠠᠨ ᠵᠢᠯ ᠤᠨ ᠲᠣᠷᠰᠢ ᠡᠸ᠋ᠨᠩᠬᠢ ᠦᠨᠳᠦᠰᠦᠲᠡᠨ ᠤ ᠮᠠᠯᠴᠢᠳ ᠤᠨ | ᠠᠶᠠᠨᠳᠠᠭᠠᠨ ᠪᠦᠷᠢᠯᠳᠦᠭᠰᠡᠨ ᠲᠠᠯ᠎ᠠ ᠨᠣᠲᠤᠭ ᠤᠨ ᠠᠶᠢᠮᠠᠭ ᠪᠣᠯᠣᠨ᠎ᠠ᠃ ᠬᠠᠪᠣᠷ ᠤᠨ ᠣᠯᠠᠷᠢᠯ ᠤᠨ ᠡᠪᠡᠰᠦ ᠨᠣᠭᠤᠭ᠎ᠠ ᠣᠷᠭᠤᠵᠣ ᠬᠦᠬᠡᠷᠡᠬᠦ ᠦᠶ᠎ᠡ ᠳᠤ᠂ ᠬᠤᠢ | ᠭᠠᠵᠠᠷ ᠤᠨ ᠮᠠᠯᠴᠢᠳ ᠦᠭᠡᠷ ᠬᠤᠨᠢ ᠪᠠᠨ ᠲᠣᠭᠤᠵᠣ ᠦᠩ ᠰᠢᠮᠢᠯᠢᠭ ᠡᠪᠡᠰᠦ ᠪᠡᠯᠴᠢᠭᠡᠷ ᠲᠠᠢ ᠪᠣᠯᠬᠤ ᠳ᠋ᠧᠷᠡᠩ ᠤᠨ ᠵᠣᠰᠠᠯᠠᠩ ᠳᠤ ᠬᠦᠷᠴᠦ᠂ ᠡᠸ᠋ᠨᠩᠬᠢ | ᠦᠨᠳᠦᠰᠦᠲᠡᠨ ᠳᠤ ᠣᠨᠴᠠ ᠪᠠᠶᠢᠳᠠᠭ ᠪᠣᠷᠭᠠᠰᠣᠨ ᠮᠣᠩᠭᠤᠯ ᠭᠡᠷ ᠢᠶᠠᠨ ᠪᠣᠰᠬᠠᠵᠣ᠂ ᠵᠣᠨ ᠤ ᠣᠯᠠᠷᠢᠯ ᠤᠨ ᠮᠠᠯᠵᠢᠬᠤ ᠦᠢᠯᠡᠳᠪᠦᠷᠢᠯᠡᠯ ᠤᠨ ᠠᠵᠢᠯᠯᠠᠭ᠎ᠠ ᠪᠠᠨ | ᠡᠬᠢᠯᠡᠭᠦᠯᠳᠡᠭ᠃ 100 ᠭᠠᠷᠣᠢ ᠰᠠᠭᠤᠷᠢ ᠮᠣᠩᠭᠤᠯ ᠭᠡᠷ ᠢᠶᠠᠨ ᠬᠢᠳᠠᠳ ᠦᠰᠦᠭ ᠤᠨ ᠨᠢᠭᠡ ᠦᠰᠦᠭ ᠤᠨ ᠬᠡᠯᠪᠡᠷᠢ ᠪᠠᠷ ᠵᠢᠬᠰᠠᠭᠠᠨ ᠪᠠᠷᠢᠬᠤ ᠨᠢ ᠮᠠᠰᠢ ᠰᠦᠷᠯᠢᠭ | ᠰᠠᠶᠢᠬᠠᠨ ᠪᠦᠭᠡᠳ᠂ ᠠᠬᠳᠠ ᠬᠦᠯᠦᠭ ᠳᠣᠪᠳᠣᠯᠣᠨ᠂ ᠦᠬᠡᠷ ᠬᠤᠨᠢᠳ ᠳᠠᠷᠬᠠᠨ ᠪᠡᠯᠴᠢᠭᠰᠡᠨ ᠨᠢᠬᠡᠨ ᠣᠵᠣᠭᠤᠷ ᠡᠷᠳᠡ ᠪᠣᠯᠣᠨ ᠣᠳᠣ ᠦᠶ᠎ᠡ ᠶᠢᠨ ᠪᠣᠯᠪᠠᠰᠣᠨ ᠢ | ᠠᠭᠤᠰᠣᠯᠴᠠᠭᠤᠯᠣᠭᠰᠠᠨ ᠦᠩᠭᠡ ᠦᠵᠡᠮᠵᠢ ᠨᠢ ᠣᠯᠬᠤᠶ᠎ᠠ ᠪᠡᠷᠭᠡ ᠠᠯᠢ ᠡᠷᠳᠡᠨ ᠤ ᠲᠠᠯ᠎ᠠ ᠨᠣᠲᠤᠭ ᠤᠨ ᠣᠣᠭᠠᠯ ᠠᠮᠢ ᠠᠬᠤᠢ ᠶᠢᠨ ᠠᠮᠢᠳᠣᠷᠠᠯ ᠤᠨ ᠪᠠᠶᠢᠳᠠᠯ ᠢ | ᠬᠦᠮᠦᠰ ᠲᠤ ᠭᠠᠶᠢᠬᠠᠭᠤᠯᠵᠣ ᠪᠠᠶᠢᠳᠠᠭ᠃ ᠳ᠋ᠧᠷᠡᠩ ᠵᠣᠰᠠᠯᠠᠩ ᠳᠤ ᠣᠴᠢᠪᠠᠯ᠂ ᠮᠠᠯᠴᠢᠳ ᠤᠨ ᠦᠢᠯᠡᠳᠪᠦᠷᠢᠯᠡᠯ ᠠᠮᠢᠳᠣᠷᠠᠯ ᠳᠤ ᠪᠡᠶ᠎ᠡ ᠪᠠᠷ ᠢᠶᠠᠨ ᠣᠷᠣᠯᠴᠠᠵᠣ | ᠪᠣᠯᠣᠨ᠎ᠠ᠂ ᠦᠨᠢᠶ᠎ᠡ ᠰᠠᠭᠠᠬᠤ᠂ ᠠᠷᠭᠠᠯ ᠲᠡᠭᠦᠬᠦ᠂ ᠮᠣᠷᠢ ᠣᠨᠣᠵᠣ ᠮᠠᠯ ᠬᠠᠷᠢᠭᠤᠯᠬᠤ᠂ ᠮᠢᠷᠭᠠᠨ ᠲᠡᠷᠭᠡᠨ ᠳᠤ ᠰᠠᠭᠤᠵᠣ ᠠᠶᠢᠯᠠᠴᠢᠯᠠᠬᠤ᠂ ᠦᠪᠡᠷ ᠢᠶᠠᠨ ᠬᠢᠭᠰᠡᠨ | ᠴᠠᠭᠠᠨ ᠢᠳᠡᠭᠡ ᠠᠴᠠ ᠠᠮᠳᠠᠯᠠᠵᠣ᠂ ᠡᠸ᠋ᠨᠩᠬᠢ ᠦᠨᠳᠦᠰᠦᠲᠡᠨ ᠤ ᠮᠣᠩᠭᠤᠯ ᠭᠡᠷ ᠢ ᠪᠠᠷᠢᠵᠣ ᠬᠤᠨᠣᠵᠣ ᠬᠡᠪᠳᠡᠬᠦ᠂ ᠮᠠᠯᠴᠢᠳ ᠲᠠᠢ ᠬᠠᠮᠳᠣ ᠳᠠᠭᠤᠣ ᠪᠦᠵᠢᠭ | ᠰᠣᠨᠢᠷᠬᠠᠵᠣ᠂ ᠪᠠᠰᠠ ᠡᠸ᠋ᠩᠬᠢ ᠶᠢᠨ ᠣᠯᠠᠮᠵᠢᠯᠠᠯᠲᠣ ︽ᠴᠦ᠋ ᠪᠣᠯᠢᠶᠠᠯᠳᠣᠬᠤ︾ ᠣᠷᠣᠯᠳᠣᠭᠠᠨ᠂ ︽ᠮᠦᠩᠬᠦᠨ ᠠᠶᠠᠭ᠎ᠠ︾ ᠪᠣᠯᠢᠶᠠᠬᠤ ᠣᠷᠣᠯᠳᠣᠭᠠᠨ ᠳᠤ | ᠣᠷᠣᠯᠴᠠᠵᠣ ᠪᠣᠯᠣᠨ᠎ᠠ᠂ ᠪᠠᠰᠠ ᠬᠤᠨᠢ ᠠᠯᠠᠬᠤ ᠦᠵᠡᠭᠦᠯᠦᠯᠭᠡ᠂ ᠮᠣᠷᠢᠨ ᠮᠡᠷᠭᠡᠵᠢᠯ ᠤᠨ ᠦᠵᠡᠭᠦᠯᠦᠯᠭᠡ ᠶᠢ ᠰᠣᠨᠢᠷᠬᠠᠵᠣ᠂ ᠣᠣᠯ ᠤᠨ ᠦᠨᠦᠷ ᠠᠮᠳᠠ ᠲᠠᠢ | ᠰᠢᠷᠠᠭᠰᠠᠨ ᠪᠦᠬᠦᠯᠢ ᠬᠤᠨᠢᠨ ᠤ ᠮᠢᠬ᠎ᠠ ᠠᠴᠠ ᠠᠮᠳᠠᠯᠠᠵᠣ ᠪᠣᠯᠣᠨ᠎ᠠ᠃ ᠮᠦᠨᠴᠦ ᠣᠯᠣᠰ ᠤᠨ ᠳᠡᠰ ᠤᠨ ᠪᠠᠶᠢᠭᠠᠯᠢ ᠶᠢᠨ ᠬᠠᠮᠠᠭᠠᠯᠠᠯᠲᠠ ᠶᠢᠨ ᠣᠷᠣᠨ ᠪᠣᠯᠬᠤ ᠬᠤᠢ | ᠭᠤᠣᠯ ᠤᠨ ᠨᠣᠭᠤ ᠭᠠᠵᠠᠷ ᠤᠨ ᠦᠩᠭᠡ ᠦᠵᠡᠮᠵᠢ ᠶᠢ ᠦᠵᠡᠵᠦ ᠰᠣᠨᠢᠷᠬᠠᠵᠣ ᠪᠣᠯᠣᠨ᠎ᠠ᠃ | |